ᠠᠶᠠᠯᠭᠤ ᠬᠦᠭᠵᠢᠮ ᠢᠶᠠᠷ ᠰᠡᠪᠢᠯᠵᠡᠬᠦ ᠡᠮᠦᠨ᠎ᠡ ᠲᠠᠯᠠᠢ ᠶᠢᠨ ᠰᠠᠯᠬᠢ
ᠨᠡᠶᠢᠲᠡᠯᠡᠭᠰᠡᠨ ᠴᠠᠭ᠄
2025/2/27
      ᠮᠠᠨ ᠤ ᠰᠠᠭᠤᠭᠰᠠᠨ ᠨᠢᠰᠭᠡᠯ ᠬᠠᠶᠢᠺᠸᠦ ᠬᠤᠳᠠ ᠳᠤ ᠭᠠᠵᠠᠷᠲᠠᠬᠤ ᠦᠶ᠎ᠡ ᠶᠠᠭ ᠪᠤᠷᠤᠭᠠᠨ ᠣᠷᠣᠬᠤ ᠲᠠᠭᠠᠷᠠᠵᠤ᠂ ᠨᠢᠰᠭᠡᠯ ᠤᠨ ᠪᠡᠶ᠎ᠡ ᠴᠡᠴᠡᠷᠡᠭᠰᠡᠨ ᠭᠡᠵᠦ ᠬᠡᠷᠡᠭ᠂ ᠮᠢᠨᠦ ᠬᠤᠶᠠᠷ ᠴᠢᠬᠢ ᠴᠤ ᠲᠦᠩᠭᠢᠨᠡᠭᠰᠡᠨ ᠭᠡᠵᠦ ᠬᠡᠷᠡᠭ᠃ ᠦᠳᠡ ᠶᠢᠨ ᠡᠮᠦᠨ᠎ᠡ ᠴᠠᠰᠤ ᠮᠦᠰᠦᠨ ᠤ ᠵᠢᠷᠳᠢᠨᠴᠦ ᠳᠤ ᠪᠠᠶᠢᠭᠰᠠᠨ ᠬᠦᠮᠦᠰ ᠤᠷᠤᠢ ᠪᠤᠯᠬᠤ ᠪᠠᠷ ᠪᠤᠷᠤᠭᠠᠨ ᠰᠢᠪᠡᠷᠡᠭᠰᠡᠨ ᠲᠡᠯᠡᠬᠡᠢ ᠳᠤ ᠪᠠᠭᠤᠴᠢᠬᠠᠬᠤ ᠪᠠᠷ ᠬᠦᠢᠳᠡᠨ ᠬᠠᠯᠠᠭᠤᠨ ᠤ ᠲᠣᠬᠠᠢ ᠮᠡᠳᠡᠷᠡᠮᠵᠢ ᠤᠬᠠᠭᠠᠨ ᠢᠶᠠᠨ ᠤᠯᠬᠤ ᠦᠭᠡᠢ ᠪᠤᠯᠴᠢᠬᠠᠭᠰᠠᠨ ᠬᠡᠮᠡᠷ᠃ ᠶᠡᠷᠦ ᠨᠢ ᠬᠦᠢᠳᠡᠨ ᠡᠪᠦᠯ ᠬᠠᠯᠠᠭᠤᠨ ᠵᠤᠨ ᠭᠡᠳᠡᠭ ᠨᠢ ᠠᠷᠤ ᠭᠠᠵᠠᠷ ᠤᠨ ᠬᠦᠮᠦᠰ ᠤᠨ ᠵᠠᠩᠰᠢᠵᠦ ᠲᠠᠲᠣᠬᠰᠠᠨ ᠬᠡᠯᠡᠯᠭᠡ ᠪᠦᠭᠡᠳ ᠡᠳᠡᠭᠡᠷ ᠤᠯᠠᠷᠢᠯ ᠢᠶᠠᠨ ᠲᠠᠭᠠᠵᠤ ᠤᠨᠳᠤᠷᠣᠯᠭ᠎ᠠ ᠠᠮᠢᠳᠤᠷᠠᠯᠭ᠎ᠠ ᠪᠠᠨ ᠵᠤᠬᠢᠴᠠᠭᠤᠯᠳᠠᠭ᠃ ᠬᠠᠷᠢᠨ ᠡᠮᠦᠨ᠎ᠡ ᠲᠠᠯᠠᠢ ᠳᠤ ᠪᠣᠯ ᠤᠯᠠᠷᠢᠯ ᠢ ᠡᠷᠢᠭᠡᠳ ᠤᠯᠬᠤ ᠦᠭᠡᠢ᠂ ᠡᠷᠢᠭᠰᠡᠨ ᠤ ᠴᠤ ᠴᠢᠬᠤᠯᠠ ᠦᠭᠡᠢ᠃ ᠠᠲᠡ ᠬᠡᠵᠢᠶᠡᠳᠡ ᠵᠤᠨ ᠤ ᠰᠡᠭᠦᠯᠴᠢ ᠨᠠᠮᠤᠷ ᠤᠨ ᠡᠬᠢ ᠪᠠᠷ ᠢᠶᠠᠨ ᠪᠠᠶᠢᠳᠠᠭ ᠪᠦᠭᠡᠳ ᠠᠳᠡᠬᠢ ᠬᠦᠮᠦᠰ ᠲᠤ ᠤᠯᠠᠷᠢᠯ ᠭᠡᠳᠡᠭ ᠴᠢᠨᠢ ᠤᠳᠭ᠎ᠠ ᠦᠭᠡᠢ ᠦᠭᠡ ᠪᠠᠶᠢᠵᠤ ᠮᠡᠳᠡᠬᠦ ᠶᠤᠮ᠃       ᠤᠮᠪᠤᠯᠤ ᠬᠦᠦ ᠢᠷᠮᠡᠭᠦᠨ ᠮᠢᠨᠢ ᠬᠦᠭᠵᠢᠮ ᠤᠷᠠᠯᠢᠭ ᠤᠨ ᠤᠷᠤᠯᠳᠤᠭᠠᠨ ᠳᠤ ᠤᠷᠤᠯᠴᠠᠭᠠᠳ ᠦᠪᠦᠷ ᠮᠤᠩᠭᠤᠯ ᠤᠷᠤᠨ ᠤ ᠬᠤᠪᠢᠶᠠᠷᠢ ᠤᠷᠤᠯᠳᠤᠭᠠᠨ ᠤ ᠬᠤᠶᠠᠳᠤᠭᠠᠷ ᠪᠠᠶᠢᠷᠢᠨ ᠳᠤ ᠲᠤᠳᠤᠷᠠᠵᠦ᠂ ᠪᠦᠬᠦ ᠤᠯᠤᠰ ᠤᠨ ᠶᠡᠷᠦᠩᠬᠡᠢ ᠦᠵᠡᠭᠦᠯᠭᠡ ᠳᠤ ᠤᠷᠤᠯᠴᠠᠬᠤ ᠬᠢᠷᠢ ᠬᠡᠮ ᠢ ᠤᠯᠤᠭᠰᠠᠨ ᠪᠤᠯᠬᠤᠷ ᠪᠠᠷ᠎ᠠ ᠪᠤᠯᠵᠤ ᠶᠡᠭᠡ ᠲᠠᠯᠠᠢ ᠶᠢᠨ ᠬᠦᠪᠡᠭᠡᠨ᠎ᠡ ᠢᠷᠡᠭᠰᠡᠨ ᠨᠢ ᠡᠨᠡ ᠪᠢᠯᠡ᠃       ᠬᠠᠭᠤᠴᠢᠨ ᠵᠢᠯ ᠣᠷᠣᠰᠣᠨ ᠤᠳᠴᠤ᠂ ᠰᠢᠨ᠎ᠡ ᠵᠢᠯ ᠮᠤᠷᠢᠯᠠᠨ ᠢᠷᠡᠵᠦ ᠪᠠᠶᠢᠨ᠎ᠠ᠃ ᠤᠮᠪᠤᠯᠤ ᠮᠢᠨᠢ ᠵᠢᠯ ᠠᠴᠠ ᠵᠢᠯ ᠦᠰᠴᠦ ᠦᠭᠡᠯᠡᠢ ᠪᠤᠯᠬᠤ ᠳᠤ᠂ ᠪᠢ ᠬᠠᠷᠢᠨ ᠣᠯᠠᠮ ᠢᠢᠡᠷ ᠵᠢᠵᠢᠭᠷᠡᠬᠦ ᠰᠢᠤᠬᠠᠨ ᠪᠤᠯᠵᠠᠢ᠃ ᠬᠡᠳᠦᠨ ᠵᠢᠯ ᠤᠨ ᠡᠮᠦᠨ᠎ᠡ ᠨᠢᠭᠡᠨ ᠨᠠᠶᠢᠵᠠ ᠠᠴᠠ ᠤᠮᠪᠤᠯᠤ ᠴᠢᠨᠢ ᠴᠢᠮᠠᠢᠢ ᠲᠤᠯᠵᠤ ᠲᠦᠯᠬᠢᠭᠡᠳ ᠦᠳᠡᠯᠴᠢᠬᠡᠯ᠎ᠡ ᠪᠢᠵᠡ︖ ᠭᠡᠵᠦ ᠬᠡᠯᠡᠭᠰᠡᠨ ᠨᠢ ᠶᠠᠭ ᠮᠠᠷᠳᠠᠭᠳᠠᠳᠠᠭ ᠦᠭᠡᠢ᠃ ᠦᠨᠡᠬᠡᠷ ᠴᠤ ᠳ᠋ᠠ᠂ ᠬᠦᠮᠦᠨ ᠪᠤᠯᠤᠨ ᠤᠷᠭᠤᠮᠠᠯ ᠶᠡᠭᠡ ᠲᠦᠰᠦᠭᠡᠳᠡᠢ᠃ ᠰᠢᠨ᠎ᠡ ᠰᠦᠶ᠎ᠡ ᠦᠰᠴᠦ ᠣᠷᠭᠤᠬᠤ ᠳᠤ ᠬᠠᠭᠤᠴᠢᠨ ᠤᠷᠭᠤᠮᠠᠯ ᠮᠤᠵᠢᠵᠤ ᠬᠠᠳᠠᠨ ᠵᠢᠵᠢᠭᠷᠡᠵᠦ᠂ ᠢᠳᠡᠷᠡᠭᠦᠨ ᠢᠶᠠᠷ ᠦᠰᠭᠦ ᠨᠢᠯᠬ᠎ᠠ ᠰᠦᠶ᠎ᠡ ᠳᠤ ᠤᠷᠤᠨ ᠪᠠᠶᠢᠷᠢ ᠪᠠᠨ ᠶᠡᠭᠦᠯᠡᠨ ᠦᠭᠳᠡᠭ᠃ ᠡᠨᠡ ᠵᠢᠮ᠎ᠡ ᠶᠤᠰᠤᠨ ᠢ ᠬᠦᠮᠦᠰ ᠲᠠᠨᠢᠵᠤ᠂ ᠶᠠᠮᠠᠷ ᠦᠶ᠎ᠡ ᠳᠡᠭᠡᠨ ᠶᠠᠮᠠᠷ ᠠᠵᠢᠯ ᠢᠶᠠᠨ ᠪᠡᠶᠡᠯᠡᠭᠦᠯᠵᠦ᠂ ᠴᠠᠭ ᠲᠤᠨᠢ ᠵᠤᠬᠢᠴᠠᠭᠰᠠᠨ ᠵᠦᠢᠯ ᠢ ᠬᠢᠴᠢᠶᠡᠬᠦ ᠨᠢ ᠵᠦᠢ ᠭᠡᠳᠡᠭ ᠢ ᠤᠬᠠᠭᠠᠷᠠᠵᠤ ᠶᠠᠪᠤᠳᠠᠭ ᠠᠵᠢ᠃ ᠲᠡᠭᠡᠬᠦ ᠳᠡᠭᠡᠨ ᠤᠳᠭ᠎ᠠ ᠵᠤᠬᠢᠶᠠᠯ ᠪᠣᠯᠣᠨ ᠠᠶ᠎ᠠ ᠲᠠᠭᠤᠤ ᠬᠤᠶᠠᠷ ᠲᠤ ᠯᠡ ᠡᠨᠡ ᠶᠠᠪᠤᠴᠠ ᠳᠠᠬᠢ ᠬᠦᠮᠦᠨ ᠲᠡᠷᠢᠭᠦᠳᠡᠨ ᠤ ᠡᠯᠳᠡᠪ ᠵᠦᠢᠯ ᠤᠨ ᠰᠡᠳᠭᠢᠯᠭᠡᠨ ᠢ ᠲᠤᠰᠬᠠᠳᠠᠭ ᠪᠠᠶᠢᠬᠤ ᠦᠭᠡᠢ ᠤᠤ ᠭᠡᠰᠡᠨ ᠲᠦᠷᠦᠭᠲᠡᠯ ᠰᠡᠪᠡᠯᠵᠡᠭᠰᠡᠨ ᠰᠠᠯᠬᠢ ᠲᠠᠢ ᠬᠠᠮᠲᠣ ᠰᠡᠳᠬᠢᠯ ᠲᠣᠲᠣᠷ᠎ᠠ ᠮᠢᠨᠢ ᠤᠷᠭᠤᠪᠠ᠃ ᠢᠩᠬᠢᠵᠦ ᠪᠤᠳᠤᠬᠤ ᠶᠢᠨ ᠲᠠᠯᠢᠮ ᠢᠶᠠᠷ ᠠᠷᠤ ᠭᠤᠪᠢ ᠶᠢᠨ ᠲᠤᠣᠷᠠᠢ ᠮᠤᠳᠤ ᠪᠠᠨ ᠰᠠᠨᠠᠵᠦ ᠠᠮᠵᠢᠯ᠎ᠠ᠃ ᠤᠷᠭᠤᠭᠠᠳ ᠮᠢᠩᠭᠠᠨ ᠵᠢᠯ᠂ ᠤᠨᠠᠭᠠᠳ ᠮᠢᠩᠭᠠᠨ ᠵᠢᠯ᠂ ᠦᠵᠢᠷᠡᠭᠡᠳ ᠮᠢᠩᠭᠠᠨ ᠵᠢᠯ ᠭᠡᠳᠡᠭ ᠲᠡᠷᠡ ᠮᠤᠳᠤ ᠮᠢᠩᠭᠠᠨ ᠵᠢᠯ ᠤᠷᠭᠤᠬᠤ ᠳᠠᠭᠠᠨ ᠦᠰᠴᠦ ᠲᠣᠮᠣᠷᠠᠬᠤ ᠭᠡᠵᠦ ᠲᠡᠮᠡᠤᠯᠣᠨ᠂ ᠲᠡᠮᠡᠤᠯᠣᠯ ᠤᠨ ᠲᠤᠮᠳᠠ ᠤᠨᠠᠬᠤ ᠳᠠᠭᠠᠨ ᠴᠢᠨᠠᠭᠰᠢ ᠮᠢᠩᠭᠠᠨ ᠵᠢᠯ ᠤᠷᠤᠰᠢᠨ ᠲᠤᠭᠳᠠᠨᠢᠬᠤ ᠭᠡᠵᠦ ᠲᠡᠯᠴᠢᠯᠡᠨ᠂ ᠲᠡᠯᠴᠢᠯᠡᠯ ᠤᠨ ᠲᠤᠮᠳᠠ ᠪᠠᠰᠠ ᠮᠢᠩᠭᠠᠨ ᠵᠢᠯ ᠢᠯᠵᠢᠷᠡᠬᠦ ᠦᠭᠡᠢ᠂ ᠠᠷᠢᠯᠬᠤ ᠦᠭᠡᠢ ᠭᠡᠵᠦ ᠬᠦᠴᠦᠯᠡᠨ ᠲᠡᠰᠪᠦᠷᠢᠯᠡᠳᠡᠭ ᠨᠢ ᠶᠠᠭᠤᠳᠠᠢ ᠤᠶᠠᠷᠠᠭᠤᠨ ᠵᠢᠪᠬᠤᠭᠠᠯᠢᠭ ᠠᠵᠢ︖ ᠵᠢᠷᠳᠢᠨᠴᠦ ᠶᠢᠨ ᠲᠦᠮᠡᠨ ᠪᠤᠳᠠᠰ ᠤᠨ ᠲᠡᠰᠪᠦᠷᠢ ᠲᠡᠪᠴᠢᠶᠡᠷᠢ ᠶᠢ ᠭᠠᠶᠢᠬᠠᠨ ᠪᠢᠰᠢᠷᠠᠭᠡᠳ ᠮᠤᠬᠤᠬᠤ ᠦᠭᠡᠢ᠃ ᠭᠡᠪᠡᠴᠦ᠂ ᠤᠨ ᠵᠢᠯ ᠭᠡᠭᠴᠢ ᠶᠢᠨ ᠤᠳᠭ᠎ᠠ ᠠᠭᠤᠯᠭ᠎ᠠ ᠶᠢ ᠮᠡᠳᠡᠷᠡᠬᠦ ᠦᠭᠡᠢ ᠪᠠᠶᠢᠬᠤ ᠶᠢᠨ ᠠᠷᠭ᠎ᠠ ᠦᠭᠡᠢ ᠪᠦᠭᠡᠳ ᠴᠠᠬ ᠬᠤᠭᠤᠴᠠᠭ᠎ᠠ ᠣᠷᠣᠰᠣᠨ ᠦᠩᠭᠡᠷᠡᠬᠦ ᠶᠢ ᠲᠠᠭᠠᠯᠳᠤᠨ ᠦᠰᠴᠦ ᠵᠢᠵᠢᠭᠷᠡᠬᠦ ᠤᠷᠴᠢᠯ ᠤᠨ ᠵᠢᠮ᠎ᠡ ᠪᠡᠶᠡᠯᠡᠵᠦ ᠪᠠᠶᠢᠳᠠᠭ ᠢ ᠴᠤ ᠮᠡᠳᠡᠷᠡᠬᠦ ᠶᠣᠰᠣᠲᠠᠢ᠃ ᠲᠣᠣᠷᠠᠢ ᠶᠢᠨ ᠮᠣᠲᠣᠨ ᠤ ᠭᠤᠷᠪᠠᠨ ᠮᠢᠩᠭᠠᠨ ᠵᠢᠯ ᠤᠨ ᠵᠢᠳᠬᠦᠯ ᠲᠡᠮᠡᠤᠯᠣᠯ ᠨᠢ ᠰᠢᠨ᠎ᠡ ᠪᠠᠷ ᠮᠡᠨᠳᠦᠯᠡᠬᠦ ᠦᠨᠳᠦᠰᠦ ᠰᠦᠶ᠎ᠡ ᠳᠡᠭᠡᠨ ᠨᠦᠮᠦᠷᠢ ᠪᠤᠯᠵᠤ᠂ ᠦᠰᠴᠦ ᠣᠷᠭᠤᠬᠤ ᠳᠤᠨᠢ ᠰᠢᠮ᠎ᠡ ᠬᠠᠩᠭᠠᠬᠤ ᠶᠢᠨ ᠲᠦᠯᠦᠭᠡ᠃ ᠨᠢᠭᠳᠠᠯᠠᠨ ᠰᠠᠨᠠᠪᠠᠰᠤ᠂ ᠬᠦᠮᠦᠨ ᠴᠤ ᠠᠳᠠᠯᠢ ᠪᠠᠶᠢᠳᠠᠭ ᠠᠵᠢ᠃ ᠡᠴᠢᠭᠡ ᠡᠬᠡ ᠪᠤᠯᠤᠭᠰᠠᠳ ᠦᠷ᠎ᠡ ᠬᠡᠦᠬᠡᠳ ᠤᠨ ᠢᠶᠠᠨ ᠦᠰᠦᠨ ᠪᠤᠶᠢᠵᠢᠯᠳᠠ᠂ ᠦᠢᠯᠡᠰ ᠪᠦᠳᠦᠭᠡᠯ ᠳᠤ ᠴᠠᠭ ᠢᠮᠠᠭᠳᠠ ᠰᠠᠨᠠᠭ᠎ᠠ ᠪᠤᠳᠤᠯ ᠢᠶᠠᠨ ᠴᠢᠯᠡᠭᠡᠨ᠂ ᠪᠡᠶ᠎ᠡ ᠰᠡᠳᠭᠢᠯ ᠤᠨ ᠬᠢᠨᠢ ᠡᠷᠡᠭᠦᠯ ᠪᠤᠶᠢᠵᠢᠯᠲᠠ ᠳᠤ ᠰᠢᠮ᠎ᠡ ᠲᠡᠵᠢᠭᠡᠯ ᠬᠦᠷᠳᠡᠭᠡᠬᠦ ᠪᠠᠷ ᠵᠢᠳᠬᠦᠨ ᠴᠢᠷᠮᠠᠶᠢᠵᠤ᠂ ᠴᠢᠨᠠᠬᠰᠢᠯᠠᠭᠠᠳ ᠦᠳᠡᠯᠵᠦ ᠡᠪᠦᠭᠡᠷᠡᠭᠰᠡᠨ ᠢᠢᠡᠨ ᠴᠤ ᠠᠩᠬᠠᠷᠣᠯ ᠦᠭᠡᠢ ᠨᠢ ᠮᠦᠨ ᠴᠤ ᠤᠶᠠᠷᠠᠭᠤᠨ ᠵᠢᠪᠬᠤᠭᠠᠯᠢᠭ ᠭᠡᠯᠲᠡᠢ᠃ ᠲᠠᠭᠤᠤ ᠬᠦᠭᠵᠢᠮ ᠬᠢᠭᠡᠳ ᠤᠳᠭ᠎ᠠ ᠵᠤᠬᠢᠶᠠᠯ ᠪᠣᠯ ᠶᠠᠭ ᠲᠡᠷᠡ ᠤᠶᠠᠷᠠᠭᠤᠨ ᠵᠢᠪᠬᠤᠭᠠᠯᠢᠭ ᠠᠮᠢᠳᠤᠷᠠᠯ ᠢ ᠲᠠᠭᠤᠯᠠᠳᠠᠭ ᠶᠤᠮᠰᠠᠨ᠃ ᠠᠭᠠᠷ ᠬᠤᠷ᠎ᠠ ᠰᠢᠭ ᠠᠶᠠᠨᠳᠠᠭᠠᠨ ᠡᠳ᠋ᠯᠡᠵᠦ ᠶᠠᠪᠤᠳᠠᠭ ᠵᠦᠢᠯ ᠢᠢᠨᠨ ᠪᠠᠶᠢᠬᠤ ᠡᠰᠡᠬᠦ ᠳᠤ ᠪᠦᠷ ᠪᠤᠯᠬᠤ ᠬᠡᠮᠡᠨ ᠬᠦᠮᠦᠨ ᠠᠩᠵᠠᠭᠠᠷᠠᠵᠦ ᠤᠪᠠᠶᠢᠯᠠᠳᠠᠭ ᠦᠭᠡᠢ ᠳ᠋ᠠ᠃       ᠬᠦᠮᠦᠰ ᠴᠣᠬᠤᠮ ᠶᠠᠭᠤᠨ ᠤ ᠲᠦᠯᠦᠭᠡ ᠤᠨᠠᠨ ᠲᠤᠰᠤᠨ ᠭᠦᠶᠦᠵᠦ᠂ ᠤᠨᠳᠠᠵᠤ ᠠᠮᠠᠷᠠᠯ ᠦᠭᠡᠢ ᠵᠢᠳᠬᠦᠲᠡᠭ ᠪᠤᠢ︖ ᠵᠤᠭᠤᠰ ᠮᠦᠩᠭᠦᠨ ᠤ ᠲᠦᠯᠦᠭᠡ ᠭᠡᠵᠢ ᠤᠤ︖ ᠵᠤᠭᠤᠰ ᠮᠦᠩᠭᠦ ᠣᠯᠬᠤ ᠨᠢ ᠪᠠᠰᠠ ᠶᠠᠭᠤᠨ ᠤ ᠲᠦᠯᠦᠭᠡ ᠪᠤᠢ︖ ᠡᠴᠦᠰ ᠤᠨ ᠬᠠᠷᠢᠭᠤᠯᠳᠠ ᠨᠢ ᠵᠤᠯ ᠵᠢᠷᠭᠠᠯ ᠤᠨ ᠲᠦᠯᠦᠭᠡ ᠭᠡᠵᠦ ᠪᠢ ᠪᠤᠳᠤᠳᠠᠭ ᠪᠦᠭᠡᠳ ᠵᠤᠯ ᠵᠢᠷᠭᠠᠯ ᠪᠣᠯ ᠪᠤᠯᠪᠠᠰᠤᠨ ᠰᠤᠶᠤᠯ ᠤᠨ ᠲᠤᠳᠤᠷ᠎ᠠ ᠪᠤᠢ ᠭᠡᠳᠡᠭ ᠢ ᠢᠳᠡᠬᠡᠳᠡᠭ᠃ ᠭᠡᠪᠡᠴᠦ᠂ ᠦᠪᠰᠢᠵᠦ ᠬᠦᠷᠦᠩᠭᠡᠵᠢᠬᠦ ᠬᠢᠭᠡᠳ ᠪᠤᠯᠪᠠᠰᠤᠨ ᠰᠤᠶᠤᠯ ᠳᠤ ᠬᠦᠷᠬᠦ ᠪᠣᠯ ᠲᠠᠰᠤ ᠦᠭᠡᠷ᠎ᠡ ᠬᠤᠶᠠᠷ ᠶᠠᠪᠣᠲᠠᠯ᠃ ᠲᠠᠭᠤᠤ ᠬᠦᠭᠵᠢᠮ ᠪᠤᠯ ᠰᠡᠳᠭᠢᠯ ᠤᠨ ᠬᠢᠵᠠᠭᠠᠷ ᠲᠤ ᠬᠠᠰᠢᠭᠳᠠᠬᠤ ᠶᠠᠭᠤᠮ᠎ᠠ ᠪᠢᠰᠢ᠂ ᠬᠠᠷᠢᠨ ᠬᠦᠮᠦᠨ ᠲᠦᠷᠦᠯᠬᠢᠳᠡᠨ ᠤ ᠰᠦᠭ ᠰᠦᠨᠡᠰᠦᠨ ᠤ ᠪᠦᠷᠢᠯᠸ᠎ᠠ ᠶᠣᠮ᠃ ᠬᠦᠮᠦᠰ ᠲᠠᠭᠤᠤ ᠬᠦᠭᠵᠢᠮ ᠰᠤᠨᠢᠷᠬᠠᠬᠤ ᠤᠬᠠᠮᠰᠠᠷᠬᠤᠢ ᠪᠤᠶᠤ ᠲᠡᠶᠢᠮᠦ ᠬᠢᠷᠢ ᠬᠡᠮ ᠲᠠᠢ ᠪᠤᠯᠤᠭᠰᠠᠨ ᠦᠶ᠎ᠡ ᠳᠤ ᠪᠣᠲᠣᠯ ᠰᠡᠳᠭᠢᠯ ᠠᠭᠤᠵᠢᠷᠠᠨ᠎ᠠ᠃ ᠭᠡᠬᠦ ᠳᠡᠭᠡᠨ ᠲᠡᠷᠡ ᠬᠢᠷᠢ ᠬᠡᠮ ᠳᠤ ᠬᠦᠷᠬᠦ ᠭᠡᠪᠡᠯ ᠰᠤᠶᠤᠯ ᠢᠷᠭᠡᠨᠰᠢᠯ ᠤᠨ ᠪᠤᠯᠪᠠᠰᠤᠨ ᠬᠦᠭᠵᠢᠯᠳᠡ ᠲᠡᠪᠢᠰᠭᠡᠷ ᠪᠤᠯᠳᠠᠭ ᠢ ᠮᠠᠷᠳᠠᠵᠤ ᠦᠯᠦ ᠪᠣᠯᠣᠨ᠎ᠠ᠃ ᠲᠡᠷᠡ ᠦᠶ᠎ᠡ ᠳᠤ ᠲᠠᠭᠤᠤ ᠬᠦᠭᠵᠢᠮ ᠪᠤᠯ ᠶᠠᠩᠪᠠᠷᠬᠠᠬᠤ ᠶᠠᠭᠤᠮ᠎ᠠ ᠪᠣᠰᠣ᠂ ᠬᠦᠮᠦᠨ ᠠᠮᠢᠳᠠᠨ ᠤ ᠰᠦᠭ ᠰᠦᠨᠡᠰᠦᠨ ᠢ ᠤᠷᠢᠶᠠᠭᠰᠠᠨ ᠰᠢᠳᠢᠳᠦ ᠤᠶᠠᠩᠭ᠎ᠠ ᠷᠢᠳᠢᠳᠦ ᠡᠭᠡᠰᠢᠭ ᠮᠦᠨ ᠭᠡᠳᠡᠭ ᠢ ᠵᠢᠷᠦᠬᠡ ᠰᠡᠳᠭᠢᠯ ᠢᠶᠠᠷ ᠢᠶᠠᠨ ᠮᠡᠳᠡᠷᠡᠬᠦ ᠪᠤᠯᠤᠨ᠎ᠠ᠃      ᠪᠠᠭ᠎ᠠ ᠵᠠᠯᠠᠭᠤ ᠶᠢᠨ ᠦᠶ᠎ᠡ ᠳᠤ ᠪᠡᠶ᠎ᠡ ᠲᠡᠩᠬᠡᠭᠡ ᠳᠡᠭᠡᠨ ᠡᠷᠳᠦᠵᠦ᠂ ᠴᠠᠳᠲᠠᠯ᠎ᠠ ᠢᠳᠡᠭᠡᠳ ᠠᠪᠤᠪᠠᠯ ᠶᠠᠳᠠᠷᠠᠭ᠎ᠠ ᠲᠠᠶᠢᠯᠤᠭᠳᠠᠵᠤ᠂ ᠭᠤᠷᠢ ᠦᠭᠡᠢ ᠪᠤᠯ ᠪᠠᠰᠠ ᠬᠠᠨᠣᠲᠠᠯ᠎ᠠ ᠤᠨᠳᠠᠭᠠᠳ ᠠᠪᠤᠪᠠᠯ ᠶᠠᠳᠠᠷᠠᠯ ᠵᠦᠳᠡᠷᠡᠯ᠂ ᠭᠤᠨᠢᠭ ᠤᠶᠢᠳᠬᠠᠷ ᠪᠦᠬᠦᠨ ᠮᠠᠷᠲᠠᠬᠲᠠᠵᠦ ᠵᠠᠮᠬᠠᠷᠠᠲᠠᠬ᠃ ᠭᠡᠪᠡᠴᠦ᠂ ᠨᠠᠰᠤ ᠵᠢᠯ ᠨᠡᠮᠡᠭᠲᠡᠭᠡᠳ ᠢᠷᠡᠬᠦᠯᠡᠷ ᠪᠡᠶ᠎ᠡ ᠰᠡᠳᠭᠢᠯ ᠤᠨ ᠬᠦᠷᠦᠩᠭᠡ ᠢᠳᠡᠭ ᠢᠳᠡᠭ ᠢᠶᠠᠷ ᠬᠤᠷᠤᠭᠳᠠᠵᠤ᠂ ᠶᠠᠳᠠᠷᠠᠯ ᠢ ᠲᠠᠭᠠᠭᠠᠬᠤ ᠦᠭᠡᠢ ᠪᠤᠯᠵᠦ᠂ ᠭᠤᠨᠢᠭ ᠤᠶᠢᠳᠬᠠᠷ ᠢ ᠲᠡᠭᠡᠭᠡᠬᠦ ᠰᠡᠳᠭᠢᠯ ᠤᠨ ᠲᠡᠩᠬᠡᠭᠡ ᠲᠠᠮᠢᠷ ᠴᠤ ᠠᠯᠠᠭ᠎ᠠ ᠪᠤᠯᠲᠠᠬ᠃ ᠡᠨᠡ ᠦᠶ᠎ᠡ ᠳᠤ ᠤᠤᠯ ᠤᠨ ᠠᠳᠠᠯᠢ ᠢᠳᠡᠵᠦ ᠤᠨᠳᠠᠬᠤ ᠪᠠᠷ ᠶᠠᠳᠠᠷᠠᠯ ᠵᠦᠳᠡᠷᠡᠯ ᠢᠶᠠᠨ ᠲᠠᠶᠢᠯᠵᠤ ᠴᠢᠳᠠᠬᠤ ᠦᠭᠡᠢ ᠪᠤᠯᠤᠭᠠᠳ ᠠᠭᠠᠵᠢᠮ ᠢᠢᠡᠷ ᠰᠡᠯᠡᠭᠦᠬᠡᠨ ᠦᠷᠦᠬᠡᠨ ᠳᠤ ᠤᠳᠭ᠎ᠠ ᠵᠤᠬᠢᠶᠠᠯ ᠤᠩᠰᠢᠨ ᠲᠠᠭᠤᠤ ᠬᠦᠭᠵᠢᠮ ᠰᠤᠨᠤᠰᠬᠤ ᠪᠠᠷ ᠶᠠᠳᠠᠷᠠᠭ᠎ᠠ ᠪᠠᠨ ᠲᠠᠶᠢᠯᠵᠤ ᠤᠶᠢᠳᠬᠠᠷ ᠭᠤᠨᠢᠭ ᠢᠶᠠᠨ ᠦᠯᠲᠡᠬᠦ ᠶᠢ ᠵᠤᠷᠢᠲᠠᠬ᠃ ᠢᠷᠠᠭᠤ ᠨᠠᠶᠢᠷᠠᠭ ᠤᠶᠠᠩᠭᠠᠯᠠᠵᠤ᠂ ᠠᠶ᠎ᠠ ᠲᠠᠭᠤᠤ ᠰᠤᠨᠤᠰᠬᠤ ᠳᠤ ᠶᠠᠳᠠᠷᠠᠭ᠎ᠠ ᠨᠡᠬᠡᠷᠡᠨ ᠲᠠᠶᠢᠯᠤᠭᠳᠠᠬᠤ ᠡᠰᠡᠬᠦ ᠶᠢ ᠬᠡᠨ ᠮᠡᠳᠡᠬᠦ ᠠᠵᠢᠶᠠᠨᠠᠮ︖ ᠲᠤᠷ᠎ᠠ ᠲᠠᠢ ᠵᠦᠢᠯ ᠢᠶᠠᠷ ᠦᠪᠡᠷ ᠢ ᠪᠠᠨ ᠰᠠᠭᠠᠳᠠᠭᠤᠯᠬᠤ ᠭᠡᠵᠦ ᠪᠠᠰᠠ ᠵᠦᠭᠡᠷ ᠠᠵᠤ ᠪᠠᠶᠢᠭ᠎ᠠ ᠯᠡ ᠳ᠋ᠠ᠃ ᠨᠠᠳᠠᠳᠤ ᠠᠪᠴᠤ ᠬᠡᠯᠡᠪᠡᠯ ᠤᠮᠪᠤᠯᠤ ᠮᠢᠨᠢ ᠴᠢᠯᠦᠭᠡ ᠵᠠᠪ ᠢᠶᠠᠷ ᠢᠶᠠᠨ ᠬᠦᠷᠦᠭᠡᠳ ᠢᠷᠡᠪᠡᠯ ᠶᠡᠭᠡ ᠪᠠᠶᠠᠷᠯᠠᠴᠢᠬᠠᠲᠠᠬ᠂ ᠶᠠᠭᠤᠨ ᠳᠤ ᠲᠡᠭᠡᠵᠦ ᠪᠠᠶᠠᠷᠯᠠᠲᠠᠬ ᠢᠢᠡᠨ ᠦᠪᠡᠷ ᠠᠴᠠ ᠪᠠᠨ ᠠᠰᠠᠭᠤᠭᠰᠠᠨ ᠴᠤ ᠡᠨᠡ ᠲᠡᠷᠡ ᠭᠡᠵᠦ ᠬᠡᠯᠡᠵᠦ ᠭᠠᠷᠭᠠᠵᠤ ᠴᠢᠳᠠᠳᠠᠭ ᠦᠭᠡᠢ᠃ ᠶᠠᠭ ᠯᠡ ᠤᠩᠰᠢᠬᠤ ᠲᠤᠷ᠎ᠠ ᠲᠠᠢ ᠨᠤᠮ᠂ ᠰᠤᠨᠤᠰᠬᠤ ᠲᠤᠷ᠎ᠠ ᠲᠠᠢ ᠲᠠᠭᠤᠤ ᠪᠠᠨ ᠤᠯᠵᠦ ᠰᠤᠨᠤᠰᠤᠭᠰᠠᠨ ᠰᠢᠤᠬᠠᠨ ᠣᠯᠵᠠᠭᠤᠷᠬᠠᠲᠠᠬ ᠨᠢ ᠦᠨᠡᠨ᠃ ᠦᠳᠡᠯᠵᠤ ᠪᠠᠶᠢᠭ᠎ᠠ ᠶᠢᠨ ᠰᠢᠨᠵᠢ ᠤᠤ ᠳ᠋ᠠ︖ ᠡᠰᠡᠭᠦᠯ᠎ᠡ ᠬᠦᠮᠦᠰ ᠤᠨ ᠬᠡᠯᠡᠵᠦ ᠬᠦᠭᠡᠭᠡᠴᠡᠯᠳᠦᠳᠡᠭ ᠦᠨᠦ ᠵᠤᠯ ᠵᠢᠷᠭᠠᠯ ᠭᠡᠳᠡᠭ ᠨᠢ ᠨᠠᠭᠠᠰᠢᠯᠠᠵᠦ ᠪᠠᠶᠢᠭ᠎ᠠ ᠨᠢ ᠲᠡᠷᠡ ᠤᠤ ᠳ᠋ᠠ᠃       ᠠᠵᠢᠯ ᠠᠴᠠ ᠲᠠᠷᠬᠠᠯᠠᠭᠳᠠᠭᠰᠠᠨ ᠤ ᠬᠤᠶᠢᠨ᠎ᠠ ᠭᠠᠭᠴᠠᠭᠠᠷᠳᠠᠭᠰᠠᠨ ᠵᠦᠢᠯ ᠠᠯᠠᠭ᠎ᠠ ᠬᠡᠮᠡᠨ ᠪᠢ ᠪᠤᠳᠤᠳᠠᠭ᠃ ᠦᠨᠡᠨᠳᠡᠭᠡᠨ ᠭᠠᠭᠴᠠᠭᠠᠷᠳᠠᠬᠤ ᠦᠭᠡᠢ ᠶᠠᠪᠤᠬᠤ ᠬᠦᠮᠦᠨ ᠭᠡᠵᠦ ᠬᠠᠮᠢᠭ᠎ᠠ ᠪᠠᠶᠢᠬᠤ ᠠᠵᠢ︖ ᠭᠠᠭᠴᠠᠭᠠᠷᠳᠠᠯ ᠢᠶᠠᠨ ᠶᠠᠭᠤ ᠨᠢᠭᠡᠨ ᠤ ᠴᠠᠭᠠᠨ᠎ᠠ ᠲᠠᠯᠳᠠᠯᠠᠵᠤ ᠪᠣᠢ ᠭᠡᠳᠡᠭ ᠢ ᠤᠶᠢᠯᠠᠭᠠᠬᠤ ᠬᠡᠷᠡᠭᠳᠡᠢ᠃ ᠲᠦᠮᠡ ᠲᠦᠴᠢᠬᠢᠨᠡᠭᠰᠡᠨ ᠬᠤᠳᠠ ᠵᠡᠭᠡᠯᠢ ᠶᠢᠨ ᠲᠡᠷᠡ ᠣᠯᠠᠨ ᠬᠦᠮᠦᠨ ᠪᠦᠷ ᠭᠠᠭᠴᠠᠭᠠᠷᠳᠠᠮᠠᠯ ᠴᠤᠭᠴᠠ ᠪᠠᠶᠢᠭ᠎ᠠ ᠰᠢᠦ ᠳ᠋ᠠ᠃       ᠡᠮᠦᠨ᠎ᠡ ᠲᠠᠯᠠᠢ ᠶᠢᠨ ᠡᠷᠬᠢ ᠳᠤ ᠪᠢᠳᠡ ᠬᠠᠪᠤᠷ ᠢ ᠤᠭᠳᠤᠯ᠎ᠠ᠃ ᠴᠡᠩᠬᠡᠷ ᠠᠭᠠᠷ ᠲᠤᠨᠢ ᠰᠢᠮᠡᠵᠢᠨ ᠢᠷᠡᠬᠦ ᠤᠷᠢᠬᠠᠨ ᠰᠠᠯᠬᠢ ᠴᠡᠴᠡᠭ ᠤᠨ ᠲᠡᠯᠪᠢ ᠶᠢ ᠰᠡᠪᠡᠯᠵᠡᠭᠦᠯᠬᠦ ᠠᠶ᠎ᠠ ᠲᠠᠭᠤᠤ ᠶᠢᠨ ᠲᠤᠮᠳᠠ ᠵᠢᠷᠦᠬᠡ ᠰᠡᠳᠭᠢᠯ ᠢᠶᠠᠷ ᠢᠶᠠᠨ ᠮᠡᠳᠡᠷᠡᠨ ᠤᠭᠳᠤᠪᠠ᠃ ᠡᠯᠳᠡᠪ ᠪᠤᠳᠤᠯ ᠤᠨ ᠬᠠᠯᠬᠠᠪᠴᠢ ᠦᠭᠡᠢ ᠲᠡᠷᠡ ᠰᠠᠶᠢᠬᠠᠨ ᠠᠶ᠎ᠠ ᠬᠦᠭᠵᠢᠮ ᠤᠨ ᠲᠤᠮᠳᠠ᠂ ᠦᠰᠪᠦᠷᠢ ᠶᠢᠨ ᠤᠯᠠᠨ ᠬᠡᠦᠬᠡᠳ ᠪᠠᠭᠠᠴᠤᠤᠯ ᠤᠨ ᠦ ᠦᠭᠡᠢ ᠢᠨᠢᠶᠡᠮᠰᠦᠭᠯᠡᠯ᠂ ᠢᠷᠡᠵᠦ ᠡᠴᠢᠬᠦ ᠤᠯᠠᠨ ᠬᠦᠮᠦᠰ ᠤᠨ ᠴᠡᠩᠭᠡᠯ ᠵᠢᠷᠭᠠᠯᠳᠤ ᠲᠠᠭᠠᠰᠢᠶᠠᠯ ᠠᠴᠠ ᠡᠮᠦᠨ᠎ᠡ ᠲᠠᠯᠠᠢ ᠶᠢᠨ ᠤᠷᠢᠬᠠᠨ ᠬᠠᠪᠤᠷ ᠤᠨ ᠤᠷᠢᠨ ᠰᠠᠯᠬᠢ ᠶᠢ ᠪᠡᠶ᠎ᠡ ᠰᠡᠳᠭᠢᠯ ᠢᠢᠡᠷ ᠢᠢᠡᠨ ᠰᠢᠩᠭᠡᠭᠡᠵᠦ ᠠᠪᠬᠤ ᠶᠢ ᠰᠠᠨᠠᠪᠠ᠃ ᠤᠮᠪᠤᠯᠤ ᠬᠦᠦ ᠶᠢᠨ ᠮᠢᠨᠢ ᠬᠦᠭᠵᠢᠮᠳᠡᠭᠰᠡᠨ ᠠᠶ᠎ᠠ ᠨᠢ ᠰᠢᠵᠢᠷᠳᠡᠨ ᠭᠢᠯᠠᠯᠵᠠᠬᠤ ᠤᠷᠤᠯᠳᠤᠭᠠᠨ ᠤ ᠲᠠᠩᠭᠢᠮ ᠳᠤ ᠴᠤᠤᠷᠢᠶᠠᠳᠤᠵᠤ᠂ ᠯᠠᠪᠳᠠᠭᠤᠬᠠᠨ ᠲᠦᠷᠬᠦ᠂ ᠲᠤᠭᠳᠠᠭᠤᠬᠠᠨ ᠬᠦᠳᠡᠯᠦᠯ ᠪᠠ ᠵᠢᠪᠬᠤᠭᠠᠯᠢᠭ ᠬᠦᠭᠡᠷᠦᠬᠦᠨ ᠪᠠᠶᠢᠳᠠᠯ ᠨᠢ ᠤᠯᠠᠨ ᠤ ᠬᠠᠷᠠᠭ᠎ᠠ ᠶᠢ ᠪᠤᠯᠢᠶᠠᠨ᠂ ᠬᠢᠨᠠᠭᠴᠢ ᠶᠢᠨ ᠠᠩᠬᠠᠷᠤᠯ ᠢ ᠲᠠᠳᠠᠵᠤ᠂ ᠮᠦᠩᠭᠦᠨ ᠮᠧᠲᠠᠯ ᠢᠶᠠᠷ ᠡᠩᠭᠡᠷ ᠢᠶᠠᠨ ᠮᠢᠯᠢᠶᠠᠯᠭᠠᠬᠰᠠᠨ ᠳᠤ ᠪᠢᠳᠡ ᠤᠷᠤᠨ ᠳᠠᠭᠠᠨ ᠲᠤᠭᠳᠠᠵᠤ ᠶᠠᠳᠠᠨ ᠪᠠᠶᠠᠷᠯᠠᠭᠰᠠᠨ ᠪᠢᠯᠡ᠃ ᠢᠷᠮᠡᠭᠦᠨ ᠮᠢᠨᠢ ᠠᠮᠵᠢᠯᠳᠠ ᠪᠦᠳᠦᠭᠡᠯ ᠢᠶᠠᠷ ᠢᠶᠠᠨ᠂ ᠢᠷᠡᠬᠦ ᠮᠠᠷᠭᠠᠰᠢ ᠶᠢᠨ ᠬᠦᠰᠡᠯ ᠵᠤᠷᠢᠯᠳᠠ ᠪᠠᠷ ᠢᠶᠠᠨ᠂ ᠠᠶ᠎ᠠ ᠬᠦᠭᠵᠢᠮ ᠢᠶᠠᠷ ᠢᠶᠠᠨ ᠮᠠᠨ ᠤ ᠭᠡᠷ ᠪᠦᠯᠢ ᠶᠢᠨ ᠬᠢᠨ ᠳᠤ ᠵᠤᠯ ᠵᠢᠷᠭᠠᠯ ᠤᠨ ᠲᠦᠭᠦᠷᠡᠩ ᠮᠡᠳᠡᠷᠡᠮᠵᠢ ᠶᠢ ᠠᠮᠳᠠᠷᠬᠠᠭᠤᠯᠵᠤ ᠦᠭᠭᠦᠭᠰᠡᠨ ᠨᠢ ᠡᠨᠡ ᠶᠤᠮᠰᠠᠨ᠃ ᠲᠡᠷᠡ ᠡᠳᠦᠷ ᠨᠢ ᠶᠠᠭ ᠬᠠᠪᠤᠷ ᠤᠨ ᠠᠭᠤᠷ ᠤᠷᠤᠭᠰᠠᠨ ᠡᠳᠦᠷ ᠪᠠᠶᠢᠯ᠎ᠠ᠃ ᠡᠰᠡᠨᠢᠯ ᠬᠦᠭᠵᠢᠯ ᠤᠨ ᠤᠷᠢᠨ ᠬᠠᠪᠤᠷ ᠵᠦᠭᠡᠯᠡᠨ ᠰᠠᠯᠬᠢ ᠪᠠᠨ ᠰᠡᠪᠡᠯᠵᠡᠭᠦᠯᠡᠩᠬᠡᠨ ᠢᠷᠡᠭᠰᠡᠨ ᠪᠠᠶᠢᠵᠠᠢ᠃
ᠢᠷᠡᠯᠲᠡ᠄ ᠳᠤᠮᠳᠠᠳᠤ ᠤᠯᠤᠰ ᠤᠨ ᠮᠣᠩᠭᠤᠯ ᠬᠡᠯᠡᠨ ᠤ ᠰᠣᠨᠢᠨ ᠮᠡᠳᠡᠭᠡ ᠶᠢᠨ ᠰᠦᠯᠵᠢᠶ᠎ᠡ