ᠪᠣᠷᠵᠢᠭᠢᠨ ᠬᠤᠪᠢᠰᠬᠠᠯᠲᠤ | | | ᠪᠢ ᠰᠢᠯᠦᠭ ᠢ ᠤᠯᠠᠷᠢᠯ ᠭᠡᠵᠦ ᠳᠣᠭᠲᠤᠯᠤᠨ ᠨᠡᠭᠦᠨ᠎ᠡ | ᠪᠢ ᠬᠠᠪᠤᠷ ᠢ ᠰᠡᠳᠭᠢᠯ ᠭᠡᠵᠦ ᠲᠣᠰᠤᠨ ᠤᠶᠠᠷᠠᠨ᠎ᠠ | ᠪᠢ ᠡᠪᠦᠯ ᠢ ᠢᠳᠡᠭᠡᠯ ᠭᠡᠵᠦ ᠪᠡᠯᠭᠡᠳᠡᠨ ᠵᠦᠩᠨᠡᠨ᠎ᠡ | ᠪᠢ ᠳᠡᠯᠡᠬᠡᠢ ᠶᠢ ᠬᠠᠶᠢᠷ᠎ᠠ ᠭᠡᠵᠤ ᠰᠠᠨᠠᠨ ᠬᠠᠨᠢᠰᠤᠨᠠ | | | ᠬᠠᠪᠤᠷ ᠨᠠᠳᠠᠲᠤ ᠮᠥᠷᠥᠭᠡᠳᠤᠯ ᠤᠨ ᠭᠡᠭᠡᠨ ᠦᠷ ᠱᠠᠩᠨᠠᠭᠰᠠᠨ | ᠬᠠᠪᠤᠷ ᠨᠠᠳᠡᠲᠤ ᠮᠣᠷᠢᠨ ᠤ ᠬᠦᠯᠣᠰᠤ ᠲᠠᠢ ᠰᠠᠯᠬᠢ ᠤᠷᠢᠭᠰᠠᠨ | ᠬᠠᠪᠤᠷ ᠨᠠᠳᠠᠲᠤ ᠮᠠᠯᠴᠢᠨ ᠬᠦᠮᠤᠨ ᠤ ᠤᠬᠠᠭ᠎ᠠ ᠲᠠᠰᠪᠤᠷᠢ ᠥᠭᠭᠦᠭᠰᠡᠨ | ᠬᠠᠪᠤᠷ ᠨᠠᠳᠠᠲᠤ ᠮᠦᠩᠭᠦᠨ ᠴᠠᠭᠠᠨ ᠲᠡᠯᠡᠭᠡᠢ ᠪᠡᠯᠡᠭᠯᠡᠭᠰᠡᠨ | | ᠬᠠᠪᠤᠷ ᠤᠨ ᠬᠠᠯᠢᠶ᠎ᠠ ᠠᠭᠠᠰᠢᠨ ᠤ ᠠᠷᠪᠠᠨ ᠭᠤᠷᠪᠠᠨ ᠰᠦᠯᠵᠢᠶ᠎ᠠ | ᠬᠠᠪᠤᠷ ᠤᠨ ᠪᠣᠷᠤᠭ᠎ᠠ ᠴᠠᠰᠤ ᠠᠮᠢᠳᠤᠷᠠᠯ ᠤᠨ ᠶᠢᠰᠤ ᠶᠢᠰᠤᠨ ᠲᠣᠮᠢᠶ᠎ᠠ | ᠬᠠᠪᠤᠷ ᠤᠨ ᠰᠠᠯᠬᠢ ᠠᠯᠳᠠᠭ᠎ᠠ ᠤᠨᠤᠭᠠᠨ ᠤ ᠴᠡᠴᠠᠨ ᠰᠤᠷᠢᠶ᠎ᠠ | ᠬᠠᠪᠤᠷ ᠤᠨ ᠨᠠᠷᠠ ᠠᠶᠢᠵᠠᠮ ᠴᠣᠬᠢᠯᠭ᠎ᠠ ᠲᠡᠭ᠊ ᠪᠦᠲᠤᠨ ᠡᠭᠡᠰᠢᠭ | | | ᠰᠠᠶᠢᠬᠠᠨ ᠵᠢᠯ ᠪᠣᠯᠬᠤ ᠨᠢ ᠭᠡᠵᠦ | ᠰᠡᠳᠭᠢᠯ ᠬᠠᠩᠬᠤᠯᠤᠭᠤᠨ ᠮᠦᠰᠢᠶᠡᠬᠦ ᠪᠣᠭᠤᠷᠤᠯ ᠤᠨ | ᠰᠠᠶᠢᠨ ᠤ ᠢᠷᠦᠭᠡᠯ ᠳᠡᠭᠡᠷ᠎ᠡ ᠪᠢᠯᠬᠠᠷᠠᠭᠰᠠᠨ | ᠰᠡᠴᠤᠯᠢ ᠶᠢᠨ ᠲᠡᠭᠡᠵᠢ ᠲᠠᠢ ᠨᠠᠯᠠᠭᠠᠷᠬᠠᠨ ᠬᠠᠪᠤᠷᠵᠢᠶ᠎ᠠ | | | ᠰᠢᠨᠡᠭᠡᠨ ᠴᠠᠰᠤ ᠪᠦᠵᠢᠨ ᠬᠢᠯᠠᠰᠬᠤ ᠪᠠᠷ | ᠰᠠᠶᠢᠬᠠᠨ ᠴᠢᠨᠤ ᠬᠤᠩᠭᠤᠷᠬᠠᠨ ᠮᠠᠯᠮᠠᠢ ᠳᠤ | ᠰᠠᠨᠰᠠᠷ ᠤᠨ ᠤᠳᠤᠳ ᠡᠷᠭᠡᠯᠡᠨ ᠤᠮᠪᠠᠨᠭᠰᠠᠨ ᠰᠢᠭ᠋ | ᠰᠠᠨᠠᠭᠠᠨ ᠳᠤ ᠳᠡᠯᠭᠡᠷᠡᠭᠦ ᠪᠣᠯᠪᠠᠷᠠᠢ ᠴᠡᠴᠡᠭᠡᠰ | | | ᠬᠦᠰᠡᠯ ᠮᠢᠨᠢ ᠪᠡᠶᠡᠯᠡᠬᠦ ᠭᠡᠭᠡᠨ ᠬᠠᠷᠭᠤᠢ | ᠬᠦᠯᠥᠭ ᠤᠨ ᠮᠢᠨᠢ ᠥᠥᠷᠰᠡᠭᠡ ᠶᠢ ᠴᠢᠩᠨᠠᠨ ᠰᠣᠨᠤᠯᠵᠠᠬᠤ ᠳᠤ | ᠬᠥᠭᠡᠷᠦᠭᠦᠨ ᠲᠦᠯ ᠤᠨ ᠱᠤᠤᠬᠢᠶᠠᠨ ᠢᠶᠠᠷ ᠰᠡᠷᠭᠦᠭᠰᠡᠨ | ᠬᠥᠳᠡᠭᠡ ᠠᠴᠠ ᠨᠠᠶᠢᠷᠠᠭᠰᠠᠨ ᠬᠠᠪᠤᠷ ᠤᠨ ᠤᠷᠠᠨ ᠲᠠᠲᠠᠯᠠᠭ᠎ᠠ | |