ᠮᠠᠨ ᠤ ᠰᠠᠭᠤᠭᠰᠠᠨ ᠨᠢᠰᠭᠡᠯ ᠬᠠᠶᠢᠺᠸᠦ ᠬᠤᠳᠠ ᠳᠤ ᠭᠠᠵᠠᠷᠲᠠᠬᠤ ᠦᠶ᠎ᠡ ᠶᠠᠭ ᠪᠤᠷᠤᠭᠠᠨ ᠣᠷᠣᠬᠤ ᠲᠠᠭᠠᠷᠠᠵᠤ᠂ ᠨᠢᠰᠭᠡᠯ ᠤᠨ ᠪᠡᠶ᠎ᠡ ᠴᠡᠴᠡᠷᠡᠭᠰᠡᠨ ᠭᠡᠵᠦ | ᠬᠡᠷᠡᠭ᠂ ᠮᠢᠨᠦ ᠬᠤᠶᠠᠷ ᠴᠢᠬᠢ ᠴᠤ ᠲᠦᠩᠭᠢᠨᠡᠭᠰᠡᠨ ᠭᠡᠵᠦ ᠬᠡᠷᠡᠭ᠃ ᠦᠳᠡ ᠶᠢᠨ ᠡᠮᠦᠨ᠎ᠡ ᠴᠠᠰᠤ ᠮᠦᠰᠦᠨ ᠤ ᠵᠢᠷᠳᠢᠨᠴᠦ ᠳᠤ ᠪᠠᠶᠢᠭᠰᠠᠨ ᠬᠦᠮᠦᠰ ᠤᠷᠤᠢ | ᠪᠤᠯᠬᠤ ᠪᠠᠷ ᠪᠤᠷᠤᠭᠠᠨ ᠰᠢᠪᠡᠷᠡᠭᠰᠡᠨ ᠲᠡᠯᠡᠬᠡᠢ ᠳᠤ ᠪᠠᠭᠤᠴᠢᠬᠠᠬᠤ ᠪᠠᠷ ᠬᠦᠢᠳᠡᠨ ᠬᠠᠯᠠᠭᠤᠨ ᠤ ᠲᠣᠬᠠᠢ ᠮᠡᠳᠡᠷᠡᠮᠵᠢ ᠤᠬᠠᠭᠠᠨ ᠢᠶᠠᠨ ᠤᠯᠬᠤ ᠦᠭᠡᠢ ᠪᠤᠯᠴᠢᠬᠠᠭᠰᠠᠨ | ᠬᠡᠮᠡᠷ᠃ ᠶᠡᠷᠦ ᠨᠢ ᠬᠦᠢᠳᠡᠨ ᠡᠪᠦᠯ ᠬᠠᠯᠠᠭᠤᠨ ᠵᠤᠨ ᠭᠡᠳᠡᠭ ᠨᠢ ᠠᠷᠤ ᠭᠠᠵᠠᠷ ᠤᠨ ᠬᠦᠮᠦᠰ ᠤᠨ ᠵᠠᠩᠰᠢᠵᠦ ᠲᠠᠲᠣᠬᠰᠠᠨ ᠬᠡᠯᠡᠯᠭᠡ ᠪᠦᠭᠡᠳ ᠡᠳᠡᠭᠡᠷ ᠤᠯᠠᠷᠢᠯ ᠢᠶᠠᠨ | ᠲᠠᠭᠠᠵᠤ ᠤᠨᠳᠤᠷᠣᠯᠭᠠ ᠠᠮᠢᠳᠤᠷᠠᠯᠭ᠎ᠠ ᠪᠠᠨ ᠵᠤᠬᠢᠴᠠᠭᠤᠯᠳᠠᠭ᠃ ᠬᠠᠷᠢᠨ ᠡᠮᠦᠨ᠎ᠡ ᠲᠠᠯᠠᠢ ᠳᠤ ᠪᠣᠯ ᠤᠯᠠᠷᠢᠯ ᠢ ᠡᠷᠢᠭᠡᠳ ᠤᠯᠬᠤ ᠦᠭᠡᠢ᠂ ᠡᠷᠢᠭᠰᠡᠨ ᠤ ᠴᠤ ᠴᠢᠬᠤᠯᠠ | ᠦᠭᠡᠢ᠃ ᠠᠲᠡ ᠬᠡᠵᠢᠶᠡᠳᠡ ᠵᠤᠨ ᠤ ᠰᠡᠭᠦᠯᠴᠢ ᠨᠠᠮᠤᠷ ᠤᠨ ᠡᠬᠢ ᠪᠠᠷ ᠢᠶᠠᠨ ᠪᠠᠶᠢᠳᠠᠭ ᠪᠦᠭᠡᠳ ᠠᠳᠡᠬᠢ ᠬᠦᠮᠦᠰ ᠲᠤ ᠤᠯᠠᠷᠢᠯ ᠭᠡᠳᠡᠭ ᠴᠢᠨᠢ ᠤᠳᠭ᠎ᠠ ᠦᠭᠡᠢ | ᠦᠭᠡ ᠪᠠᠶᠢᠵᠤ ᠮᠡᠳᠡᠬᠦ ᠶᠤᠮ᠃ | ᠤᠮᠪᠤᠯᠤ ᠬᠦᠦ ᠢᠷᠮᠡᠭᠦᠨ ᠮᠢᠨᠢ ᠬᠦᠭᠵᠢᠮ ᠤᠷᠠᠯᠢᠭ ᠤᠨ ᠤᠷᠤᠯᠳᠤᠭᠠᠨ ᠳᠤ ᠤᠷᠤᠯᠴᠠᠭᠠᠳ ᠦᠪᠦᠷ ᠮᠤᠩᠭᠤᠯ ᠤᠷᠤᠨ ᠤ ᠬᠤᠪᠢᠶᠠᠷᠢ ᠤᠷᠤᠯᠳᠤᠭᠠᠨ ᠤ | ᠬᠤᠶᠠᠳᠤᠭᠠᠷ ᠪᠠᠶᠢᠷᠢᠨ ᠳᠤ ᠲᠤᠳᠤᠷᠠᠵᠦ᠂ ᠪᠦᠬᠦ ᠤᠯᠤᠰ ᠤᠨ ᠶᠡᠷᠦᠩᠬᠡᠢ ᠦᠵᠡᠭᠦᠯᠭᠡ ᠳᠤ ᠤᠷᠤᠯᠴᠠᠬᠤ ᠬᠢᠷᠢ ᠬᠡᠮ ᠢ ᠤᠯᠤᠭᠰᠠᠨ ᠪᠤᠯᠬᠤᠷ ᠪᠠᠷ᠎ᠠ ᠪᠤᠯᠵᠤ ᠶᠡᠭᠡ | ᠲᠠᠯᠠᠢ ᠶᠢᠨ ᠬᠦᠪᠡᠭᠡᠨ᠎ᠡ ᠢᠷᠡᠭᠰᠡᠨ ᠨᠢ ᠡᠨᠡ ᠪᠢᠯᠡ᠃ | ᠬᠠᠭᠤᠴᠢᠨ ᠵᠢᠯ ᠣᠷᠣᠰᠣᠨ ᠤᠳᠴᠤ᠂ ᠰᠢᠨ᠎ᠡ ᠵᠢᠯ ᠮᠤᠷᠢᠯᠠᠨ ᠢᠷᠡᠵᠦ ᠪᠠᠶᠢᠨ᠎ᠠ᠃ ᠤᠮᠪᠤᠯᠤ ᠮᠢᠨᠢ ᠵᠢᠯ ᠠᠴᠠ ᠵᠢᠯ ᠦᠰᠴᠦ ᠦᠭᠡᠯᠡᠢ ᠪᠤᠯᠬᠤ ᠳᠤ᠂ ᠪᠢ | ᠬᠠᠷᠢᠨ ᠣᠯᠠᠮ ᠢᠢᠡᠷ ᠵᠢᠵᠢᠭᠷᠡᠬᠦ ᠰᠢᠤᠬᠠᠨ ᠪᠤᠯᠵᠠᠢ᠃ ᠬᠡᠳᠦᠨ ᠵᠢᠯ ᠤᠨ ᠡᠮᠦᠨ᠎ᠡ ᠨᠢᠭᠡᠨ ᠨᠠᠶᠢᠵᠠ ᠠᠴᠠ ᠤᠮᠪᠤᠯᠤ ᠴᠢᠨᠢ ᠴᠢᠮᠠᠢᠢ ᠲᠤᠯᠵᠤ ᠲᠦᠯᠬᠢᠭᠡᠳ | ᠦᠳᠡᠯᠴᠢᠬᠡᠯᠡ ᠪᠢᠵᠡ︖ ᠭᠡᠵᠦ ᠬᠡᠯᠡᠭᠰᠡᠨ ᠨᠢ ᠶᠠᠭ ᠮᠠᠷᠳᠠᠭᠳᠠᠳᠠᠭ ᠦᠭᠡᠢ᠃ ᠦᠨᠡᠬᠡᠷ ᠴᠤ ᠳ᠋ᠠ᠂ ᠬᠦᠮᠦᠨ ᠪᠤᠯᠤᠨ ᠤᠷᠭᠤᠮᠠᠯ ᠶᠡᠭᠡ ᠲᠦᠰᠦᠭᠡᠳᠡᠢ᠃ ᠰᠢᠨ᠎ᠡ | ᠰᠦᠶ᠎ᠡ ᠦᠰᠴᠦ ᠣᠷᠭᠤᠬᠤ ᠳᠤ ᠬᠠᠭᠤᠴᠢᠨ ᠤᠷᠭᠤᠮᠠᠯ ᠮᠤᠵᠢᠵᠤ ᠬᠠᠳᠠᠨ ᠵᠢᠵᠢᠭᠷᠡᠵᠦ᠂ ᠢᠳᠡᠷᠡᠭᠦᠨ ᠢᠶᠠᠷ ᠦᠰᠭᠦ ᠨᠢᠯᠬ᠎ᠠ ᠰᠦᠶ᠎ᠡ ᠳᠤ ᠤᠷᠤᠨ ᠪᠠᠶᠢᠷᠢ ᠪᠠᠨ ᠶᠡᠭᠦᠯᠡᠨ | ᠦᠭᠳᠡᠭ᠃ ᠡᠨᠡ ᠵᠢᠮ᠎ᠡ ᠶᠤᠰᠤᠨ ᠢ ᠬᠦᠮᠦᠰ ᠲᠠᠨᠢᠵᠤ᠂ ᠶᠠᠮᠠᠷ ᠦᠶ᠎ᠡ ᠳᠡᠭᠡᠨ ᠶᠠᠮᠠᠷ ᠠᠵᠢᠯ ᠢᠶᠠᠨ ᠪᠡᠶᠡᠯᠡᠭᠦᠯᠵᠦ᠂ ᠴᠠᠭ ᠲᠤᠨᠢ ᠵᠤᠬᠢᠴᠠᠭᠰᠠᠨ ᠵᠦᠢᠯ ᠢ ᠬᠢᠴᠢᠶᠡᠬᠦ ᠨᠢ | ᠵᠦᠢ ᠭᠡᠳᠡᠭ ᠢ ᠤᠬᠠᠭᠠᠷᠠᠵᠤ ᠶᠠᠪᠤᠳᠠᠭ ᠠᠵᠢ᠃ ᠲᠡᠭᠡᠬᠦ ᠳᠡᠭᠡᠨ ᠤᠳᠭ᠎ᠠ ᠵᠤᠬᠢᠶᠠᠯ ᠪᠣᠯᠣᠨ ᠠᠶ᠎ᠠ ᠲᠠᠭᠤᠤ ᠬᠤᠶᠠᠷ ᠲᠤ ᠯᠡ ᠡᠨᠡ ᠶᠠᠪᠤᠴᠠ ᠳᠠᠬᠢ ᠬᠦᠮᠦᠨ | ᠲᠡᠷᠢᠭᠦᠳᠡᠨ ᠤ ᠡᠯᠳᠡᠪ ᠵᠦᠢᠯ ᠤᠨ ᠰᠡᠳᠭᠢᠯᠭᠡᠨ ᠢ ᠲᠤᠰᠬᠠᠳᠠᠭ ᠪᠠᠶᠢᠬᠤ ᠦᠭᠡᠢ ᠤᠤ ᠭᠡᠰᠡᠨ ᠲᠦᠷᠦᠭᠲᠡᠯ ᠰᠡᠪᠡᠯᠵᠡᠭᠰᠡᠨ ᠰᠠᠯᠬᠢ ᠲᠠᠢ ᠬᠠᠮᠲᠣ ᠰᠡᠳᠬᠢᠯ ᠲᠣᠲᠣᠷ᠎ᠠ | ᠮᠢᠨᠢ ᠤᠷᠭᠤᠪᠠ᠃ ᠢᠩᠬᠢᠵᠦ ᠪᠤᠳᠤᠬᠤ ᠶᠢᠨ ᠲᠠᠯᠢᠮ ᠢᠶᠠᠷ ᠠᠷᠤ ᠭᠤᠪᠢ ᠶᠢᠨ ᠲᠤᠣᠷᠠᠢ ᠮᠤᠳᠤ ᠪᠠᠨ ᠰᠠᠨᠠᠵᠦ ᠠᠮᠵᠢᠯ᠎ᠠ᠃ ᠤᠷᠭᠤᠭᠠᠳ ᠮᠢᠩᠭᠠᠨ ᠵᠢᠯ᠂ ᠤᠨᠠᠭᠠᠳ | ᠮᠢᠩᠭᠠᠨ ᠵᠢᠯ᠂ ᠦᠵᠢᠷᠡᠭᠡᠳ ᠮᠢᠩᠭᠠᠨ ᠵᠢᠯ ᠭᠡᠳᠡᠭ ᠲᠡᠷᠡ ᠮᠤᠳᠤ ᠮᠢᠩᠭᠠᠨ ᠵᠢᠯ ᠤᠷᠭᠤᠬᠤ ᠳᠠᠭᠠᠨ ᠦᠰᠴᠦ ᠲᠣᠮᠣᠷᠠᠬᠤ ᠭᠡᠵᠦ ᠲᠡᠮᠡᠤᠯᠣᠨ᠂ ᠲᠡᠮᠡᠤᠯᠣᠯ ᠤᠨ | ᠲᠤᠮᠳᠠ ᠤᠨᠠᠬᠤ ᠳᠠᠭᠠᠨ ᠴᠢᠨᠠᠭᠰᠢ ᠮᠢᠩᠭᠠᠨ ᠵᠢᠯ ᠤᠷᠤᠰᠢᠨ ᠲᠤᠭᠳᠠᠨᠢᠬᠤ ᠭᠡᠵᠦ ᠲᠡᠯᠴᠢᠯᠡᠨ᠂ ᠲᠡᠯᠴᠢᠯᠡᠯ ᠤᠨ ᠲᠤᠮᠳᠠ ᠪᠠᠰᠠ ᠮᠢᠩᠭᠠᠨ ᠵᠢᠯ ᠢᠯᠵᠢᠷᠡᠬᠦ ᠦᠭᠡᠢ᠂ | ᠠᠷᠢᠯᠬᠤ ᠦᠭᠡᠢ ᠭᠡᠵᠦ ᠬᠦᠴᠦᠯᠡᠨ ᠲᠡᠰᠪᠦᠷᠢᠯᠡᠳᠡᠭ ᠨᠢ ᠶᠠᠭᠤᠳᠠᠢ ᠤᠶᠠᠷᠠᠭᠤᠨ ᠵᠢᠪᠬᠤᠭᠠᠯᠢᠭ ᠠᠵᠢ︖ ᠵᠢᠷᠳᠢᠨᠴᠦ ᠶᠢᠨ ᠲᠦᠮᠡᠨ ᠪᠤᠳᠠᠰ ᠤᠨ ᠲᠡᠰᠪᠦᠷᠢ | ᠲᠡᠪᠴᠢᠶᠡᠷᠢ ᠶᠢ ᠭᠠᠶᠢᠬᠠᠨ ᠪᠢᠰᠢᠷᠠᠭᠡᠳ ᠮᠤᠬᠤᠬᠤ ᠦᠭᠡᠢ᠃ ᠭᠡᠪᠡᠴᠦ᠂ ᠤᠨ ᠵᠢᠯ ᠭᠡᠭᠴᠢ ᠶᠢᠨ ᠤᠳᠭ᠎ᠠ ᠠᠭᠤᠯᠭ᠎ᠠ ᠶᠢ ᠮᠡᠳᠡᠷᠡᠬᠦ ᠦᠭᠡᠢ ᠪᠠᠶᠢᠬᠤ ᠶᠢᠨ ᠠᠷᠭ᠎ᠠ | ᠦᠭᠡᠢ ᠪᠦᠭᠡᠳ ᠴᠠᠬ ᠬᠤᠭᠤᠴᠠᠭ᠎ᠠ ᠣᠷᠣᠰᠣᠨ ᠦᠩᠭᠡᠷᠡᠬᠦ ᠶᠢ ᠲᠠᠭᠠᠯᠳᠤᠨ ᠦᠰᠴᠦ ᠵᠢᠵᠢᠭᠷᠡᠬᠦ ᠤᠷᠴᠢᠯ ᠤᠨ ᠵᠢᠮ᠎ᠡ ᠪᠡᠶᠡᠯᠡᠵᠦ ᠪᠠᠶᠢᠳᠠᠭ ᠢ ᠴᠤ ᠮᠡᠳᠡᠷᠡᠬᠦ ᠶᠣᠰᠣᠲᠠᠢ | ᠃ ᠲᠣᠣᠷᠠᠢ ᠶᠢᠨ ᠮᠣᠲᠣᠨ ᠤ ᠭᠤᠷᠪᠠᠨ ᠮᠢᠩᠭᠠᠨ ᠵᠢᠯ ᠤᠨ ᠵᠢᠳᠬᠦᠯ ᠲᠡᠮᠡᠤᠯᠣᠯ ᠨᠢ ᠰᠢᠨ᠎ᠡ ᠪᠠᠷ ᠮᠡᠨᠳᠦᠯᠡᠬᠦ ᠦᠨᠳᠦᠰᠦ ᠰᠦᠶ᠎ᠡ ᠳᠡᠭᠡᠨ ᠨᠦᠮᠦᠷᠢ ᠪᠤᠯᠵᠤ᠂ ᠦᠰᠴᠦ | ᠣᠷᠭᠤᠬᠤ ᠳᠤᠨᠢ ᠰᠢᠮ᠎ᠡ ᠬᠠᠩᠭᠠᠬᠤ ᠶᠢᠨ ᠲᠦᠯᠦᠭᠡ᠃ ᠨᠢᠭᠳᠠᠯᠠᠨ ᠰᠠᠨᠠᠪᠠᠰᠤ᠂ ᠬᠦᠮᠦᠨ ᠴᠤ ᠠᠳᠠᠯᠢ ᠪᠠᠶᠢᠳᠠᠭ ᠠᠵᠢ᠃ ᠡᠴᠢᠭᠡ ᠡᠬᠡ ᠪᠤᠯᠤᠭᠰᠠᠳ ᠦᠷ᠎ᠡ | ᠬᠡᠦᠬᠡᠳ ᠤᠨ ᠢᠶᠠᠨ ᠦᠰᠦᠨ ᠪᠤᠶᠢᠵᠢᠯᠳᠠ᠂ ᠦᠢᠯᠡᠰ ᠪᠦᠳᠦᠭᠡᠯ ᠳᠤ ᠴᠠᠭ ᠢᠮᠠᠭᠳᠠ ᠰᠠᠨᠠᠭ᠎ᠠ ᠪᠤᠳᠤᠯ ᠢᠶᠠᠨ ᠴᠢᠯᠡᠭᠡᠨ᠂ ᠪᠡᠶ᠎ᠡ ᠰᠡᠳᠭᠢᠯ ᠤᠨ ᠬᠢᠨᠢ ᠡᠷᠡᠭᠦᠯ | ᠪᠤᠶᠢᠵᠢᠯᠲᠠ ᠳᠤ ᠰᠢᠮ᠎ᠡ ᠲᠡᠵᠢᠭᠡᠯ ᠬᠦᠷᠳᠡᠭᠡᠬᠦ ᠪᠠᠷ ᠵᠢᠳᠬᠦᠨ ᠴᠢᠷᠮᠠᠶᠢᠵᠤ᠂ ᠴᠢᠨᠠᠬᠰᠢᠯᠠᠭᠠᠳ ᠦᠳᠡᠯᠵᠦ ᠡᠪᠦᠭᠡᠷᠡᠭᠰᠡᠨ ᠢᠢᠡᠨ ᠴᠤ ᠠᠩᠬᠠᠷᠣᠯ ᠦᠭᠡᠢ ᠨᠢ ᠮᠦᠨ ᠴᠤ | ᠤᠶᠠᠷᠠᠭᠤᠨ ᠵᠢᠪᠬᠤᠭᠠᠯᠢᠭ ᠭᠡᠯᠲᠡᠢ᠃ ᠲᠠᠭᠤᠤ ᠬᠦᠭᠵᠢᠮ ᠬᠢᠭᠡᠳ ᠤᠳᠭ᠎ᠠ ᠵᠤᠬᠢᠶᠠᠯ ᠪᠣᠯ ᠶᠠᠭ ᠲᠡᠷᠡ ᠤᠶᠠᠷᠠᠭᠤᠨ ᠵᠢᠪᠬᠤᠭᠠᠯᠢᠭ ᠠᠮᠢᠳᠤᠷᠠᠯ ᠢ ᠲᠠᠭᠤᠯᠠᠳᠠᠭ | ᠶᠤᠮᠰᠠᠨ᠃ ᠠᠭᠠᠷ ᠬᠤᠷ᠎ᠠ ᠰᠢᠭ ᠠᠶᠠᠨᠳᠠᠭᠠᠨ ᠡᠳ᠋ᠯᠡᠵᠦ ᠶᠠᠪᠤᠳᠠᠭ ᠵᠦᠢᠯ ᠢᠢᠨᠨ ᠪᠠᠶᠢᠬᠤ ᠡᠰᠡᠬᠦ ᠳᠤ ᠪᠦᠷ ᠪᠤᠯᠬᠤ ᠬᠡᠮᠡᠨ ᠬᠦᠮᠦᠨ ᠠᠩᠵᠠᠭᠠᠷᠠᠵᠦ ᠤᠪᠠᠶᠢᠯᠠᠳᠠᠭ | ᠦᠭᠡᠢ ᠳ᠋ᠠ᠃ | ᠬᠦᠮᠦᠰ ᠴᠣᠬᠤᠮ ᠶᠠᠭᠤᠨ ᠤ ᠲᠦᠯᠦᠭᠡ ᠤᠨᠠᠨ ᠲᠤᠰᠤᠨ ᠭᠦᠶᠦᠵᠦ᠂ ᠤᠨᠳᠠᠵᠤ ᠠᠮᠠᠷᠠᠯ ᠦᠭᠡᠢ ᠵᠢᠳᠬᠦᠲᠡᠭ ᠪᠤᠢ︖ ᠵᠤᠭᠤᠰ ᠮᠦᠩᠭᠦᠨ ᠤ ᠲᠦᠯᠦᠭᠡ | ᠭᠡᠵᠢ ᠤᠤ︖ ᠵᠤᠭᠤᠰ ᠮᠦᠩᠭᠦ ᠣᠯᠬᠤ ᠨᠢ ᠪᠠᠰᠠ ᠶᠠᠭᠤᠨ ᠤ ᠲᠦᠯᠦᠭᠡ ᠪᠤᠢ︖ ᠡᠴᠦᠰ ᠤᠨ ᠬᠠᠷᠢᠭᠤᠯᠳᠠ ᠨᠢ ᠵᠤᠯ ᠵᠢᠷᠭᠠᠯ ᠤᠨ ᠲᠦᠯᠦᠭᠡ ᠭᠡᠵᠦ ᠪᠢ | ᠪᠤᠳᠤᠳᠠᠭ ᠪᠦᠭᠡᠳ ᠵᠤᠯ ᠵᠢᠷᠭᠠᠯ ᠪᠣᠯ ᠪᠤᠯᠪᠠᠰᠤᠨ ᠰᠤᠶᠤᠯ ᠤᠨ ᠲᠤᠳᠤᠷ᠎ᠠ ᠪᠤᠢ ᠭᠡᠳᠡᠭ ᠢ ᠢᠳᠡᠬᠡᠳᠡᠭ᠃ ᠭᠡᠪᠡᠴᠦ᠂ ᠦᠪᠰᠢᠵᠦ ᠬᠦᠷᠦᠩᠭᠡᠵᠢᠬᠦ ᠬᠢᠭᠡᠳ ᠪᠤᠯᠪᠠᠰᠤᠨ | ᠰᠤᠶᠤᠯ ᠳᠤ ᠬᠦᠷᠬᠦ ᠪᠣᠯ ᠲᠠᠰᠤ ᠦᠭᠡᠷ᠎ᠡ ᠬᠤᠶᠠᠷ ᠶᠠᠪᠣᠲᠠᠯ᠃ ᠲᠠᠭᠤᠤ ᠬᠦᠭᠵᠢᠮ ᠪᠤᠯ ᠰᠡᠳᠭᠢᠯ ᠤᠨ ᠬᠢᠵᠠᠭᠠᠷ ᠲᠤ ᠬᠠᠰᠢᠭᠳᠠᠬᠤ ᠶᠠᠭᠤᠮ᠎ᠠ ᠪᠢᠰᠢ᠂ ᠬᠠᠷᠢᠨ | ᠬᠦᠮᠦᠨ ᠲᠦᠷᠦᠯᠬᠢᠳᠡᠨ ᠤ ᠰᠦᠭ ᠰᠦᠨᠡᠰᠦᠨ ᠤ ᠪᠦᠷᠢᠯᠸ᠎ᠠ ᠶᠣᠮ᠃ ᠬᠦᠮᠦᠰ ᠲᠠᠭᠤᠤ ᠬᠦᠭᠵᠢᠮ ᠰᠤᠨᠢᠷᠬᠠᠬᠤ ᠤᠬᠠᠮᠰᠠᠷᠬᠤᠢ ᠪᠤᠶᠤ ᠲᠡᠶᠢᠮᠦ ᠬᠢᠷᠢ ᠬᠡᠮ ᠲᠠᠢ | ᠪᠤᠯᠤᠭᠰᠠᠨ ᠦᠶ᠎ᠡ ᠳᠤ ᠪᠣᠲᠣᠯ ᠰᠡᠳᠭᠢᠯ ᠠᠭᠤᠵᠢᠷᠠᠨ᠎ᠠ᠃ ᠭᠡᠬᠦ ᠳᠡᠭᠡᠨ ᠲᠡᠷᠡ ᠬᠢᠷᠢ ᠬᠡᠮ ᠳᠤ ᠬᠦᠷᠬᠦ ᠭᠡᠪᠡᠯ ᠰᠤᠶᠤᠯ ᠢᠷᠭᠡᠨᠰᠢᠯ ᠤᠨ ᠪᠤᠯᠪᠠᠰᠤᠨ ᠬᠦᠭᠵᠢᠯᠳᠡ | ᠲᠡᠪᠢᠰᠭᠡᠷ ᠪᠤᠯᠳᠠᠭ ᠢ ᠮᠠᠷᠳᠠᠵᠤ ᠦᠯᠦ ᠪᠣᠯᠣᠨ᠎ᠠ᠃ ᠲᠡᠷᠡ ᠦᠶ᠎ᠡ ᠳᠤ ᠲᠠᠭᠤᠤ ᠬᠦᠭᠵᠢᠮ ᠪᠤᠯ ᠶᠠᠩᠪᠠᠷᠬᠠᠬᠤ ᠶᠠᠭᠤᠮ᠎ᠠ ᠪᠣᠰᠣ᠂ ᠬᠦᠮᠦᠨ ᠠᠮᠢᠳᠠᠨ ᠤ ᠰᠦᠭ | ᠰᠦᠨᠡᠰᠦᠨ ᠢ ᠤᠷᠢᠶᠠᠭᠰᠠᠨ ᠰᠢᠳᠢᠳᠦ ᠤᠶᠠᠩᠭ᠎ᠠ ᠷᠢᠳᠢᠳᠦ ᠡᠭᠡᠰᠢᠭ ᠮᠦᠨ ᠭᠡᠳᠡᠭ ᠢ ᠵᠢᠷᠦᠬᠡ ᠰᠡᠳᠭᠢᠯ ᠢᠶᠠᠷ ᠢᠶᠠᠨ ᠮᠡᠳᠡᠷᠡᠬᠦ ᠪᠤᠯᠤᠨ᠎ᠠ᠃ | ᠪᠠᠭ᠎ᠠ ᠵᠠᠯᠠᠭᠤ ᠶᠢᠨ ᠦᠶ᠎ᠡ ᠳᠤ ᠪᠡᠶ᠎ᠡ ᠲᠡᠩᠬᠡᠭᠡ ᠳᠡᠭᠡᠨ ᠡᠷᠳᠦᠵᠦ᠂ ᠴᠠᠳᠲᠠᠯ᠎ᠠ ᠢᠳᠡᠭᠡᠳ ᠠᠪᠤᠪᠠᠯ ᠶᠠᠳᠠᠷᠠᠭ᠎ᠠ ᠲᠠᠶᠢᠯᠤᠭᠳᠠᠵᠤ᠂ ᠭᠤᠷᠢ ᠦᠭᠡᠢ ᠪᠤᠯ ᠪᠠᠰᠠ | ᠬᠠᠨᠣᠲᠠᠯᠠ ᠤᠨᠳᠠᠭᠠᠳ ᠠᠪᠤᠪᠠᠯ ᠶᠠᠳᠠᠷᠠᠯ ᠵᠦᠳᠡᠷᠡᠯ᠂ ᠭᠤᠨᠢᠭ ᠤᠶᠢᠳᠬᠠᠷ ᠪᠦᠬᠦᠨ ᠮᠠᠷᠲᠠᠬᠲᠠᠵᠦ ᠵᠠᠮᠬᠠᠷᠠᠲᠠᠬ᠃ ᠭᠡᠪᠡᠴᠦ᠂ ᠨᠠᠰᠤ ᠵᠢᠯ ᠨᠡᠮᠡᠭᠲᠡᠭᠡᠳ ᠢᠷᠡᠬᠦᠯᠡᠷ | ᠪᠡᠶ᠎ᠡ ᠰᠡᠳᠭᠢᠯ ᠤᠨ ᠬᠦᠷᠦᠩᠭᠡ ᠢᠳᠡᠭ ᠢᠳᠡᠭ ᠢᠶᠠᠷ ᠬᠤᠷᠤᠭᠳᠠᠵᠤ᠂ ᠶᠠᠳᠠᠷᠠᠯ ᠢ ᠲᠠᠭᠠᠭᠠᠬᠤ ᠦᠭᠡᠢ ᠪᠤᠯᠵᠦ᠂ ᠭᠤᠨᠢᠭ ᠤᠶᠢᠳᠬᠠᠷ ᠢ ᠲᠡᠭᠡᠭᠡᠬᠦ ᠰᠡᠳᠭᠢᠯ ᠤᠨ | ᠲᠡᠩᠬᠡᠭᠡ ᠲᠠᠮᠢᠷ ᠴᠤ ᠠᠯᠠᠭ᠎ᠠ ᠪᠤᠯᠲᠠᠬ᠃ ᠡᠨᠡ ᠦᠶ᠎ᠡ ᠳᠤ ᠤᠤᠯ ᠤᠨ ᠠᠳᠠᠯᠢ ᠢᠳᠡᠵᠦ ᠤᠨᠳᠠᠬᠤ ᠪᠠᠷ ᠶᠠᠳᠠᠷᠠᠯ ᠵᠦᠳᠡᠷᠡᠯ ᠢᠶᠠᠨ ᠲᠠᠶᠢᠯᠵᠤ ᠴᠢᠳᠠᠬᠤ ᠦᠭᠡᠢ | ᠪᠤᠯᠤᠭᠠᠳ ᠠᠭᠠᠵᠢᠮ ᠢᠢᠡᠷ ᠰᠡᠯᠡᠭᠦᠬᠡᠨ ᠦᠷᠦᠬᠡᠨ ᠳᠤ ᠤᠳᠭ᠎ᠠ ᠵᠤᠬᠢᠶᠠᠯ ᠤᠩᠰᠢᠨ ᠲᠠᠭᠤᠤ ᠬᠦᠭᠵᠢᠮ ᠰᠤᠨᠤᠰᠬᠤ ᠪᠠᠷ ᠶᠠᠳᠠᠷᠠᠭ᠎ᠠ ᠪᠠᠨ ᠲᠠᠶᠢᠯᠵᠤ ᠤᠶᠢᠳᠬᠠᠷ | ᠭᠤᠨᠢᠭ ᠢᠶᠠᠨ ᠦᠯᠲᠡᠬᠦ ᠶᠢ ᠵᠤᠷᠢᠲᠠᠬ᠃ ᠢᠷᠠᠭᠤ ᠨᠠᠶᠢᠷᠠᠭ ᠤᠶᠠᠩᠭᠠᠯᠠᠵᠤ᠂ ᠠᠶ᠎ᠠ ᠲᠠᠭᠤᠤ ᠰᠤᠨᠤᠰᠬᠤ ᠳᠤ ᠶᠠᠳᠠᠷᠠᠭ᠎ᠠ ᠨᠡᠬᠡᠷᠡᠨ ᠲᠠᠶᠢᠯᠤᠭᠳᠠᠬᠤ ᠡᠰᠡᠬᠦ ᠶᠢ ᠬᠡᠨ | ᠮᠡᠳᠡᠬᠦ ᠠᠵᠢᠶᠠᠨᠠᠮ︖ ᠲᠤᠷ᠎ᠠ ᠲᠠᠢ ᠵᠦᠢᠯ ᠢᠶᠠᠷ ᠦᠪᠡᠷ ᠢ ᠪᠠᠨ ᠰᠠᠭᠠᠳᠠᠭᠤᠯᠬᠤ ᠭᠡᠵᠦ ᠪᠠᠰᠠ ᠵᠦᠭᠡᠷ ᠠᠵᠤ ᠪᠠᠶᠢᠭ᠎ᠠ ᠯᠡ ᠳ᠋ᠠ᠃ ᠨᠠᠳᠠᠳᠤ ᠠᠪᠴᠤ ᠬᠡᠯᠡᠪᠡᠯ | ᠤᠮᠪᠤᠯᠤ ᠮᠢᠨᠢ ᠴᠢᠯᠦᠭᠡ ᠵᠠᠪ ᠢᠶᠠᠷ ᠢᠶᠠᠨ ᠬᠦᠷᠦᠭᠡᠳ ᠢᠷᠡᠪᠡᠯ ᠶᠡᠭᠡ ᠪᠠᠶᠠᠷᠯᠠᠴᠢᠬᠠᠲᠠᠬ᠂ ᠶᠠᠭᠤᠨ ᠳᠤ ᠲᠡᠭᠡᠵᠦ ᠪᠠᠶᠠᠷᠯᠠᠲᠠᠬ ᠢᠢᠡᠨ ᠦᠪᠡᠷ ᠠᠴᠠ ᠪᠠᠨ ᠠᠰᠠᠭᠤᠭᠰᠠᠨ | ᠴᠤ ᠡᠨᠡ ᠲᠡᠷᠡ ᠭᠡᠵᠦ ᠬᠡᠯᠡᠵᠦ ᠭᠠᠷᠭᠠᠵᠤ ᠴᠢᠳᠠᠳᠠᠭ ᠦᠭᠡᠢ᠃ ᠶᠠᠭ ᠯᠡ ᠤᠩᠰᠢᠬᠤ ᠲᠤᠷ᠎ᠠ ᠲᠠᠢ ᠨᠤᠮ᠂ ᠰᠤᠨᠤᠰᠬᠤ ᠲᠤᠷ᠎ᠠ ᠲᠠᠢ ᠲᠠᠭᠤᠤ ᠪᠠᠨ ᠤᠯᠵᠦ | ᠰᠤᠨᠤᠰᠤᠭᠰᠠᠨ ᠰᠢᠤᠬᠠᠨ ᠣᠯᠵᠠᠭᠤᠷᠬᠠᠲᠠᠬ ᠨᠢ ᠦᠨᠡᠨ᠃ ᠦᠳᠡᠯᠵᠤ ᠪᠠᠶᠢᠭ᠎ᠠ ᠶᠢᠨ ᠰᠢᠨᠵᠢ ᠤᠤ ᠳ᠋ᠠ︖ ᠡᠰᠡᠭᠦᠯ᠎ᠡ ᠬᠦᠮᠦᠰ ᠤᠨ ᠬᠡᠯᠡᠵᠦ ᠬᠦᠭᠡᠭᠡᠴᠡᠯᠳᠦᠳᠡᠭ | ᠦᠨᠦ ᠵᠤᠯ ᠵᠢᠷᠭᠠᠯ ᠭᠡᠳᠡᠭ ᠨᠢ ᠨᠠᠭᠠᠰᠢᠯᠠᠵᠦ ᠪᠠᠶᠢᠭ᠎ᠠ ᠨᠢ ᠲᠡᠷᠡ ᠤᠤ ᠳ᠋ᠠ᠃ | ᠠᠵᠢᠯ ᠠᠴᠠ ᠲᠠᠷᠬᠠᠯᠠᠭᠳᠠᠭᠰᠠᠨ ᠤ ᠬᠤᠶᠢᠨ᠎ᠠ ᠭᠠᠭᠴᠠᠭᠠᠷᠳᠠᠭᠰᠠᠨ ᠵᠦᠢᠯ ᠠᠯᠠᠭ᠎ᠠ ᠬᠡᠮᠡᠨ ᠪᠢ ᠪᠤᠳᠤᠳᠠᠭ᠃ ᠦᠨᠡᠨᠳᠡᠭᠡᠨ ᠭᠠᠭᠴᠠᠭᠠᠷᠳᠠᠬᠤ ᠦᠭᠡᠢ ᠶᠠᠪᠤᠬᠤ | ᠬᠦᠮᠦᠨ ᠭᠡᠵᠦ ᠬᠠᠮᠢᠭ᠎ᠠ ᠪᠠᠶᠢᠬᠤ ᠠᠵᠢ︖ ᠭᠠᠭᠴᠠᠭᠠᠷᠳᠠᠯ ᠢᠶᠠᠨ ᠶᠠᠭᠤ ᠨᠢᠭᠡᠨ ᠤ ᠴᠠᠭᠠᠨ᠎ᠠ ᠲᠠᠯᠳᠠᠯᠠᠵᠤ ᠪᠣᠢ ᠭᠡᠳᠡᠭ ᠢ ᠤᠶᠢᠯᠠᠭᠠᠬᠤ ᠬᠡᠷᠡᠭᠳᠡᠢ᠃ ᠲᠦᠮᠡ | ᠲᠦᠴᠢᠬᠢᠨᠡᠭᠰᠡᠨ ᠬᠤᠳᠠ ᠵᠡᠭᠡᠯᠢ ᠶᠢᠨ ᠲᠡᠷᠡ ᠣᠯᠠᠨ ᠬᠦᠮᠦᠨ ᠪᠦᠷ ᠭᠠᠭᠴᠠᠭᠠᠷᠳᠠᠮᠠᠯ ᠴᠤᠭᠴᠠ ᠪᠠᠶᠢᠭ᠎ᠠ ᠰᠢᠦ ᠳ᠋ᠠ᠃ | ᠡᠮᠦᠨ᠎ᠡ ᠲᠠᠯᠠᠢ ᠶᠢᠨ ᠡᠷᠬᠢ ᠳᠤ ᠪᠢᠳᠡ ᠬᠠᠪᠤᠷ ᠢ ᠤᠭᠳᠤᠯ᠎ᠠ᠃ ᠴᠡᠩᠬᠡᠷ ᠠᠭᠠᠷ ᠲᠤᠨᠢ ᠰᠢᠮᠡᠵᠢᠨ ᠢᠷᠡᠬᠦ ᠤᠷᠢᠬᠠᠨ ᠰᠠᠯᠬᠢ ᠴᠡᠴᠡᠭ ᠤᠨ ᠲᠡᠯᠪᠢ ᠶᠢ | ᠰᠡᠪᠡᠯᠵᠡᠭᠦᠯᠬᠦ ᠠᠶ᠎ᠠ ᠲᠠᠭᠤᠤ ᠶᠢᠨ ᠲᠤᠮᠳᠠ ᠵᠢᠷᠦᠬᠡ ᠰᠡᠳᠭᠢᠯ ᠢᠶᠠᠷ ᠢᠶᠠᠨ ᠮᠡᠳᠡᠷᠡᠨ ᠤᠭᠳᠤᠪᠠ᠃ ᠡᠯᠳᠡᠪ ᠪᠤᠳᠤᠯ ᠤᠨ ᠬᠠᠯᠬᠠᠪᠴᠢ ᠦᠭᠡᠢ ᠲᠡᠷᠡ ᠰᠠᠶᠢᠬᠠᠨ ᠠᠶ᠎ᠠ | ᠬᠦᠭᠵᠢᠮ ᠤᠨ ᠲᠤᠮᠳᠠ᠂ ᠦᠰᠪᠦᠷᠢ ᠶᠢᠨ ᠤᠯᠠᠨ ᠬᠡᠦᠬᠡᠳ ᠪᠠᠭᠠᠴᠤᠤᠯ ᠤᠨ ᠦ ᠦᠭᠡᠢ ᠢᠨᠢᠶᠡᠮᠰᠦᠭᠯᠡᠯ᠂ ᠢᠷᠡᠵᠦ ᠡᠴᠢᠬᠦ ᠤᠯᠠᠨ ᠬᠦᠮᠦᠰ ᠤᠨ ᠴᠡᠩᠭᠡᠯ ᠵᠢᠷᠭᠠᠯᠳᠤ | ᠲᠠᠭᠠᠰᠢᠶᠠᠯ ᠠᠴᠠ ᠡᠮᠦᠨ᠎ᠡ ᠲᠠᠯᠠᠢ ᠶᠢᠨ ᠤᠷᠢᠬᠠᠨ ᠬᠠᠪᠤᠷ ᠤᠨ ᠤᠷᠢᠨ ᠰᠠᠯᠬᠢ ᠶᠢ ᠪᠡᠶ᠎ᠡ ᠰᠡᠳᠭᠢᠯ ᠢᠢᠡᠷ ᠢᠢᠡᠨ ᠰᠢᠩᠭᠡᠭᠡᠵᠦ ᠠᠪᠬᠤ ᠶᠢ ᠰᠠᠨᠠᠪᠠ᠃ ᠤᠮᠪᠤᠯᠤ | ᠬᠦᠦ ᠶᠢᠨ ᠮᠢᠨᠢ ᠬᠦᠭᠵᠢᠮᠳᠡᠭᠰᠡᠨ ᠠᠶ᠎ᠠ ᠨᠢ ᠰᠢᠵᠢᠷᠳᠡᠨ ᠭᠢᠯᠠᠯᠵᠠᠬᠤ ᠤᠷᠤᠯᠳᠤᠭᠠᠨ ᠤ ᠲᠠᠩᠭᠢᠮ ᠳᠤ ᠴᠤᠤᠷᠢᠶᠠᠳᠤᠵᠤ᠂ ᠯᠠᠪᠳᠠᠭᠤᠬᠠᠨ ᠲᠦᠷᠬᠦ᠂ ᠲᠤᠭᠳᠠᠭᠤᠬᠠᠨ | ᠬᠦᠳᠡᠯᠦᠯ ᠪᠠ ᠵᠢᠪᠬᠤᠭᠠᠯᠢᠭ ᠬᠦᠭᠡᠷᠦᠬᠦᠨ ᠪᠠᠶᠢᠳᠠᠯ ᠨᠢ ᠤᠯᠠᠨ ᠤ ᠬᠠᠷᠠᠭ᠎ᠠ ᠶᠢ ᠪᠤᠯᠢᠶᠠᠨ᠂ ᠬᠢᠨᠠᠭᠴᠢ ᠶᠢᠨ ᠠᠩᠬᠠᠷᠤᠯ ᠢ ᠲᠠᠳᠠᠵᠤ᠂ ᠮᠦᠩᠭᠦᠨ ᠮᠧᠲᠠᠯ ᠢᠶᠠᠷ | ᠡᠩᠭᠡᠷ ᠢᠶᠠᠨ ᠮᠢᠯᠢᠶᠠᠯᠭᠠᠬᠰᠠᠨ ᠳᠤ ᠪᠢᠳᠡ ᠤᠷᠤᠨ ᠳᠠᠭᠠᠨ ᠲᠤᠭᠳᠠᠵᠤ ᠶᠠᠳᠠᠨ ᠪᠠᠶᠠᠷᠯᠠᠭᠰᠠᠨ ᠪᠢᠯᠡ᠃ ᠢᠷᠮᠡᠭᠦᠨ ᠮᠢᠨᠢ ᠠᠮᠵᠢᠯᠳᠠ ᠪᠦᠳᠦᠭᠡᠯ ᠢᠶᠠᠷ ᠢᠶᠠᠨ᠂ ᠢᠷᠡᠬᠦ | ᠮᠠᠷᠭᠠᠰᠢ ᠶᠢᠨ ᠬᠦᠰᠡᠯ ᠵᠤᠷᠢᠯᠳᠠ ᠪᠠᠷ ᠢᠶᠠᠨ᠂ ᠠᠶ᠎ᠠ ᠬᠦᠭᠵᠢᠮ ᠢᠶᠠᠷ ᠢᠶᠠᠨ ᠮᠠᠨ ᠤ ᠭᠡᠷ ᠪᠦᠯᠢ ᠶᠢᠨ ᠬᠢᠨ ᠳᠤ ᠵᠤᠯ ᠵᠢᠷᠭᠠᠯ ᠤᠨ ᠲᠦᠭᠦᠷᠡᠩ ᠮᠡᠳᠡᠷᠡᠮᠵᠢ ᠶᠢ | ᠠᠮᠳᠠᠷᠬᠠᠭᠤᠯᠵᠤ ᠦᠭᠭᠦᠭᠰᠡᠨ ᠨᠢ ᠡᠨᠡ ᠶᠤᠮᠰᠠᠨ᠃ | ᠲᠡᠷᠡ ᠡᠳᠦᠷ ᠨᠢ ᠶᠠᠭ ᠬᠠᠪᠤᠷ ᠤᠨ ᠠᠭᠤᠷ ᠤᠷᠤᠭᠰᠠᠨ ᠡᠳᠦᠷ ᠪᠠᠶᠢᠯ᠎ᠠ᠃ ᠡᠰᠡᠨᠢᠯ ᠬᠦᠭᠵᠢᠯ ᠤᠨ ᠤᠷᠢᠨ ᠬᠠᠪᠤᠷ ᠵᠦᠭᠡᠯᠡᠨ ᠰᠠᠯᠬᠢ ᠪᠠᠨ ᠰᠡᠪᠡᠯᠵᠡᠭᠦᠯᠡᠩᠬᠡᠨ | ᠢᠷᠡᠭᠰᠡᠨ ᠪᠠᠶᠢᠵᠠᠢ᠃ |