ᠤᠰᠤᠨ ᠤ ︽ᠤᠬᠠᠭᠠᠨ︾
ᠨᠡᠶᠢᠲᠡᠯᠡᠭᠰᠡᠨ ᠴᠠᠭ᠄
2025/2/18
      ᠤᠰᠤᠨ ᠤ ᠡᠬᠢ ᠪᠠᠶᠠᠯᠢᠭ ᠢ ᠬᠠᠮᠠᠭᠠᠯᠠᠬᠤ ᠨᠢ ᠠᠮᠢ ᠨᠠᠰᠤ ᠪᠠᠨ ᠬᠠᠮᠠᠭᠠᠯᠠᠬᠤ ᠶᠢᠨ ᠲᠥᠯᠥᠭᠡ ᠶᠤᠮ᠂ ᠨᠡᠩ ᠴᠤ ᠪᠣᠯᠪᠠᠰᠤᠨ ᠢ ᠬᠠᠮᠠᠭᠠᠯᠠᠨ ᠤᠯᠠᠮᠵᠢᠯᠠᠬᠤ ᠶᠢᠨ ᠲᠥᠯᠥᠭᠡ ᠶᠦᠮ       ᠤᠰᠤ — ᠠᠮᠢ ᠨᠠᠰᠤᠨ ᠤ ᠡᠬᠢ ᠰᠤᠷᠪᠤᠯᠵᠢ᠃ ᠳᠠᠩ ᠡᠰᠲᠦ ᠠᠮᠢᠳᠤ ᠪᠣᠳᠠᠰ ᠠᠴᠠ ᠬᠥᠮᠦᠨ ᠲᠥᠷᠥᠯᠬᠢᠲᠡᠨ ᠤ ᠪᠣᠯᠪᠠᠰᠤᠨ ᠬᠦᠷᠳᠡᠯ᠎ᠡ ᠤᠰᠤ ᠢᠮᠠᠭᠲᠠ ᠠᠮᠢ ᠨᠠᠰᠤᠨ ᠤ ᠣᠷᠣᠰᠢᠯ ᠪᠠ ᠦᠷᠭᠦᠯᠵᠢᠯᠡᠯ ᠤᠨ ᠦᠨᠳᠦᠰᠦ ᠪᠣᠯᠤᠭᠰᠠᠭᠠᠷ ᠢᠷᠡᠵᠡᠢ᠃ ᠤᠰᠤ ᠪᠦᠮᠪᠦᠷᠴᠡᠭ ᠤᠨ ᠲᠦᠮᠡᠨ ᠪᠤᠳᠠᠰ ᠤᠨ ᠡᠭᠦᠰᠦᠯ ᠤᠨ ᠡᠬᠢ ᠪᠤᠯᠬᠤ ᠪᠠᠷ ᠪᠠᠷᠠᠬᠤ ᠦᠭᠡᠢ᠂ ᠨᠡᠩ ᠴᠦ ᠥᠪᠡᠷᠮᠢᠴᠡ ᠹᠢᠽᠢᠺ ᠤᠨ ᠣᠨᠴᠠᠯᠢᠭ ᠢᠶᠠᠷ ᠢᠶᠠᠨ ᠠᠮᠢ ᠨᠠᠰᠤᠨ ᠤ ᠨᠢᠭᠤᠴᠠ ᠶᠢ ᠲᠠᠶᠢᠯᠪᠤᠷᠢᠯᠠᠵᠤ ᠪᠠᠶᠢᠳᠠᠬ᠃       ᠠᠮᠢᠳᠤ ᠪᠣᠳᠠᠰ ᠤᠨ ᠪᠡᠶ᠎ᠡ ᠶᠢᠨ 70% ᠭᠠᠷᠤᠢ ᠨᠢ ᠤᠰᠤ ᠪᠠᠶᠢᠵᠦ᠂ ᠤᠰᠤ ᠡᠰ ᠤᠨ ᠰᠣᠯᠢᠯᠴᠠᠭ᠎ᠠ ᠳ᠋ᠤ᠋ ᠣᠷᠣᠯᠴᠠᠨ ᠠᠮᠢ ᠶᠢᠨ ᠠᠵᠢᠯᠯᠠᠭ᠎ᠠ ᠶᠢ ᠪᠠᠲᠤᠯᠠᠳᠠᠭ ᠃ ᠤᠰᠤᠨ ᠤ ᠮᠣᠯᠧᠺᠦ᠋ᠯ ᠤᠨ ᠬᠤᠭᠤᠷᠣᠨᠳᠣᠬᠢ ᠤᠰᠤᠲᠥ᠋ᠷᠥᠭᠴᠢ ᠶᠢᠨ ᠦᠢᠯᠡᠳᠦᠯ ᠨᠢ ᠲᠡᠭᠦᠨ ᠢ ᠥᠪᠡᠷᠮᠢᠴᠡ ᠠᠭᠤᠰᠤᠭᠴᠢ ᠴᠢᠨᠠᠷ ᠪᠠ ᠤᠷᠤᠰᠤᠩᠭᠤᠢ ᠴᠢᠨᠠᠷ ᠲᠠᠢ ᠂ ᠠᠮᠢ ᠶᠢᠨ ᠪᠤᠳᠠᠭᠠᠯᠢ ᠪᠡᠶ᠎ᠡ ᠳᠣᠲᠣᠷᠠᠬᠢ ᠪᠣᠳᠠᠰ ᠤᠨ ᠵᠥᠭᠡᠭᠡᠪᠦᠷᠢᠯᠡᠯᠲᠡ ᠪᠠ ᠡᠨᠧᠷᠭᠢ ᠶᠢᠨ ᠰᠣᠯᠢᠭᠳᠠᠯ ᠳ᠋ᠤ᠋ ᠪᠣᠯᠤᠯᠴᠠᠭ᠎ᠠ ᠶᠢ ᠬᠠᠩᠭᠠᠳᠠᠭ ᠢ ᠪᠢᠳᠡ ᠳᠤᠮᠳᠠᠳᠤ ᠰᠤᠷᠭᠠᠭᠤᠯᠢ ᠶᠢᠨ ᠬᠢᠴᠢᠶᠡᠯ ᠤᠨ ᠪᠢᠴᠢᠭ ᠠᠴᠠ ᠰᠤᠷᠤᠭᠰᠡᠨ ᠶᠤᠮ᠃       ᠤᠰᠤ ᠪᠣᠯ ᠣᠷᠣᠰᠢᠨ ᠲᠣᠭᠲᠠᠨᠢᠬᠤ ᠶᠢᠨ ᠴᠢᠬᠤᠯᠠ ᠬᠡᠷᠡᠭᠴᠡᠭᠡᠨ ᠤ ᠡᠳ᠋ ᠪᠣᠯᠬᠤ ᠪᠠᠷ ᠪᠠᠷᠠᠬᠤ ᠦᠭᠡᠢ᠂ ᠨᠡᠩ ᠴᠤ ᠪᠣᠯᠪᠠᠰᠤᠨ ᠤ ᠥᠯᠥᠭᠡᠢ ᠪᠤᠯᠬᠤ ᠶᠤᠮ᠃ ᠬᠥᠮᠦᠨ ᠲᠥᠷᠥᠯᠬᠢᠲᠡᠨ ᠤ ᠪᠣᠯᠪᠠᠰᠤᠨ ᠤ ᠡᠭᠦᠰᠦᠯ ᠪᠠ ᠬᠥᠭᠵᠢᠯᠲᠡ ᠢᠮᠠᠭᠲᠠ ᠤᠰᠤ ᠲᠠᠢ ᠨᠢᠭᠲᠠ ᠬᠤᠯᠪᠣᠭ᠎ᠠ ᠲᠠᠢ᠃ ᠨᠢᠯ ᠮᠥᠷᠡᠨ ᠡᠷᠲᠡᠨ ᠤ ᠶᠧᠵᠢᠫᠲ ᠤᠨ ᠪᠣᠯᠪᠠᠰᠤᠨ ᠢ ᠪᠣᠢ ᠪᠣᠯᠭᠠᠵᠤ᠂ ᠲᠢᠭᠷᠢᠰ ᠭᠤᠤᠯ ᠪᠤᠯᠤᠨ ᠶᠦᠹᠷᠠᠲ᠋ᠧᠰ ᠮᠦᠷᠡᠨ ᠬᠤᠶᠠᠷ ᠭᠤᠣᠯ ᠮᠦᠷᠡᠨ ᠤ ᠰᠠᠪᠠ ᠭᠠᠵᠠᠷ ᠲᠤ ᠡᠷᠲᠡᠨ ᠤ ᠪᠠᠪᠢᠯᠤᠨ ᠤ ᠪᠣᠯᠪᠠᠰᠤᠨ ᠮᠡᠨᠳᠤᠯᠡᠵᠤ᠂ ᠬᠠᠲᠤᠨ ᠭᠤᠣᠯ ᠬᠦᠬᠡᠮᠦ᠋ᠷᠡᠨ ᠳᠤᠮᠳᠠᠳᠤ ᠶᠢᠨ ᠪᠣᠯᠪᠠᠰᠤᠨ ᠢ ᠪᠦᠲᠦᠭᠡᠪᠡ᠃ ᠬᠥᠮᠦᠨ ᠲᠥᠷᠥᠯᠬᠢᠲᠡᠨ ᠤ ᠤᠰᠤᠨ ᠤ ᠠᠰᠢᠭᠯᠠᠯᠲᠠ ᠬᠢᠭᠡᠳ ᠵᠠᠰᠠᠯᠲᠠ ᠨᠢ ᠪᠣᠯᠪᠠᠰᠤᠨ ᠤ ᠳᠡᠪᠰᠢᠯᠲᠡ ᠶᠢ ᠳᠤᠰᠬᠠᠵᠤ᠂ ᠬᠥᠮᠦᠨ ᠲᠥᠷᠥᠯᠬᠢᠲᠡᠨ ᠤᠰᠤ ᠯᠤᠭ᠎ᠠ ᠶᠢᠨ ᠦᠢᠯᠡᠳᠦᠯᠴᠡᠯ ᠤᠨ ᠳᠤᠮᠳᠠ ᠬᠦᠭᠵᠢᠨ ᠮᠠᠨᠳᠤᠵᠤ ᠢᠷᠠᠪᠠ᠃       ᠤᠰᠤ ᠪᠣᠯ ᠣᠶᠤᠨ ᠤᠬᠠᠭᠠᠨ ᠤ ᠪᠠᠭᠰᠢ ᠭᠡᠵᠤ ᠬᠡᠯᠡᠵᠤ ᠴᠦ ᠪᠤᠯᠤᠨ᠎ᠠ᠃ ᠤᠰᠤᠨ ᠤ ᠣᠨᠴᠠᠯᠢᠭ ᠲᠤ ᠭᠦᠨ ᠤᠬᠠᠭᠠᠨ ᠠᠭᠤᠯᠵᠤ ᠪᠤᠢ᠃ ᠤᠷᠤᠰᠤᠮᠠᠬᠠᠢ ᠰᠢᠩᠭᠡᠨ ᠤᠰᠤ ᠤᠶᠠᠨ ᠬᠠᠳᠠᠨ ᠬᠠᠳᠠ ᠴᠢᠯᠠᠭᠤ ᠶᠢ ᠨᠡᠪᠳᠡᠯᠵᠦ ᠳᠡᠶᠢᠯᠦᠨ᠎ᠠ᠂ ᠨᠠᠮ ᠳᠤᠬᠳᠠᠭᠤᠨ ᠤᠰᠤ ᠤᠩᠭᠤᠴᠠ ᠵᠠᠪᠢ ᠶᠢ ᠬᠦᠪᠪᠦᠭᠦᠯᠵᠦ ᠴᠢᠳᠠᠨ᠎ᠠ᠃ ᠤᠰᠤ ᠠᠭᠤᠷ ᠪᠤᠯᠵᠦ ᠲᠡᠭᠳᠡᠨ᠎ᠡ᠂ ᠮᠦᠰᠦ ᠪᠤᠯᠵᠦ ᠬᠦᠯᠳᠡᠨ᠎ᠡ᠂ ᠴᠠᠰᠤ ᠪᠤᠯᠵᠦ ᠯᠠᠪᠰᠠᠯᠠᠨ᠎ᠠ᠃ ᠭᠡᠯᠪᠡᠷᠢ ᠦᠭᠡᠢ ᠪᠤᠶᠤ ᠬᠡᠯᠪᠡᠷᠢ ᠪᠤᠢ ᠶᠢᠨ ᠲᠤᠮᠳᠠ ᠤᠰᠤ ︽ᠵᠢᠩᠬᠢᠨᠢ ᠬᠦᠴᠦᠨ ᠶᠡᠷᠦ ᠨᠢ ᠤᠶᠠᠨ ᠬᠠᠳᠠᠨ ᠴᠢᠨᠠᠷ ᠲᠤ ᠠᠭᠤᠯᠤᠭᠳᠠᠵᠤ᠂ ᠴᠡᠴᠡᠨ ᠤᠬᠠᠭᠠᠨ ᠢᠮᠠᠭᠲᠠ ᠳᠠᠷᠤᠤ ᠬᠢᠴᠢᠶᠡᠩᠭᠦᠢ ᠵᠠᠩ ᠠᠷᠠᠨᠰᠢᠨ ᠳᠤ ᠲᠤᠳᠤᠷᠠᠳᠠᠭ︾ ᠭᠡᠳᠡᠭ ᠢ ᠪᠢᠳᠡᠨ ᠳᠤ ᠰᠡᠩᠬᠡᠷᠡᠭᠦᠯᠵᠦ ᠪᠠᠶᠢᠭ᠎ᠠ ᠪᠢᠰᠢᠦ᠃ ᠤᠰᠤᠨ ᠤ ᠤᠷᠤᠰᠤᠩᠭᠤᠢ ᠴᠢᠨᠠᠷ ᠪᠠ ᠵᠣᠬᠢᠯᠳᠤᠬᠤ ᠴᠢᠨᠠᠷ ᠨᠢ ᠪᠢᠳᠡᠨ ᠳᠤ ᠬᠤᠪᠢᠷᠠᠯᠲᠠ ᠶᠢᠨ ᠳᠤᠮᠳᠠ ᠠᠴᠠ ᠠᠵᠠ ᠲᠣᠬᠢᠶᠠᠯ ᠡᠷᠢᠵᠦ᠂ ᠬᠦᠴᠢᠷᠳᠡᠯ ᠤᠨ ᠳᠤᠮᠳᠠ ᠠᠴᠠ ᠵᠦᠪ ᠴᠢᠭᠯᠡᠯ ᠤᠯᠬᠤ ᠶᠢ ᠵᠢᠭᠠᠨ ᠦᠭᠴᠦ ᠪᠠᠶᠢᠭ᠎ᠠ ᠴᠦ ᠬᠡᠮᠡᠷᠭᠡᠨ᠃       ᠪᠤᠯᠪᠠᠰᠤᠨ ᠤ ᠬᠦᠭᠵᠢᠯᠳᠡ ᠶᠢ ᠲᠠᠭᠠᠯᠳᠤᠭᠠᠳ ᠤᠰᠤ ᠲᠤᠳᠠᠭᠳᠠᠬᠤ ᠬᠦᠨᠳᠤ ᠨᠤᠴᠢᠳᠠᠢ ᠲᠤᠯᠭᠠᠷᠠᠵᠦ ᠪᠤᠢ᠃ ᠪᠦᠬᠦ ᠪᠦᠮᠪᠦᠷᠴᠡᠭ ᠤᠨ 70% ᠨᠢ ᠤᠰᠤ ᠪᠦᠭᠡᠳᠡᠯ᠎ᠡ ᠶᠠᠭᠠᠬᠢᠭᠠᠳ ᠤᠰᠤ ᠳᠤᠳᠠᠭᠳᠠᠬᠤ ᠪᠤᠯᠪᠠ︖ ᠠᠳᠡ ᠶᠠᠷᠢᠵᠦ ᠪᠠᠶᠢᠭ᠎ᠠ ᠨᠢ ᠭᠡᠯᠡᠯᠭᠡᠨ ᠦᠭᠡᠢ ᠴᠡᠩᠭᠡᠭ ᠤᠰᠤ ᠶᠢ ᠵᠢᠭᠠᠵᠦ ᠪᠠᠶᠢᠨ᠎ᠠ᠃ ᠤᠰᠤᠨ ᠤ ᠡᠬᠢ ᠪᠠᠶᠠᠯᠢᠬ ᠢ ᠬᠠᠮᠠᠭᠠᠯᠠᠬᠤ᠂ ᠤᠰᠤ ᠶᠢ ᠠᠷᠪᠢᠯᠠᠬᠤ᠂ ᠲᠠᠯᠠᠢ ᠲᠠᠩᠬᠢᠰ ᠤᠨ ᠤᠰᠤ ᠶᠢ ᠴᠡᠩᠭᠡᠭ ᠤᠰᠤ ᠪᠤᠯᠭᠠᠨ ᠠᠰᠢᠬᠯᠠᠬᠤ ᠁ ᠬᠦᠮᠦᠨ ᠲᠦᠷᠦᠯᠬᠢᠳᠡᠨ ᠤ ᠤᠰᠤ ᠶᠢ ᠤᠶᠢᠯᠠᠭᠠᠨ ᠡᠵᠡᠮᠳᠡᠬᠦ ᠤᠬᠠᠭᠠᠨ ᠮᠦᠨ ᠯᠡ ᠬᠤᠮᠰᠠ ᠪᠠᠶᠢᠭᠰᠠᠭᠠᠷ᠃
ᠢᠷᠡᠯᠲᠡ᠄ ᠳᠤᠮᠳᠠᠳᠤ ᠤᠯᠤᠰ ᠤᠨ ᠮᠣᠩᠭᠤᠯ ᠬᠡᠯᠡᠨ ᠤ ᠰᠣᠨᠢᠨ ᠮᠡᠳᠡᠭᠡ ᠶᠢᠨ ᠰᠦᠯᠵᠢᠶ᠎ᠡ