ᠥᠷᠯᠥᠭᠡ ᠶᠢᠨ ᠬᠤᠭᠤᠯᠠᠨ ᠳᠤ ᠡᠨᠡᠬᠦ ᠢᠳᠡᠭᠡᠨ ᠢ ᠰᠠᠶᠢᠨ ᠢᠳᠡᠬᠦ ᠦᠭᠡᠢ ᠪᠤᠯ ᠨᠡᠩ ᠠᠮᠠᠷᠬᠠᠨ ᠮᠠᠷᠢᠶᠠᠯᠠᠳᠠᠭ ᠶᠤᠮ ᠪᠠᠶᠢᠨ᠎ᠠ
ᠨᠡᠶᠢᠲᠡᠯᠡᠭᠰᠡᠨ ᠴᠠᠭ᠄
2025/3/25
      ᠰᠢᠨᠵᠢᠯᠡᠬᠦ ᠤᠬᠠᠭᠠᠨᠲᠠᠳ ᠤᠨ ᠢᠯᠡᠷᠡᠭᠦᠯᠦᠭᠰᠡᠨ ᠢᠶᠠᠷ᠂ ᠥᠷᠯᠥᠭᠡ ᠶᠢᠨ ᠬᠤᠭᠤᠯᠠᠨ  ᠳᠤ ᠤᠭᠤᠷᠠᠭ ᠢᠳᠡᠭᠰᠡᠨ ᠨᠢ ᠬᠦᠷᠦᠯᠴᠡᠬᠦ ᠦᠭᠡᠢ ᠪᠣᠯ ᠥᠯᠥᠰᠬᠦ ᠶᠢ ᠲᠦᠷᠭᠡᠳᠬᠡᠵᠦ᠂ ᠪᠥᠬᠦ ᠡᠳᠦᠷ ᠤᠨ ᠡᠨᠧᠷᠭᠢ ᠶᠢᠨ ᠣᠷᠣᠭᠤᠯᠤᠯᠲᠠ ᠪᠠᠷᠢᠮᠵᠢᠶ᠎ᠠ ᠠᠴᠠ ᠬᠡᠲᠦᠷᠡᠵᠦ᠂ ᠨᠠᠩ ᠠᠮᠠᠷᠬᠠᠨ ᠮᠠᠷᠢᠶᠠᠯᠠᠭᠤᠯᠵᠤ ᠮᠡᠳᠡᠨ᠎ᠡ᠃      ᠰᠤᠳᠤᠯᠭᠠᠲᠠᠳ ᠤᠨ ᠢᠯᠡᠷᠡᠭᠦᠯᠦᠭᠰᠡᠨ ᠢᠶᠠᠷ᠂ ᠥᠷᠯᠥᠭᠡ ᠶᠢᠨ ᠬᠤᠭᠤᠯᠠᠨ ᠳᠤ ᠤᠭᠤᠷᠠᠭ ᠭᠦᠢᠴᠡᠳ ᠢᠳᠡᠭᠰᠡᠨ ᠦᠭᠡᠢ ᠪᠣᠯ ᠪᠡᠶ᠎ᠡ ᠮᠠᠬᠠᠪᠤᠳ ᠴᠢᠨᠢ ᠴᠢᠮ᠎ᠡ  ᠳᠤ ︽ᠥᠯᠥᠰᠴᠤ︾ ᠪᠠᠶᠢᠨ᠎ᠠ ᠭᠡᠰᠡᠨ ᠲᠤᠬᠢᠶ᠎ᠠ ᠦᠭᠳᠡᠭ᠂ ᠡᠶᠢᠮᠣ ᠠᠴᠠ ᠭᠤᠷᠪᠠᠨ ᠴᠠᠭ ᠤᠨ ᠬᠤᠭᠤᠯᠠ ᠢᠳᠡᠯ᠎ᠡ ᠴᠦ ᠬᠡᠰᠡᠨ ᠪᠠᠰᠠ ᠬᠤᠪᠳᠤᠭ ᠬᠦᠷᠳᠡᠭ᠃      ᠥᠷᠯᠥᠭᠡ ᠶᠢᠨ ᠬᠤᠭᠤᠯᠠᠨ ᠳᠠᠬᠢ ᠤᠭᠤᠷᠠᠭ ᠤᠨ ᠬᠠᠷᠢᠴᠠᠯ ᠢᠶᠠᠨ ᠳᠡᠭᠡᠭᠰᠢᠯᠡᠭᠦᠯᠪᠡᠯ᠂ ᠪᠥᠬᠦ ᠡᠳᠦᠷ ᠤᠨ ᠡᠨᠧᠷᠭᠢ ᠶᠢᠨ ᠰᠢᠩᠭᠡᠭᠡᠯᠲᠡ ᠶᠢ ᠪᠠᠭᠠᠰᠬᠠᠬᠤ ᠪᠠᠷ ᠪᠠᠷᠠᠬᠤ ᠦᠭᠡᠢ᠂ ᠪᠠᠰᠠ ᠮᠠᠷᠢᠶ᠎ᠠ ᠲᠠᠢ ᠬᠥᠮᠥᠨ ᠤ ᠪᠡᠶ᠎ᠡ ᠶᠢᠨ ᠬᠦᠨᠳᠦ ᠪᠠ ᠪᠡᠶ᠎ᠡ ᠶᠢᠨ ᠥᠭᠡᠬᠦ ᠴᠦ ᠨᠠᠩ ᠲᠦᠷᠭᠡᠨ ᠪᠠᠭᠤᠷᠠᠭᠤᠯᠳᠠᠭ᠃ ᠡᠳᠦᠷ ᠪᠦᠷᠢ ᠤᠭᠤᠷᠠᠭ ᠶᠡᠬᠡᠲᠡᠢ ᠥᠷᠯᠥᠭᠡ ᠶᠢᠨ ᠬᠤᠭᠤᠯᠠ ᠢᠳᠡᠬᠦ ᠶᠢ ᠪᠠᠷᠢᠮᠲᠠᠯᠠᠵᠤ ᠪᠠᠶᠢᠭ᠎ᠠ ᠵᠠᠯᠠᠭᠤ ᠪᠠᠭᠠᠴᠤᠳ ᠤᠨ ᠪᠡᠶ᠎ᠡ ᠨᠢ ᠠᠶᠠᠨᠳᠠᠭᠠᠨ 400 ᠺᠠᠯᠤᠷᠢ ᠬᠢᠷᠢᠲᠡᠢ ᠢᠳᠡᠭᠡᠨ ︽ᠳᠤᠲᠠᠭᠤ︾ ᠢᠳᠡᠳᠡᠭ ᠢᠶᠠᠷ ᠢᠶᠠᠨ ᠳᠤᠮᠳᠠᠴᠢ ᠪᠠᠷ 0.4 ᠺᠢᠯᠣᠭ᠍ᠷᠠᠮ ᠴᠡᠪᠡᠷ ᠥᠭᠡᠬᠦ ᠬᠠᠰᠤᠭᠳᠠᠳᠠᠭ᠃ ᠬᠠᠷᠢᠨ ᠶᠡᠷᠤᠮᠳᠡᠭ ᠥᠷᠯᠥᠭᠡ ᠶᠢᠨ ᠬᠤᠭᠤᠯᠠ ᠢᠳᠡᠬᠦ ᠪᠤᠶᠤ ᠥᠷᠯᠥᠭᠡ ᠶᠢᠨ ᠬᠤᠭᠤᠯᠠ ᠢᠳᠡᠳᠡᠭ ᠦᠭᠡᠢ ᠵᠠᠯᠠᠭᠤ ᠪᠠᠭᠠᠴᠤᠳ ᠤᠨ ᠪᠡᠶ᠎ᠡ ᠨᠢ ᠲᠤᠷᠠᠬᠤ ᠦᠭᠡᠢ ᠮᠥᠷᠲᠡᠭᠡᠨ ᠪᠡᠶ᠎ᠡ ᠶᠢᠨ ᠬᠦᠨᠳᠦ ᠨᠢ ᠬᠠᠷᠢᠨ ᠠᠭᠠᠵᠢᠮ ᠢᠶᠠᠷ ᠨᠡᠮᠡᠭᠳᠡᠳᠡᠭ ᠪᠠᠶᠢᠨ᠎ᠠ᠃      ᠨᠠᠰᠤᠨ ᠳᠤ ᠬᠦᠷᠦᠭᠰᠡᠨ ᠡᠮᠡᠭᠲᠡᠶᠢᠴᠦᠳ ᠡᠳᠦᠷ ᠪᠦᠷᠢ ᠶᠢᠨ ᠤᠭᠤᠷᠠᠭ ᠤᠨ ᠶᠡᠷᠦᠩᠬᠡᠢ ᠬᠡᠮᠵᠢᠶ᠎ᠡ ᠶᠢ 55g᠂ ᠡᠷᠡᠭᠲᠡᠶᠢᠴᠦᠳ  65g ᠪᠠᠶᠢᠯᠭᠠᠪᠠᠯ ᠰᠠᠶᠢᠨ ᠭᠡᠵᠦ ᠰᠠᠨᠠᠭᠤᠯᠵᠤ ᠪᠠᠶᠢᠨ᠎ᠠ᠃ ᠥᠷᠯᠥᠭᠡ ᠶᠢᠨ ᠬᠤᠭᠤᠯᠠᠨ ᠤ ᠪᠥᠬᠦ ᠡᠳᠦᠷ ᠲᠤ ᠡᠵᠡᠯᠡᠬᠦ ᠬᠠᠷᠢᠴᠠᠯ ᠨᠢ 30% ᠭᠡᠵᠦ ᠦᠵᠡᠪᠡᠯ᠂ ᠨᠢᠭᠡ ᠡᠷᠡᠨ ᠤ ᠬᠢᠷᠢ ᠲᠡᠩᠴᠡᠭᠰᠡᠨ ᠥᠷᠯᠥᠭᠡ ᠶᠢᠨ ᠬᠤᠭᠤᠯᠠᠨ ᠳᠤ ᠡᠮᠡᠭᠲᠡᠶᠢᠴᠦᠳ ᠪᠠ ᠡᠷᠡᠭᠲᠡᠶᠢᠴᠦᠳ ᠲᠣᠰ ᠲᠣᠰ 16.5g ᠪᠠ 19.5g ᠤᠨ ᠤᠭᠤᠷᠠᠭ ᠢᠳᠡᠬᠦ ᠬᠡᠷᠡᠭᠲᠡᠢ ᠶᠤᠮ᠃
ᠢᠷᠡᠯᠲᠡ᠄ ᠠᠷᠠᠳ ᠤᠨ ᠮᠣᠩᠭᠤᠯ ᠰᠦᠯᠵᠢᠶ᠎ᠡ