ᠷ᠊ · ᠲᠦᠮᠬᠠᠦ᠋ᠯᠵᠡᠢ | | | ᠠᠯᠳᠠ ᠲᠤᠷᠭᠠᠨ ᠬᠠᠳᠠᠭ ᠢᠶᠠᠨ ᠡᠷᠭᠦᠵᠤ | ᠠᠪᠤ ᠡᠵᠢ ᠶᠢᠨ ᠢᠶᠠᠨ ᠠᠮᠣᠷ ᠢ ᠡᠷᠢᠨ | ᠠᠮᠲᠠᠲᠤ ᠰᠠᠷᠬᠤᠳ ᠲᠠᠢ ᠬᠤᠨᠳᠠᠭ᠎ᠠ ᠮᠡᠯᠮᠡᠯᠵᠡᠬᠦᠯᠦᠨ | ᠠᠨᠳᠠ ᠨᠥᠬᠦᠳ ᠤᠨ ᠢᠶᠠᠨ ᠮᠡᠨᠳᠥ ᠶᠢ ᠵᠦᠩᠨᠡᠭᠡᠳ | | | ᠠᠷᠭᠠᠯ ᠤᠨ ᠭᠠᠯ ᠨᠢ ᠮᠥᠩᠬᠡ ᠠᠰᠠᠬᠤ | ᠵᠢᠷᠭᠠᠯ ᠤᠨ ᠳᠡᠭᠡᠳᠥ ᠬᠥᠳᠡᠭᠡ ᠭᠡᠷ ᠲᠡᠭᠡᠨ | ᠠᠳᠤᠭᠤ ᠮᠠᠯ ᠤᠨ ᠢᠶᠠᠨ ᠪᠠᠷ᠎ᠠ ᠶᠢ ᠬᠠᠷᠠᠭᠠᠳ | ᠠᠮᠤᠷ ᠠᠮᠤᠭᠤᠯᠠᠩ ᠰᠢᠨᠡᠯᠡᠬᠦ ᠰᠠᠶᠢᠬᠠᠨ | | | ᠡᠬᠡᠰᠢᠭ ᠳᠠᠭᠤᠤ ᠶᠢᠨ ᠴᠡᠯᠡᠭᠡᠷ ᠬᠠᠷᠭᠤᠢ ᠪᠠᠷ | ᠡᠴᠢᠬᠦ ᠵᠢᠯ ᠢᠶᠠᠨ ᠥᠳᠡᠨ ᠮᠣᠷᠳᠠᠭᠤᠯᠵᠤ | ᠡᠩᠬᠡ ᠲᠠᠶᠢᠪᠥᠩ ᠤᠨ ᠴᠡᠩᠬᠡᠷ ᠢᠷᠭᠤᠢ ᠪᠠᠷ | ᠢᠷᠡᠬᠦ ᠤᠨ ᠲᠠᠢ ᠪᠠᠨ ᠤᠭᠲᠤᠨ ᠵᠤᠯᠭᠠᠵᠤ | | | ᠵᠤᠯ ᠪᠠᠶᠠᠷ ᠤᠨ ᠪᠠᠳᠮ᠎ᠠ ᠳᠡᠯᠭᠡᠷᠡᠬᠦ | ᠵᠣᠯᠠ ᠶᠤᠭᠠᠨ ᠡᠷᠲᠡ ᠮᠠᠨᠳᠤᠭᠤᠯᠵᠤ | ᠵᠢᠷᠦᠬᠠᠢ ᠶᠢᠨ ᠨᠢᠭᠤᠴᠠ ᠰᠢᠨᠵᠢ ᠳᠣᠳᠣᠷᠠᠭᠰᠠᠨ | ᠵᠥᠭ ᠤᠨ ᠰᠠᠶᠢᠨ ᠳᠤ ᠮᠥᠷ ᠭᠠᠷᠭᠠᠭᠠᠳ | | | ᠠᠮᠠᠨ ᠪᠡᠯᠭᠡ ᠪᠠᠷ ᠠᠰᠢᠳᠠ ᠵᠢᠷᠭᠠᠬᠤ | ᠠᠷᠢᠭᠤᠨ ᠤ ᠳᠡᠭᠡᠳᠥ ᠬᠥᠳᠡᠭᠡ ᠭᠡᠷ ᠲᠡᠭᠡᠨ | ᠴᠡᠪᠡᠷ ᠲᠤᠩᠭᠠᠯᠠᠭ ᠠᠭᠠᠷ ᠢᠶᠠᠷ ᠠᠮᠢᠰᠬᠤᠵᠤ | ᠴᠡᠭᠡᠵᠢ ᠲᠡᠨᠢᠬᠦᠨ ᠰᠢᠨᠡᠯᠡᠬᠦ ᠰᠠᠶᠢᠬᠠᠨ | | | ᠵᠢᠯᠤᠭᠤ ᠪᠠᠨ ᠪᠤᠯᠢᠶᠠᠭᠰᠠᠨ ᠠᠭᠰᠤᠮ ᠬᠥᠯᠥᠭ ᠢᠶᠠᠷ | ᠵᠢᠪᠠᠷ ᠳᠠᠲᠠᠭᠤᠯᠤᠨ ᠭᠥᠭᠰᠡᠨ ᠳᠠᠪᠬᠢᠵᠤ | ᠵᠢᠯ ᠤᠨ ᠠᠩᠬᠠᠨ ᠤ ᠠᠯᠲᠠᠨ ᠥᠷᠯᠥᠭᠡ ᠪᠠᠷ | ᠵᠢᠰᠥ ᠥᠩᠭᠡ ᠪᠠᠨ ᠭᠡᠶᠢᠭᠦᠯᠥᠨ ᠰᠠᠴᠤᠷᠠᠭᠤᠯᠵᠤ | | | ᠰᠠᠭᠠᠬᠠᠯᠲᠠ ᠰᠠᠳᠤᠨ ᠤ ᠳᠠᠭᠠᠨ ᠠᠶᠢᠯᠴᠢᠯᠠᠨ ᠬᠥᠷᠥᠭᠡᠳ | ᠰᠠᠷ᠎ᠠ ᠰᠢᠨ᠎ᠡ ᠶᠢᠨ ᠮᠡᠨᠳᠥ ᠪᠠᠨ ᠳᠡᠪᠰᠢᠭᠦᠯᠳᠡᠭ | ᠴᠠᠰᠤᠲᠤ ᠮᠥᠩᠭᠦᠨ ᠬᠥᠳᠡᠭᠡ ᠭᠡᠷ ᠲᠡᠭᠡᠨ | ᠴᠠᠭᠠᠯᠠᠬᠤ ᠶᠢᠨ ᠵᠢᠷᠭᠠᠯ ᠶᠤᠰᠤᠲᠠᠢ ᠰᠠᠶᠢᠬᠠᠨ | |