ᠣᠶᠢᠷ᠎ᠠ ᠳᠤ᠂ ᠵᠧᠵᠢᠶᠠᠩ ᠮᠤᠵᠢ ᠶᠢᠨ ᠸᠧᠨᠵᠸᠦ ᠬᠤᠲᠠ ᠶᠢᠨ ᠯᠢᠨ ᠤᠪᠤᠬᠳᠤ ᠨᠠᠰᠤᠲᠠᠨ ᠪᠣᠯᠤᠨ ᠲᠡᠭᠦᠨ ᠤ ᠡᠪᠦᠭᠡᠨ ᠯᠦᠸᠧ ᠨᠠᠰᠤᠲᠠᠨ ᠢ ᠪᠠᠶᠢᠴᠠᠭᠠᠯᠲᠠ | ᠬᠢᠭᠰᠡᠨ ᠤ ᠳᠠᠷᠠᠭ᠎ᠠ ᠬᠤᠶᠠᠭᠤᠯᠠ ᠪᠠᠨ ᠪᠦᠷ ᠤᠯᠠᠭᠠᠨ ᠬᠤᠭᠤᠯᠠᠶ ᠶᠢᠨ ᠥᠮᠡᠨ ᠭᠡᠵᠦ ᠣᠨᠣᠰᠢᠯᠠᠨ ᠲᠤᠳᠤᠯᠠᠪᠠ᠃ ᠡᠮᠴᠢ ᠡᠪᠡᠳᠴᠢᠳᠠᠨ ᠤ ᠪᠠᠶᠢᠳᠠᠯ ᠢ ᠤᠶᠢᠯᠠᠭᠠᠬᠤ | ᠪᠠᠷ ᠲᠠᠮᠵᠢᠨ᠂ ᠡᠨᠡ ᠡᠷ᠎ᠡ ᠡᠮ᠎ᠡ ᠬᠤᠶᠠᠭᠤᠯᠠ ᠬᠠᠮᠲᠤ ᠶᠢᠨ ᠠᠮᠢᠳᠤᠷᠠᠯ ᠤᠨ ᠳᠠᠳᠬᠠᠯ ᠪᠠ ᠲᠡᠳᠡᠨ ᠤ ᠣᠷᠣᠰᠢᠨ ᠰᠠᠭᠤᠵᠤ ᠪᠠᠶᠢᠭ᠎ᠠ ᠳᠠᠯᠠᠢ ᠶᠢᠨ ᠠᠷᠠᠯ ᠤᠨ ᠠᠭᠤᠷ | ᠠᠮᠢᠰᠬᠤᠯ ᠬᠦᠢᠲᠡᠨ ᠠᠴᠠ ᠪᠣᠯᠵᠤ᠂ ᠲᠡᠳᠡ ᠪᠠᠷᠤᠭ ᠴᠠᠭ ᠪᠦᠷᠢ ᠪᠤᠴᠠᠯᠤᠮ᠎ᠠ ᠬᠠᠯᠠᠭᠤᠨ ᠬᠤᠭᠤᠯᠠ ᠢᠳᠡᠵᠦ᠂ ᠯᠢᠨ ᠡᠮᠡᠭᠡ ᠪᠠᠰᠠ ᠬᠠᠯᠠᠭᠤᠨ ᠴᠠᠢ ᠤᠤᠭᠤᠬᠤ | ᠳᠤᠷᠠᠲᠠᠢ ᠪᠠᠶᠢᠳᠠᠭ ᠢ ᠤᠯᠵᠤ ᠮᠡᠳᠡᠵᠡᠢ᠃ | ᠡᠮᠴᠢ ᠶᠢᠨ ᠬᠡᠯᠡᠬᠦ ᠪᠠᠷ᠂ ᠤᠯᠠᠭᠠᠨ ᠬᠤᠭᠤᠯᠠᠶ ᠶᠢᠨ ᠳᠣᠲᠣᠷ ᠬᠠᠨ᠎ᠠ ᠶᠢᠨ ᠬᠠᠯᠠᠭᠤᠨ ᠢ ᠲᠠᠭᠠᠭᠠᠬᠤ ᠬᠡᠮᠵᠢᠶ᠎ᠡ ᠨᠢ 40 ℃— 60℃ ᠪᠠᠶᠢᠳᠠᠭ᠃ ᠤᠷᠲᠤ | ᠬᠤᠭᠤᠴᠠᠭ᠎ᠠ ᠪᠠᠷ ᠳᠠᠬᠢᠨ ᠳᠠᠪᠲᠠᠨ ᠬᠠᠯᠠᠭᠤᠨ ᠰᠡᠳᠦᠯᠲᠡ ᠥᠭᠬᠦ ᠨᠢ ᠤᠯᠠᠭᠠᠨ ᠬᠤᠭᠤᠯᠠᠢ ᠶᠢᠨ ︽ᠰᠠᠯᠢᠰᠤᠲᠤ ᠪᠦᠷᠬᠦᠪᠴᠢ ᠶᠢᠨ ᠬᠠᠯᠬᠠᠪᠴᠢ︾ ᠶᠢ ᠡᠪᠳᠡᠵᠦ᠂ | ᠰᠠᠯᠢᠰᠤᠲᠤ ᠪᠦᠷᠬᠦᠪᠴᠢ ᠶᠢᠨ ᠤᠰᠤᠨ ᠬᠠᠪᠤᠩ ᠢ ᠡᠭᠦᠰᠭᠡᠵᠦ᠂ ᠣᠨᠳᠣᠣ ᠬᠡᠯᠪᠡᠷᠢ ᠶᠢᠨ ᠴᠢᠨᠠᠷᠳᠠᠢ ᠬᠤᠪᠢᠷᠠᠯᠲᠠ ᠶᠢ ᠡᠭᠦᠰᠭᠡᠵᠦ᠂ ᠨᠡᠶᠢᠲᠡᠯᠢᠭ ᠪᠤᠰᠤ ᠳᠠᠬᠢᠨ | ᠲᠥᠯᠵᠢᠯᠳᠡ ᠶᠢ ᠪᠤᠢ ᠪᠤᠯᠭᠠᠵᠤ᠂ ᠡᠴᠦᠰ ᠲᠡᠭᠡᠨ ᠥᠮᠡᠨ ᠢ ᠡᠭᠦᠰᠭᠡᠵᠦ᠂ ᠴᠢᠨᠠᠭᠰᠢᠯᠠᠪᠠᠯ ᠦᠬᠦᠭᠦᠯᠳᠡᠭ᠃ | ᠶᠠᠭᠠᠬᠢᠪᠡᠯ ᠠᠮᠠᠷᠬᠠᠨ ᠤᠯᠠᠭᠠᠨ ᠬᠤᠭᠤᠯᠠᠶ ᠶᠢᠨ ᠥᠮᠡᠨ ᠣᠯᠳᠠᠭ ᠪᠣᠶ︖ | · ᠳᠠᠪᠤᠰᠤᠯᠠᠭᠰᠠᠨ ᠨᠣᠭᠤᠭ᠎ᠠ ᠶᠢ ᠤᠷᠲᠤ ᠬᠤᠭᠤᠴᠠᠭ᠎ᠠ ᠪᠠᠷ ᠢᠳᠡᠪᠡᠯ ᠤᠯᠠᠭᠠᠨ ᠬᠤᠭᠤᠯᠠᠶ ᠶᠢᠨ ᠥᠮᠡᠨ ᠳᠤ ᠨᠡᠷᠪᠡᠭᠳᠡᠬᠦ ᠲᠦᠭᠰᠢᠭᠦᠷᠢ ᠶᠢ ᠨᠡᠮᠡᠭᠳᠡᠭᠦᠯᠦᠨ᠎ᠡ | ᠃ | · ᠪᠦᠬᠦᠯᠢ ᠬᠠᠭ᠋ᠤᠯᠢ ᠪᠠᠷ ᠵᠠᠯᠭᠢᠬᠤ ᠨᠢ ᠪᠠᠰᠠ ᠤᠯᠠᠭᠠᠨ ᠬᠤᠭᠤᠯᠠᠶ ᠶᠢᠨ ᠥᠮᠡᠨ ᠣᠯᠬᠤ ᠲᠦᠭᠰᠢᠭᠦᠷᠢ ᠶᠢ ᠨᠡᠮᠡᠭᠳᠡᠭᠦᠯᠦᠨ᠎ᠡ᠃ | · ᠲᠠᠮᠠᠬᠢ ᠲᠠᠲᠠᠵᠤ ᠠᠷᠢᠬᠢ ᠤᠤᠭᠤᠬᠤ ᠨᠢ ᠤᠯᠠᠭᠠᠨ ᠬᠤᠭᠤᠯᠠᠶ ᠶᠢᠨ ᠥᠮᠡᠨ ᠤ ᠴᠢᠬᠤᠯᠠ ᠥᠳᠥᠭᠡᠬᠦ ᠰᠢᠯᠲᠠᠭᠠᠨ ᠤ ᠨᠢᠭᠡ ᠪᠤᠯᠤᠨ᠎ᠠ᠃ | ᠤᠯᠠᠭᠠᠨ ᠬᠤᠭᠤᠯᠠᠶ ᠶᠢᠨ ᠥᠮᠡᠨ ᠤ ᠳᠥᠷᠪᠡᠨ ᠶᠡᠭᠡ ᠳᠣᠬᠢᠶ᠎ᠠ ᠶᠢ ᠰᠡᠷᠡᠮᠵᠢᠯᠡ︕ | ᠤᠯᠠᠭᠠᠨ ᠬᠤᠭᠤᠯᠠᠢ ᠶᠢᠨ ᠲᠤᠳᠤᠷ᠎ᠠ ᠶᠠᠮᠠᠷ ᠨᠢᠭᠡᠨ ᠶᠠᠭᠤᠮ᠎ᠠ ᠪᠠᠶᠢᠬᠤ ᠰᠢᠭ᠋ ᠰᠠᠨᠠᠬᠳᠠᠬᠤ᠂ ᠵᠠᠯᠭᠢᠬᠤ ᠳᠤ ᠬᠦᠴᠢᠷᠳᠡᠬᠦ᠂ ᠡᠪᠴᠢᠭᠦᠦ ᠶᠠᠰᠤᠨ ᠤ ᠠᠷᠤ | ᠡᠪᠡᠳᠬᠦ᠂ ᠳᠠᠭᠤ ᠰᠥᠭᠡᠩᠭᠢᠲᠦᠬᠦ᠃ |