ᠡᠷᠬᠢᠮᠲᠣᠬᠲᠠᠬᠤ | | | ᠦᠷ ᠢᠶᠠᠷ ᠲᠠᠷᠬᠢᠯᠤᠬᠰᠠᠨ ᠡᠷᠳᠡ ᠶᠢᠨ ᠴᠠᠢ — ᠰᠢᠨ᠎ᠡ ᠶᠢᠨ ᠴᠠᠢ | ᠦᠩᠭᠡ ᠨᠢ ᠰᠢᠷᠭᠠᠯ ᠰᠦ ᠬᠠᠩᠬᠤᠯᠤᠬᠰᠠᠨ ᠵᠢᠯ ᠤᠨ ᠴᠠᠢ | ᠦᠷᠦᠬᠡ ᠲᠦᠬᠦᠷᠡᠩ ᠭᠡᠷᠡᠯ ᠠᠰᠬᠠᠬᠰᠠᠨ ᠵᠢᠷᠭᠠᠯ ᠤᠨ ᠴᠠᠢ | ᠦᠯ ᠪᠣᠭᠤᠷᠣᠯ ᠤᠨ ᠢᠷᠦᠭᠡᠯ ᠪᠢᠯᠬᠠᠬᠰᠠᠨ ᠬᠠᠶᠢᠷ᠎ᠠ ᠶᠢᠨ ᠴᠠᠢ | | | ᠰᠠᠶᠢᠨ ᠰᠢᠨᠡᠯᠡᠪᠡᠦ ᠭᠡᠲᠡᠭ ᠠᠮᠣᠷ ᠠᠮᠣᠭᠤᠯᠠᠩ ᠡᠷᠢᠭᠰᠡᠨ ᠴᠠᠢ | ᠰᠠᠶᠢᠬᠠᠨ ᠪᠠᠶᠢᠨ᠎ᠠ ᠭᠡᠲᠡᠭ ᠦᠯᠵᠡᠢ ᠰᠣᠪᠢᠩ ᠲᠠᠲᠠᠬᠰᠠᠨ ᠴᠠᠢ | ᠰᠠᠶ᠎ᠠ ᠲᠦᠮᠡᠨ ᠤ ᠬᠦᠰᠡᠯ ᠮᠦᠷᠦᠭᠡᠰᠦᠯ ᠢ ᠲᠠᠯᠠᠯᠣᠬᠰᠨᠨ ᠴᠠᠢ | ᠰᠠᠲᠣᠨ ᠲᠦᠷᠦᠯ ᠤᠨ ᠡᠪ ᠨᠠᠶᠢᠷ ᠢ ᠵᠦᠩᠨᠡᠭᠰᠡᠨ ᠴᠠᠢ | | | ᠭᠠᠵᠠᠷ ᠲᠡᠭᠷᠢ ᠳᠡᠭᠡᠨ ᠢᠲᠡᠮᠯᠡᠨ ᠡᠷᠬᠦᠭᠰᠡᠨ ᠴᠠᠢ | ᠬᠡᠶᠢᠴᠢᠨ ᠵᠣᠴᠢᠨ ᠳᠠᠭᠠᠨ ᠰᠦᠬᠦᠷᠡᠨ ᠪᠠᠷᠢᠬᠰᠠᠨ ᠰᠡᠳᠬᠢᠯ ᠤᠨ ᠴᠠᠢ | ᠠᠮᠢᠲᠣᠷᠠᠯ ᠦᠢᠯᠡᠰ ᠤᠨ ᠲᠦᠷᠦᠭᠡ ᠴᠢᠩᠭᠠᠯᠠᠬᠰᠠᠨ ᠰᠦᠨ ᠴᠠᠢ | ᠠᠶᠠᠨ ᠤ ᠵᠦᠷᠢᠭ ᠢ ᠦᠭᠡᠲᠡ ᠪᠠᠨ ᠵᠢᠭᠠᠬᠰᠠᠨ ᠨᠠᠷᠠᠨ ᠤ ᠴᠠᠢ | | | ᠶᠡᠭᠡ ᠡᠷᠳᠡ ᠶᠢᠨ ᠲᠣᠮᠤᠬ ᠬᠠᠭᠤᠴᠢᠯᠠᠬᠰᠠᠨ ᠨᠣᠲᠤᠬ ᠤᠨ ᠴᠠᠢ | ᠵᠢᠷᠲᠢᠨᠴᠦ ᠶᠢᠨ ᠲᠡᠦᠬᠡ ᠶᠢ ᠮᠣᠩᠭᠤᠯ ᠢᠶᠠᠷ ᠦᠴᠢᠭᠰᠡᠨ ᠠᠷᠢᠭᠤᠨ ᠴᠠᠢ | ᠶᠣᠰᠣ ᠭᠤᠷᠢᠮ ᠢ ᠵᠦᠪ ᠡᠷᠬᠢᠵᠦ ᠠᠶᠠᠭᠠᠯᠠᠬᠰᠠᠨ ᠴᠠᠢ | ᠢᠷᠠᠭᠤ ᠪᠠᠶᠠᠰᠬᠤᠯᠠᠩ ᠢ ᠬᠦᠰᠡᠨ ᠬᠦᠯᠢᠶᠡᠵᠦ ᠠᠲᠢᠰᠯᠠᠬᠰᠠᠨ ᠴᠠᠢ | | | ᠨᠠᠷᠠᠨ ᠵᠦᠭ ᠰᠡᠷᠵᠢᠮᠯᠡᠨ ᠠᠮᠰᠠᠬᠰᠠᠨ ᠦᠷᠯᠦᠭᠡ ᠶᠢᠨ ᠴᠠᠢ | ᠨᠠᠰᠣ ᠵᠢᠯ ᠤᠨ ᠦᠯᠵᠡᠢ ᠬᠡᠶᠢᠮᠦᠷᠢ ᠶᠢ ᠪᠡᠯᠭᠡᠲᠡᠭᠰᠡᠨ ᠴᠠᠢ | ᠨᠠᠶᠢᠷᠠᠬ ᠲᠠᠭᠤᠣ ᠶᠢᠨ ᠣᠶᠠᠩᠭ᠎ᠠ ᠴᠠᠯᠬᠢᠬᠰᠠᠨ ᠪᠠᠶᠠᠷ ᠤᠨ ᠴᠠᠢ | ᠨᠠᠶᠢᠷ ᠬᠦᠷ ᠤᠨ ᠬᠦᠭ ᠵᠠᠯᠭᠠᠬᠰᠠᠨ ᠪᠡᠯᠭᠡ ᠲᠠᠢ ᠴᠠᠢ | | | ᠰᠢᠨ᠎ᠡ ᠶᠢᠨ ᠴᠠᠢ — ᠰᠡᠳᠬᠢᠯ ᠰᠦ ᠬᠤᠶᠠᠷ ᠢᠢᠡᠷ ᠰᠦᠯᠡᠭᠰᠡᠨ ᠴᠠᠢ | ᠰᠢᠨ᠎ᠡ ᠶᠢᠨ ᠴᠠᠢ — ᠰᠠᠶᠢᠨ ᠰᠠᠶᠢᠬᠠᠨ ᠬᠤᠶᠠᠷ ᠢᠢᠡᠷ ᠨᠠᠶᠢᠷᠠᠬᠰᠠᠨ ᠴᠠᠢ | ᠰᠢᠨ᠎ᠡ ᠶᠢᠨ ᠴᠠᠢ — ᠪᠠᠶᠠᠷ ᠵᠢᠷᠭᠠᠯ ᠠᠩᠬᠢᠯᠣᠬᠰᠠᠨ ᠴᠠᠢ | ᠰᠢᠨ᠎ᠡ ᠶᠢᠨ ᠴᠠᠢ — ᠪᠣᠶᠠᠨ ᠬᠡᠰᠢᠭ ᠬᠤᠶᠠᠷ ᠮᠡᠯᠮᠡᠷᠡᠭᠰᠡᠨ ᠴᠠᠢ | |