ᠴᠠᠭᠠᠨ ᠰᠠᠷ᠎ᠠ ᠦᠩᠭᠡᠷᠡᠵᠦ ᠬᠠᠪᠣᠷ ᠤᠨ ᠣᠷᠢᠨ ᠨᠠᠭᠠᠰᠢᠯᠠᠬᠤ ᠪᠠᠷ ᠰᠢᠨ᠎ᠡ ᠰᠣᠷᠣᠯᠭ᠎ᠠ ᠶᠢᠨ ᠬᠤᠭᠤᠴᠠᠭ᠎ᠠ ᠴᠦ ᠡᠬᠢᠯᠡᠯ᠎ᠡ᠃ ᠢᠯᠦᠮ ᠵᠢᠯᠣᠮ ᠪᠠᠶᠢᠬᠰᠠᠨ | ᠰᠣᠷᠭᠠᠭᠤᠯᠢ ᠶᠢᠨ ᠬᠦᠷᠢᠶ᠎ᠡ ᠲᠦᠲᠡᠬᠡᠨ ᠵᠠᠭᠤᠷ᠎ᠠ ᠨᠣᠮ ᠣᠩᠰᠢᠯᠭ᠎ᠠ ᠶᠢᠨ ᠲᠠᠭᠤᠨ ᠪᠣᠯᠣᠨ ᠨᠠᠷᠬᠢᠯᠲᠣᠨ ᠬᠦᠭᠡᠷᠡᠯᠲᠦᠬᠦ ᠬᠦᠷ ᠪᠠᠶᠠᠷ ᠢᠢᠡᠷ ᠴᠠᠯᠬᠢᠯᠠᠬᠤ ᠨᠢ ᠲᠡᠷᠡ᠃ | ᠠᠮᠠᠷᠠᠯᠲᠠ ᠶᠢᠨ ᠴᠢᠯᠦᠭᠡᠨ ᠳᠤ ᠠᠯᠢᠶᠠᠯᠠᠵᠦ ᠲᠣᠬᠯᠠᠨ᠂ ᠠᠶᠢᠯᠰᠠᠵᠦ ᠲᠣᠭᠤᠷᠢᠨ ᠲᠠᠪᠠᠲᠠᠢ ᠲᠣᠬᠠᠲᠠᠢ ᠦᠩᠭᠡᠷᠡᠬᠦᠯᠦᠭᠰᠡᠨ ᠠᠶᠢᠯ ᠤᠨ ᠡᠷᠬᠡ ᠵᠢᠭᠠᠯ ᠤᠳ | ᠠᠩᠬᠢ ᠶᠢᠨ ᠭᠡᠷ ᠲᠡᠭᠡᠨ ᠪᠣᠴᠠᠵᠦ᠂ ᠰᠣᠷᠣᠨ᠎ᠠ ᠮᠡᠳᠡᠨ᠎ᠡ ᠭᠡᠵᠦ ᠶᠠᠭᠠᠷᠠᠵᠦ ᠮᠣᠩᠭᠠᠨᠢᠬᠤ ᠨᠢ ᠶᠠᠭᠤᠲᠠᠢ ᠪᠠᠶᠠᠷ᠂ ᠶᠠᠮᠠᠷ ᠶᠡᠭᠡ ᠵᠢᠷᠭᠠᠯᠲᠠᠢ︕ ᠭᠡᠬᠦ ᠳᠡᠭᠡᠨ ᠬᠡᠦᠬᠡᠳ ᠤᠨ | ᠪᠡᠶ᠎ᠡ ᠰᠡᠳᠬᠢᠯ ᠢ ᠠᠮᠠᠷᠠᠯᠲᠠ ᠴᠢᠯᠦᠭᠡ ᠠᠴᠠ ᠬᠢᠴᠢᠶᠡᠯ ᠰᠣᠷᠣᠯᠭ᠎ᠠ ᠲᠠᠶᠢᠰᠢ ᠵᠢᠯᠣᠭᠤ ᠶᠢ ᠨᠢ ᠲᠠᠲᠠᠵᠦ ᠣᠶᠢᠷᠠᠲᠣᠭᠤᠯᠬᠤ ᠭᠡᠵᠦ ᠴᠣᠬᠤᠮ ᠠᠲᠠᠷ ᠬᠡᠭᠡᠷ᠎ᠡ ᠪᠠᠷ | ᠴᠢᠯᠦᠭᠡᠲᠡᠢ ᠲᠠᠪᠬᠢᠵᠦ ᠪᠠᠶᠢᠬᠰᠠᠨ ᠵᠡᠭᠡᠷ᠎ᠡ ᠬᠦᠷᠦᠭᠡᠰᠦ ᠶᠢ ᠠᠶᠢᠯ ᠤᠨ ᠬᠠᠰᠢᠶᠠᠨ ᠳᠤ ᠬᠤᠷᠢᠬᠤ ᠭᠡᠲᠡᠭ ᠲᠠᠢ ᠦᠭᠡᠷ᠎ᠡ ᠶᠠᠭᠤᠨ︖ ᠠᠮᠠᠷᠠᠯᠲᠠ ᠠᠴᠠ ᠪᠠᠨ ᠰᠣᠷᠣᠯᠭ᠎ᠠ | ᠲᠡᠶᠢᠰᠢ ᠰᠢᠯᠵᠢᠬᠦ ᠳᠤ ᠨᠠᠭᠠᠲᠣ ᠵᠠᠬ᠎ᠠ ᠳᠠᠭᠠᠨ ᠣᠨᠲᠠᠵᠦ ᠠᠮᠠᠷᠠᠬᠤ ᠴᠠᠬ᠂ ᠡᠳᠦᠷ ᠲᠣᠲᠣᠮ ᠤᠨ ᠠᠮᠢᠲᠣᠷᠠᠯ ᠤᠨ ᠲᠠᠳᠬᠠᠯ᠂ ᠣᠪᠣᠷ ᠰᠡᠳᠬᠢᠴᠡ ᠵᠡᠷᠭᠡ ᠣᠯᠠᠨ | ᠲᠠᠯ᠎ᠠ ᠪᠠᠷ ᠦᠪᠡᠷ ᠢ ᠪᠠᠨ ᠲᠣᠬᠢᠷᠠᠭᠤᠯᠬᠤ ᠱᠠᠭᠠᠷᠲᠠᠯᠭ᠎ᠠ ᠭᠠᠷᠣᠨ᠎ᠠ᠃ ᠡᠶᠢᠨ ᠬᠦ ᠬᠡᠦᠬᠡᠳ ᠬᠡᠰᠡᠭ ᠬᠤᠭᠤᠴᠠᠭ᠎ᠠ ᠰᠣᠷᠭᠠᠭᠤᠯᠢ ᠶᠢᠨ ᠠᠮᠢᠲᠣᠷᠠᠯ ᠳᠤ ᠲᠠᠳᠬᠤ ᠦᠭᠡᠢ | ᠂ ᠡᠷᠡᠭᠡᠯᠵᠡᠵᠦ ᠲᠦᠲᠡᠭᠡᠯᠵᠡᠬᠦ᠂ ᠠᠩᠬᠠᠷᠣᠯ ᠲᠦᠪᠯᠡᠷᠡᠬᠦ ᠦᠭᠡᠢ ᠪᠠᠶᠢᠲᠠᠯ ᠭᠠᠷᠬᠤ ᠨᠢ ᠮᠡᠳᠡᠭᠡᠵᠢ ᠬᠡᠷᠡᠭ ᠪᠢᠯᠡ᠃ ᠲᠡᠷᠡᠴᠢᠯᠡᠨ ᠬᠡᠦᠬᠡᠳ ᠢ ᠪᠣᠣ ᠬᠡᠯᠡ᠂ ᠲᠣᠮᠣᠴᠣᠣᠯ | ᠴᠦ ᠨᠢᠭᠡ ᠵᠦᠢᠯ ᠤᠨ ᠠᠮᠢᠲᠣᠷᠠᠯ ᠤᠨ ᠬᠡᠪᠰᠢᠯ ᠠᠴᠠ ᠦᠭᠡᠷ᠎ᠡ ᠨᠢᠭᠡ ᠪᠠᠶᠢᠳᠠᠯ ᠳᠤ ᠰᠢᠯᠵᠢᠬᠦ ᠦᠶᠡᠰ ᠲᠠᠳᠣᠯ ᠵᠣᠷᠰᠢᠯ ᠪᠣᠶᠣ ᠰᠡᠳᠬᠢᠴᠡ ᠶᠢᠨ ᠲᠠᠯ᠎ᠠ ᠪᠠᠷ ᠦᠯᠦ | ᠮᠡᠳᠡᠭᠲᠡᠮᠡ ᠬᠡᠯᠪᠡᠯᠵᠡᠯ ᠡᠬᠦᠰᠲᠡᠭ ᠶᠣᠮ᠃ ᠢᠩᠬᠢᠬᠦ ᠳᠡᠭᠡᠨ ᠰᠢᠨ᠎ᠡ ᠰᠣᠷᠣᠯᠭ᠎ᠠ ᠶᠢᠨ ᠬᠤᠭᠤᠴᠠᠭ᠎ᠠ ᠡᠬᠢᠯᠡᠬᠦ ᠪᠠᠷ ᠬᠡᠦᠬᠡᠳ ᠤᠨ ᠠᠮᠢᠲᠣᠷᠠᠯ ᠤᠨ ᠵᠣᠷᠰᠢᠯ ᠢ ᠬᠢᠴᠢᠶᠡᠯ | ᠰᠣᠷᠣᠯᠭ᠎ᠠ ᠳᠤ ᠲᠠᠲᠠᠵᠦ᠂ ᠰᠣᠷᠣᠯᠭ᠎ᠠ ᠠᠮᠢᠲᠣᠷᠠᠯ ᠢ ᠡᠪᠲᠡᠢ ᠲᠣᠬᠢᠷᠠᠭᠤᠯᠬᠤ ᠪᠣᠯ ᠭᠡᠷ ᠤᠨ ᠠᠬᠠᠮᠠᠳ ᠬᠢᠭᠡᠳ ᠪᠠᠭᠰᠢ ᠨᠠᠷ ᠤᠨ ᠡᠩ ᠲᠡᠷᠢᠬᠦᠨ ᠤ ᠴᠢᠬᠤᠯᠠ ᠡᠬᠦᠷᠭᠡ | ᠪᠣᠯᠬᠤ ᠶᠣᠮ᠃ | ᠰᠣᠷᠭᠠᠨ ᠬᠦᠮᠦᠵᠢᠯ ᠳᠤ ᠶᠡᠷᠦ ᠠᠴᠠ ᠵᠢᠵᠢᠭ ᠶᠠᠪᠣᠲᠠᠯ ᠭᠡᠵᠦ ᠪᠠᠶᠢᠲᠠᠬ ᠦᠭᠡᠢ᠂ ᠰᠣᠷᠭᠠᠨ ᠬᠦᠮᠦᠵᠢᠯ ᠤᠨ ᠪᠦᠬᠦ ᠶᠠᠪᠣᠴᠠ ᠨᠢ ᠪᠦᠷ ᠯᠡ ᠲᠣᠮᠣ ᠶᠠᠪᠣᠲᠠᠯ | ᠪᠠᠶᠢᠵᠦ ᠲᠠᠭᠠᠷᠠᠨ᠎ᠠ ᠭᠡᠵᠦ ᠠᠯᠢ ᠨᠢᠭᠡ ᠡᠷᠳᠡᠮᠲᠡᠨ ᠬᠡᠯᠡᠭᠰᠡᠨ ᠶᠣᠮ᠃ ᠰᠢᠨ᠎ᠡ ᠰᠣᠷᠣᠯᠭ᠎ᠠ ᠶᠢᠨ ᠬᠤᠭᠤᠴᠠᠭ᠎ᠠ ᠳᠤ ᠬᠡᠦᠬᠡᠳ ᠤᠨ ᠪᠡᠶ᠎ᠡ ᠪᠠᠨ ᠲᠠᠭᠠᠭᠠᠵᠦ | ᠰᠣᠷᠣᠯᠭ᠎ᠠ ᠶᠢᠨ ᠠᠰᠠᠭᠤᠲᠠᠯ ᠢᠢᠡᠨ ᠦᠪᠡᠰᠦᠪᠡᠨ ᠰᠶᠢᠳᠪᠦᠷᠢᠯᠡᠬᠦ ᠶᠢ ᠰᠣᠷᠭᠠᠬᠤ ᠳᠤ ᠭᠤᠣᠯ ᠨᠢ ︽ᠡᠨᠡ ᠪᠣᠯ ᠮᠢᠨᠦ ᠬᠢᠬᠦ ᠴᠢᠬᠤᠯᠠᠲᠠᠢ ᠶᠠᠪᠣᠲᠠᠯ︾ ᠭᠡᠲᠡᠭ | ᠲᠠᠨᠢᠯᠲᠠ ᠲᠠᠢ ᠪᠣᠯᠭᠠᠬᠤ ᠨᠢ ᠴᠢᠬᠤᠯᠠ᠃ ᠠᠮᠠᠷᠠᠯᠲᠠ ᠳᠤ ᠭᠡᠷ ᠤᠨ ᠬᠦᠮᠦᠵᠢᠯ ᠢ ᠭᠤᠣᠯᠴᠠᠭᠤ ᠲᠦᠰᠢᠭᠯᠡᠵᠦ ᠪᠠᠶᠢᠬᠰᠠᠨ ᠪᠣᠯ ᠣᠲᠣ ᠰᠣᠷᠭᠠᠭᠤᠯᠢ ᠶᠢᠨ | ᠬᠦᠷᠢᠶᠡᠨ ᠳᠡᠭᠡᠨ ᠪᠣᠴᠠᠵᠦ᠂ ᠪᠠᠭᠰᠢ ᠶᠢᠨ ᠬᠦᠮᠦᠵᠢᠯ ᠬᠢᠭᠡᠳ ᠪᠡᠶ᠎ᠡ ᠪᠠᠨ ᠲᠠᠭᠠᠭᠠᠬᠤ ᠴᠢᠲᠠᠪᠣᠷᠢ ᠶᠢ ᠰᠢᠯᠭᠠᠬᠤ ᠪᠣᠯᠣᠬᠰᠠᠨ ᠭᠡᠲᠡᠭ ᠢ ᠬᠡᠦᠬᠡᠳ ᠲᠤ ᠬᠡᠯᠡᠵᠦ | ᠮᠡᠳᠡᠷᠡᠬᠦᠯᠪᠡᠯ ᠲᠠᠭᠠᠷᠠᠨ᠎ᠠ᠃ | ᠰᠢᠨ᠎ᠡ ᠰᠣᠷᠣᠯᠭ᠎ᠠ ᠶᠢᠨ ᠬᠤᠭᠤᠴᠠᠭ᠎ᠠ ᠰᠢᠨ᠎ᠡ ᠪᠠᠷ ᠡᠬᠢᠯᠡᠨ᠎ᠡ᠃ ᠠᠲᠡ ᠬᠡᠯᠡᠵᠦ ᠪᠣᠢ ᠰᠢᠨ᠎ᠡ ᠭᠡᠲᠡᠭ ᠲᠤ ᠣᠯᠠᠨ ᠬᠤᠪᠢᠷᠠᠯᠲᠠ ᠶᠢ ᠠᠭᠤᠯᠵᠦ ᠪᠠᠭᠲᠠᠭᠠᠵᠦ | ᠪᠠᠶᠢᠭ᠎ᠠ ᠶᠢ ᠣᠶᠢᠯᠠᠭᠠᠭᠤᠰᠢᠲᠠᠢ᠃ ᠦᠰᠪᠦᠷᠢ ᠶᠢᠨ ᠬᠡᠦᠬᠡᠳ ᠤᠨ ᠨᠠᠰᠣ ᠨᠡᠮᠡᠭᠲᠡᠬᠦ ᠶᠢ ᠲᠠᠭᠠᠯᠲᠣᠨ ᠦᠵᠡᠵᠦ ᠲᠣᠭᠤᠯᠣᠬᠰᠠᠨ ᠵᠦᠢᠯ ᠣᠯᠠᠰᠢᠷᠠᠵᠦ ᠬᠠᠷᠠᠭ᠎ᠠ ᠨᠢ | ᠦᠷᠭᠡᠵᠢᠯᠡ᠂ ᠣᠬᠠᠭᠠᠵᠢᠨ ᠲᠣᠮᠣᠭᠠᠵᠢᠵᠦ ᠦᠵᠡᠯᠲᠡ ᠲᠠᠨᠢᠯᠲᠠ ᠨᠢ ᠴᠦ ᠰᠢᠨᠡᠲᠦᠯᠡ᠃ ᠦᠪᠡᠷ ᠢ ᠪᠠᠨ ᠢᠩᠬᠢᠵᠦ ᠰᠢᠨ᠎ᠡ ᠪᠠᠷ ᠲᠠᠨᠢᠬᠤ ᠶᠢᠨ ᠣᠯᠠᠮ ᠢᠢᠡᠷ ᠰᠢᠨ᠎ᠡ | ᠨᠣᠮ᠂ ᠰᠢᠨ᠎ᠡ ᠡᠳᠦᠷ᠂ ᠰᠢᠨ᠎ᠡ ᠰᠣᠷᠣᠯᠭ᠎ᠠ ᠶᠢᠨ ᠬᠤᠭᠤᠴᠠᠭ᠎ᠠ ᠁ ᠭᠡᠬᠦᠴᠢᠯᠡᠨ ᠣᠯᠠᠨ ᠰᠢᠨ᠎ᠡ ᠵᠦᠢᠯ ᠲᠨᠳᠡᠨ ᠢ ᠣᠬᠲᠣᠨ ᠬᠦᠯᠢᠶᠡᠵᠦ ᠪᠠᠶᠢᠬᠤ ᠶᠢ ᠮᠡᠳᠡᠨ᠂ | ᠣᠷᠣᠯᠲᠣᠨ ᠦᠷᠢᠰᠬᠦ ᠪᠠᠷ ᠪᠡᠯᠡᠳᠭᠡᠬᠦ ᠬᠡᠷᠡᠭᠲᠡᠢ᠃ ᠲᠡᠭᠡᠬᠦ ᠳᠡᠭᠡᠨ ᠭᠡᠷ ᠤᠨ ᠠᠬᠠᠮᠠᠳ ᠪᠣᠯᠣᠬᠰᠠᠳ ᠬᠡᠦᠬᠡᠳ ᠦᠰᠴᠦ ᠲᠣᠮᠣᠭᠠᠵᠢᠬᠰᠠᠨ ᠶᠣᠮ ᠭᠡᠳ ᠭᠠᠷ ᠰᠠᠵᠢᠨ | ᠬᠤᠶᠢᠰᠢ ᠰᠠᠭᠤᠵᠦ ᠬᠡᠷᠡᠭ ᠠᠴᠠ ᠭᠠᠷᠣᠬᠰᠠᠨ ᠲᠦᠷᠢᠯᠡᠵᠦ ᠪᠣᠯᠬᠤ ᠦᠭᠡᠢ᠂ ᠬᠠᠷᠢᠨ ᠬᠡᠦᠬᠡᠳ ᠤᠨ ᠪᠡᠶ᠎ᠡ ᠪᠠᠨ ᠲᠠᠭᠠᠭᠠᠬᠤ ᠴᠢᠲᠠᠪᠣᠷᠢ ᠶᠢ ᠬᠦᠮᠦᠵᠢᠬᠦᠯᠬᠦ ᠶᠢᠨ ᠬᠠᠮᠲᠣ | ᠪᠡᠶ᠎ᠡ ᠰᠡᠳᠬᠢᠴᠡ ᠶᠢᠨ ᠬᠤᠪᠢᠷᠠᠯᠲᠠ ᠶᠢ ᠨᠢ ᠠᠵᠢᠬᠯᠠᠵᠦ᠂ ᠴᠠᠬ ᠲᠣᠬᠠᠢ ᠳᠤᠨᠢ ᠵᠢᠭᠠᠨ ᠵᠢᠯᠣᠭᠤᠳᠬᠤ ᠶᠢ ᠠᠩᠬᠠᠷᠪᠠᠯ ᠵᠦᠢᠲᠡᠢ᠃ | ᠰᠣᠷᠴᠣ ᠮᠡᠳᠡᠬᠦ ᠶᠢ ᠵᠣᠷᠢᠬᠰᠠᠨ ᠰᠢᠨ᠎ᠡ ᠬᠤᠭᠤᠴᠠᠭ᠎ᠠ ᠰᠣᠷᠣᠬᠴᠢ ᠪᠣᠯᠭᠠᠨ ᠳᠤ ᠠᠲᠠᠯᠢᠬᠠᠨ ᠰᠢᠨ᠎ᠡ ᠰᠡᠪᠡᠬᠦᠨ ᠰᠠᠨᠠᠬᠲᠠᠬᠤ ᠨᠢ ᠮᠡᠳᠡᠭᠡᠵᠢ᠃ ᠠᠮᠢᠲᠣᠷᠠᠯ ᠤᠨ | ᠨᠠᠷᠠᠨ ᠭᠠᠭᠴᠠ ᠬᠦ ᠦᠷᠯᠦᠭᠡ ᠮᠠᠨᠲᠣᠲᠠᠬ ᠦᠭᠡᠢ ᠬᠤᠶᠢᠨ᠎ᠠ ᠬᠡᠵᠢᠶ᠎ᠡ ᠡᠬᠢᠯᠡᠭᠰᠡᠨ ᠴᠦ ᠬᠤᠵᠢᠬᠲᠠᠬᠤ ᠣᠴᠢᠷ ᠠᠯᠠᠭ᠎ᠠ ᠭᠡᠰᠡᠨ ᠢ ᠬᠡᠦᠬᠡᠳ ᠲᠡᠬᠦᠦ ᠨᠠᠷ ᠲᠡᠭᠡᠨ | ᠰᠠᠨᠠᠭᠤᠯᠣᠶ᠎ᠠ᠃ |