ᠪᠤᠷᠵᠢᠬᠢᠨ ᠷ᠊ · ᠨᠠᠰᠤᠨᠬᠡᠰᠢᠭ | | ᠡᠭᠦᠯᠡᠨ ᠴᠠᠭᠠᠨᠠᠬᠢ ᠨᠠᠷ᠎ᠡ ᠴᠢᠬᠢᠭᠯᠡᠭᠡᠳ ᠪᠦᠳᠡᠬᠢ ᠬᠡᠷᠡᠯ ᠨᠢ ᠰᠦᠮᠡᠶᠢᠬᠦ ᠪᠠᠷ | ᠪᠦᠷᠭᠦᠭ ᠲᠡᠭᠷᠢ ᠶᠢᠨ ᠡᠯᠢᠭᠡᠨ ᠠᠴᠠ ᠨᠠᠳᠡ ᠳᠡᠭᠡᠷ᠎ᠡ ᠲᠣᠰᠣᠯᠠᠬᠤ ᠪᠣᠷᠣᠭᠠᠨ ᠢ | ᠦᠷ᠎ᠡ ᠳᠡᠭᠡᠨ ᠴᠤᠪᠤᠷᠠᠭᠰᠠᠨ ᠡᠵᠢ ᠶᠢᠨ ᠮᠢᠨᠢ ᠨᠢᠯᠪᠣᠰᠤ ᠬᠡᠮᠡᠨ ᠠᠳᠡᠭᠦᠷᠠᠵᠤ | ᠠᠯᠠᠭᠠᠨ ᠳᠠᠭᠠᠨ ᠲᠣᠰᠴᠤ ᠵᠢᠷᠦᠬᠡ ᠪᠠᠷ ᠢᠶᠠᠨ ᠠᠮᠲᠠᠯᠠᠬᠤ ᠶᠢ ᠰᠠᠨᠠᠯ᠎ᠠ | | | ᠠᠷᠤ ᠰᠢᠯᠢ ᠶᠢᠨ ᠠᠳᠤᠭᠤᠳ ᠤᠨ ᠪᠡᠯᠴᠢᠭᠡᠷ ᠪᠤᠳᠠᠩ ᠮᠠᠨᠠᠨ ᠢᠶᠠᠷ ᠪᠦᠷᠲᠦᠯᠵᠡᠭᠡᠳ | ᠱᠤᠤᠭᠢᠨ ᠢᠰᠭᠡᠷᠭᠦ ᠰᠠᠯᠬᠢᠨ ᠤ ᠦᠵᠦᠭᠦᠷ ᠲᠤ ᠲᠡᠷᠡᠰᠤᠨ ᠲᠣᠯᠤᠭᠠᠢ ᠰᠠᠮᠠᠷᠡᠭᠰᠡᠭᠡᠷ | ᠤᠳᠠᠭᠠᠨ ᠵᠢᠯ ᠤᠨ ᠤᠶᠢᠳᠬᠠᠷ ᠭᠤᠨᠢᠭ ᠢ ᠦᠪᠡᠷ ᠢᠶᠠᠨ ᠠᠷᠭᠠᠳᠠᠬᠤ ᠶᠢᠨ ᠲᠤᠯᠠᠲᠠ | ᠠᠪᠤ ᠪᠠᠨ ᠦᠭᠡᠶᠢᠯᠡᠭᠰᠡᠨ ᠦᠷ᠎ᠡ ᠶᠢᠨ ᠬᠢᠨᠢ ᠰᠠᠳᠬᠢᠯ ᠳᠤ ᠵᠡᠭᠦᠳᠤ ᠬᠦᠷᠲᠡᠯ᠎ᠡ ᠤᠬᠢᠯᠡᠩᠬᠠᠢ | | | ᠣᠷᠤᠭ᠎ᠠ ᠪᠣᠰᠬᠠᠭ᠎ᠠ ᠣᠨ ᠵᠢᠯ ᠤᠳ ᠢ ᠠᠷᠢᠭᠤᠰᠬᠠᠵᠤ ᠢᠷᠡᠭᠰᠡᠨ ᠠᠷᠭᠠᠯ ᠤᠨ ᠤᠳᠤᠭ᠎ᠠ | ᠭᠠᠵᠠᠷ ᠤᠨ ᠵᠢᠷᠦᠭᠡ ᠶᠢ ᠴᠢᠩᠨᠠᠭᠠᠳ ᠥᠭᠡᠳᠡ ᠪᠠᠨ ᠰᠦᠮᠡᠯᠵᠡᠬᠦ ᠨᠢ ᠬᠠᠷᠠᠭᠳᠠᠬᠤ ᠪᠠᠨ ᠪᠣᠯᠢᠭᠰᠠᠨ | ᠪᠥᠭᠡᠮ ᠪᠥᠭᠡᠮ ᠭᠠᠯ ᠤᠨ ᠭᠡᠷᠡᠯ ᠠᠳᠠ ᠲᠡᠨᠳᠡ ᠦᠭᠡᠢ ᠤᠯᠠᠯᠵᠠᠭᠠᠳ ᠪᠠᠶᠢᠬᠤ ᠪᠠᠷ | ᠭᠤᠷᠪᠠᠨ ᠴᠢᠯᠠᠭᠤᠳ ᠨᠢ ᠦᠨᠡᠰᠤ ᠪᠠᠨ ᠮᠠᠨᠠᠵᠤ ᠠᠶᠠᠨ ᠤ ᠵᠠᠭᠤᠨ ᠢ ᠬᠦᠯᠢᠶᠡᠨᠡᠮ | | | ᠳᠠᠩᠳᠡ ᠪᠠᠨ ᠬᠤᠶᠢᠯᠠᠷᠠᠬᠤ ᠳᠣᠭᠤᠰᠤᠨ ᠤ ᠳᠤᠮᠳᠠ ᠲᠥᠭᠦᠮ ᠳᠠᠯᠠᠩ ᠲᠡᠭᠰᠢᠷᠡᠬᠦ ᠪᠠᠷ | ᠲᠠᠩᠳᠡᠭᠦᠦ ᠴᠠᠶᠢᠯᠭᠠᠨ ᠮᠢᠨᠤ ᠶᠢᠷᠳᠢᠨᠴᠤ ᠪᠣᠭᠤᠨᠢᠬᠠᠨ ᠨᠠᠷᠠ ᠲᠠᠢ ᠰᠠᠨᠠᠭᠳᠠᠨᠠᠮ | ᠵᠠᠭᠤᠴᠢ ᠶᠢᠨ ᠴᠥᠯᠪᠡᠭᠡ ᠬᠦᠲᠦᠯᠦᠭᠰᠡᠨ ᠰᠠᠯᠠᠭ᠎ᠠ ᠵᠠᠮ ᠤᠳ ᠤᠯᠠᠲᠠᠭᠠᠳ ᠪᠠᠶᠢᠬᠤ ᠪᠠᠷ | ᠵᠠᠭᠤᠲᠤ ᠶᠢᠨ ᠬᠡᠪᠯᠡᠯ ᠳᠤ ᠪᠣᠯᠴᠤᠵᠤ ᠤᠬᠠᠭᠠᠨ ᠨᠢ ᠪᠡᠯᠡᠷᠠᠭᠰᠠᠨ ᠲᠦᠭᠡᠷᠢᠯ ᠪᠠᠶᠢᠨᠠᠮ | | | ᠰᠢᠪᠠᠭᠤᠳ ᠤᠨ ᠲᠠᠯᠠᠪᠴᠢᠨ ᠳᠤ ᠵᠡᠭᠦᠭᠳᠡᠵᠤ ᠰᠠᠨᠰᠠᠷ ᠥᠭᠡᠳᠡ ᠮᠡᠴᠣᠮᠠᠷ ᠪᠠᠶᠢᠯ᠎ᠠ | ᠦᠳᠦ ᠨᠢ ᠭᠠᠵᠠᠷ ᠲᠤ ᠪᠤᠲᠠᠷᠠᠬᠤ ᠠᠴᠠ ᠵᠣᠪᠠᠭᠠᠳ ᠥᠪᠡᠷ ᠢ ᠪᠠᠨ ᠬᠦᠯᠢᠶᠡᠰᠤᠯᠠᠯᠠ | ᠴᠡᠩᠬᠡᠷ ᠬᠥᠬᠡ ᠤᠳᠤᠳ ᠢ ᠤᠭᠤᠰᠣᠷᠯᠠᠭᠠᠳ ᠰᠥᠨᠢ ᠶᠢᠨ ᠭᠦᠨ ᠢ ᠬᠤᠮᠢᠯᠠ | ᠬᠤᠪᠣᠩ ᠲᠠᠢ ᠴᠠᠢ ᠪᠠᠨ ᠰᠠᠮᠤᠷᠴᠤ ᠤᠶᠢᠳᠬᠠᠷ ᠢᠶᠠᠨ ᠰᠠᠮᠠᠯᠵᠤ ᠰᠠᠭᠤᠯ᠎ᠠ ᠁ | |