ᠪᠤᠷᠵᠢᠬᠢᠨ ᠪᠠᠶᠠᠨᠳᠦ᠋ᠭᠦᠷᠡᠩ | | ᠠᠷᠭᠠᠯ ᠤᠨ ᠤᠳᠤᠭ᠎ᠠ ᠰᠤᠭᠤᠨᠠᠭᠯᠠᠭᠰᠠᠨ ᠲᠡᠭᠷᠢ ᠶᠢᠨ ᠬᠥᠬᠡ ᠮᠠᠨᠳᠠᠯ ᠳᠤ | ᠠᠴᠢᠶᠠᠨ ᠤ ᠲᠡᠮᠡᠭᠡ ᠰᠢᠭ ᠡᠭᠦᠯᠡᠰ ᠨᠢ ᠬᠤᠷ᠎ᠠ ᠶᠢᠨ ᠥᠩᠭᠡ ᠪᠠᠷ ᠨᠡᠭᠦᠳᠡᠯᠯᠡᠨ᠎ᠡ | ᠠᠷᠤ ᠨᠤᠲᠤᠭ ᠤᠨ ᠬᠠᠪᠤᠷ ᠤᠷᠭ᠎ᠠ ᠶᠢᠨ ᠦᠵᠦᠭᠦᠷ ᠨᠠᠬᠢᠯᠵᠠᠨ | ᠠᠯᠲᠠᠨ ᠬᠢᠩᠭᠠᠨ ᠤ ᠡᠩᠭᠡᠷ ᠢᠷᠭᠤᠢ ᠨᠢᠳᠦᠯᠡᠵᠦ ᠮᠦᠰᠢᠶᠡᠨᠡᠮ | | | ᠲᠡᠭᠷᠢ ᠲᠣᠯᠢᠳᠠᠭᠰᠠᠨ ᠨᠠᠭᠤᠷ ᠨᠢ ᠮᠦᠩᠭᠦᠨ ᠳᠣᠯᠬᠢᠶᠠ ᠬᠠᠶᠠᠯᠠᠬᠤ ᠳᠤ | ᠲᠡᠷᠲᠡᠭᠡ ᠠᠯᠤᠰ ᠤᠨ ᠬᠠᠷᠭᠤᠢ ᠵᠡᠷᠭᠡᠯᠭᠡᠨ ᠳᠤᠮᠳᠠ ᠪᠠᠨ ᠰᠦᠮᠡᠯᠵᠡᠨ᠎ᠡ | ᠲᠡᠩᠭᠡᠯᠢᠭ ᠪᠦᠲᠦᠨ ᠡᠷᠭᠢᠯᠳᠦᠬᠦ ᠡᠬᠡ ᠭᠠᠵᠠᠷ ᠤᠨ ᠠᠮᠢᠰᠬᠤᠭ᠎ᠠ | ᠲᠠᠪᠢᠯᠠᠩ ᠵᠠᠶᠠᠭᠠᠨ ᠤ ᠣᠷᠴᠢᠯᠠᠩ ᠢ ᠬᠠᠶᠢᠷ᠎ᠠ ᠶᠢᠨ ᠥᠩᠭᠡ ᠪᠠᠷ ᠴᠢᠮᠡᠭᠯᠡᠨᠡᠮ | | | ᠳᠣᠯᠣᠭᠠᠨ ᠪᠤᠷᠬᠠᠨ ᠣᠳᠣᠨ ᠰᠦᠨᠢ ᠶᠢᠨ ᠲᠡᠭᠷᠢ ᠶᠢ ᠠᠰᠠᠭᠠᠵᠤ | ᠲᠤᠤᠯᠢ ᠶᠢᠨ ᠴᠡᠩᠬᠡᠷ ᠰᠠᠯᠬᠢᠨ ᠨᠢ ᠦᠨᠳᠦᠷᠯᠢᠭ ᠤᠨ ᠡᠭᠡᠰᠢᠭ ᠢ ᠴᠢᠪᠬᠠᠳᠠᠨ᠎ᠠ | ᠳᠡᠯᠪᠢ ᠪᠠᠨ ᠨᠡᠭᠡᠭᠡᠵᠦ ᠪᠤᠢ ᠴᠡᠴᠡᠭ ᠤᠨ ᠵᠡᠭᠦᠳᠦ ᠬᠠᠭᠳᠠ ᠶᠢᠨ ᠳᠣᠣᠷ᠎ᠠ ᠠᠴᠠ ᠴᠣᠬᠤᠶᠢᠭᠠᠳ | ᠲᠠᠩᠭᠢᠰ ᠭᠠᠲᠤᠯᠤᠭᠰᠠᠨ ᠰᠢᠪᠠᠭᠤᠳ ᠭᠠᠩᠭᠠᠷ ᠭᠤᠩᠭᠤᠷ ᠨᠠᠭᠠᠰᠢᠯᠠᠨᠠᠮ | | | ᠬᠠᠷᠴᠠᠭᠠᠢ ᠱᠣᠩᠬᠤᠷ ᠬᠠᠯᠢᠭᠰᠠᠨ ᠶᠡᠭᠡ ᠬᠢᠩᠭᠠᠨ ᠤ ᠨᠢᠷᠤᠭᠤᠨ ᠳᠤ | ᠬᠠᠳᠠᠨ ᠭᠦᠷᠦᠭᠡᠰᠦ ᠴᠠᠬᠢᠯᠵᠤ ᠠᠮᠤᠷ ᠠᠮᠤᠭᠤᠯᠠᠩ ᠳᠤ ᠭᠡᠷᠡᠯᠲᠦᠨ᠎ᠡ | ᠬᠠᠰᠠᠭ ᠤᠨ ᠬᠦᠷᠳᠦ ᠲᠠᠮᠠᠭᠠᠯᠠᠭᠰᠠᠨ ᠶᠡᠭᠡ ᠲᠠᠯ᠎ᠠ ᠶᠢᠨ ᠭᠦᠨ ᠳᠤ | ᠬᠠᠨ ᠲᠡᠭᠷᠢ ᠶᠢᠨ ᠬᠠᠷᠠᠴᠠᠨ ᠠᠴᠠ ᠰᠦ ᠠᠰᠬᠠᠷᠠᠳᠠᠭ ᠪᠠᠶᠢᠨᠠᠮ | |