ᠠᠬ᠎ᠠ ᠶᠢᠨ ᠬᠠᠶᠢᠯᠠᠰᠤ
ᠨᠡᠶᠢᠲᠡᠯᠡᠭᠰᠡᠨ ᠴᠠᠭ᠄
2025/3/27
                                    ᠵᠣᠬᠢᠶᠠᠭᠴᠢ᠄ ᠵᠢ᠊· ᠪᠠᠶᠠᠷᠲᠦ      ᠰᠠᠨᠠᠭᠠᠨ ᠳᠤ ᠤᠷᠤᠮ᠎ᠠ ᠦᠭᠡᠢ ᠡᠨᠡ ᠬᠠᠶᠢᠯᠠᠰᠤ ᠶᠢ ᠰᠠᠨᠠᠨ ᠦᠭᠡᠶᠢᠯᠡᠵᠦ ᠪᠢ ᠤᠳᠠᠭᠠᠨ ᠬᠠᠷᠠᠯ᠎ᠠ᠃ ᠦᠷᠦᠭᠡᠯ ᠠᠴᠠ ᠪᠠᠨ ᠳᠠᠰᠤᠷᠠᠨ ᠦᠨᠦᠴᠢᠷᠡᠵᠦ ᠪᠡᠷᠬᠡᠲᠡᠨ᠂ ᠭᠠᠭᠴᠠᠭᠠᠷ ᠤᠷᠭᠤᠭᠰᠠᠨ ᠴᠦ ᠬᠡᠨ ᠨᠢᠭᠡᠨ ᠤ ᠳᠤᠳᠤᠮᠳᠠᠯᠭ᠎ᠠ ᠪᠠᠷ ᠭᠡᠭᠡᠨᠴᠢᠷ ᠰᠢᠯᠤᠭᠤᠨ ᠤᠷᠭᠤᠭᠰᠠᠨ ᠢᠶᠠᠨ ᠤᠯᠠᠨ ᠳᠤ ᠦᠵᠡᠭᠦᠯᠦᠶ᠎ᠡ ᠭᠡᠰᠡᠨ ᠰᠢᠭ ᠤᠮᠤᠭᠲᠠᠶᠢᠬᠠᠨ ᠰᠡᠬᠦ᠋ᠨ᠎ᠡ᠃       ᠮᠠᠩᠬᠠᠨ ᠤᠷᠤᠢ ᠳᠡᠭᠡᠷ᠎ᠡ ᠮᠠᠯ ᠤᠨ ᠮᠦᠷ ᠲᠧ ᠬᠤᠷᠭᠤᠳᠠᠨ ᠠᠮᠢᠯᠠᠭᠰᠠᠨ ᠨᠢᠯᠬ᠎ᠠ ᠵᠤᠭ᠎ᠠ ᠶᠢ ᠮᠠᠯ ᠤᠨᠤᠭ᠎ᠠ᠂ ᠰᠠᠯᠬᠢ ᠰᠢᠭᠤᠷᠭᠠᠨ ᠳᠤ ᠰᠦᠢᠳᠴᠢᠬᠡᠬᠦ ᠪᠤᠢ ᠭᠡᠵᠦ ︽ᠠᠪᠤ ᠶᠢᠨ ᠪᠤᠷᠣ ᠮᠠᠩᠬ᠎ᠠ︾ ᠶᠢᠨ ᠳᠡᠷᠭᠡᠳᠡᠬᠢ ᠨᠠᠮᠬᠠᠨ ᠪᠤᠷᠣ ᠲᠤᠯᠤᠭᠠᠳ ᠤᠨ ᠳᠥᠷᠦᠭᠡᠨ ᠳᠡᠭᠡᠷ᠎ᠡ ᠤᠪᠣᠭᠠᠨ ᠰᠦᠯᠳᠡ ᠶᠢᠨ ᠰᠤᠭᠰᠤᠢ ᠮᠡᠲᠦ ᠲᠤᠷᠨᠢᠭᠤᠨ ᠤᠷᠭᠤᠭᠰᠠᠨ ᠡᠨᠡ ᠬᠠᠶᠢᠯᠠᠰᠤ ᠶᠢ ᠬᠦᠮᠦᠨ ᠤ ᠬᠠᠵᠠᠭᠠᠢ᠂ ᠬᠡᠦᠬᠡᠳ ᠤᠨ ᠪᠤᠷᠤᠭᠤ ᠶᠢ ᠵᠠᠯᠠᠵᠦ ᠵᠠᠰᠠᠬᠤ ᠰᠢᠭ ᠵᠢᠪᠬᠤᠯᠠᠩᠲᠦ ᠠᠬ᠎ᠠ ᠠᠷᠠᠴᠢᠯᠠᠨ ᠬᠠᠮᠠᠭᠠᠯᠠᠵᠦ᠂ ᠠᠰᠠᠷᠠᠨ ᠳᠤᠳᠤᠮᠳᠠᠭᠠᠳ ᠬᠥᠯ ᠢ ᠨᠢ ᠳᠦᠷᠦᠭᠡᠨ ᠳᠤ᠂ ᠭᠠᠷ ᠢ ᠨᠢ ᠭᠠᠨᠵᠤᠭᠠᠨ ᠳᠤ ᠬᠦᠷᠭᠡᠨ ︽ᠬᠡᠦᠬᠡᠳ︾ ᠰᠢᠭ ᠬᠦᠮᠦᠨ ᠤ ᠤᠷᠴᠢᠯᠠᠩ ᠳᠤ ᠲᠤᠮᠤ ᠪᠠᠳᠠᠷᠠᠭᠤᠨ ᠪᠤᠯᠭᠠᠵᠠᠢ᠃       ᠡᠨᠡ ᠬᠠᠶᠢᠯᠠᠰᠤ ᠡᠷ᠎ᠡ ᠶᠢᠨ ᠵᠡᠷᠭᠡ ᠳᠤ ᠲᠤᠯᠵᠣ᠂ ᠦᠵᠡᠮᠵᠢ ᠲᠡᠭᠦᠰ᠂ ᠦᠨᠳᠦᠰᠦ ᠪᠠᠲᠦ ᠬᠠᠳᠬᠤᠨ᠂ ᠦᠷᠡᠯᠡᠵᠦ ᠨᠠᠮᠠᠭᠠᠯᠠᠭᠠᠳ᠂ ᠭᠠᠩ ᠬᠠᠭᠰᠠᠷᠠᠭᠠᠨ ᠤ ᠠᠶᠤᠯ ᠠᠴᠠ ᠠᠶᠤᠬᠤ ᠦᠭᠡᠢ᠂ ᠬᠠᠲᠠᠭᠤ ᠰᠢᠷᠦᠭᠦᠨ ᠰᠢᠭᠤᠷᠭᠠᠨ ᠠᠴᠠ ᠠᠯᠵᠢᠶᠠᠬᠤ ᠦᠭᠡᠢ᠂ ᠭᠠᠴᠢᠭᠳᠠᠬᠤ ᠳᠠᠷᠤᠯᠠᠯ ᠦᠭᠡᠢ᠂ ᠭᠠᠭᠴᠠᠭᠠᠷᠳᠠᠬᠤ ᠵᠣᠪᠠᠯ ᠦᠭᠡᠢ᠂ ᠪᠡᠷᠬᠡ ᠶᠢ ᠳᠠᠪᠠᠭᠤ ᠲᠡᠩᠭᠡᠭᠡ ᠲᠠᠢ᠂ ᠪᠡᠳᠡᠷᠡᠬᠦ ᠶᠢ ᠲᠤᠭᠤᠯᠬᠤ ᠴᠢᠳᠠᠯ ᠲᠠᠢ ᠬᠠᠶᠢᠯᠠᠰᠤ ᠪᠣᠯᠵᠠᠢ᠃       ᠠᠬ᠎ᠠ ᠶᠢᠨ ᠬᠠᠶᠢᠯᠠᠰᠤ ᠶᠢ ᠬᠠᠷᠠᠬᠤ ᠳᠤ ᠠᠷᠪᠢᠨ ᠵᠢᠷᠤᠭ ᠳᠤᠳᠤᠷᠠᠨ᠎ᠠ᠂ ᠠᠮᠢᠳᠤᠷᠠᠯ ᠤᠨ ᠮᠥᠷ ᠳᠤᠷᠠᠶᠢᠨ᠎ᠠ᠃ ᠪᠠᠶᠢᠭᠠᠯᠢ ᠶᠢᠨ ᠮᠤᠳᠣ ᠴᠢᠯᠠᠭᠤ᠂ ᠡᠪᠡᠰᠦ ᠤᠷᠭᠤᠮᠠᠯ᠂ ᠡᠵᠡᠨ ᠤᠩᠭᠤᠳ ᠲᠠᠢ᠂ ᠰᠥᠭ ᠰᠦᠨᠡᠰᠦ ᠲᠠᠢ᠂ ᠡᠶ᠎ᠡ ᠨᠠᠶᠢᠷ ᠢᠶᠠᠷ ᠡᠪᠰᠢᠨ ᠳᠦᠰᠢᠯᠴᠡᠵᠦ᠂ ᠡᠷᠡᠭᠦᠯ ᠪᠠᠳᠠᠷᠠᠭᠤᠨ ᠤᠷᠭᠤᠳᠠᠭ ᠢ ᠬᠡᠯᠡᠨ᠎ᠡ᠃       ᠠᠬ᠎ᠠ ᠶᠢᠨ ᠬᠠᠶᠢᠯᠠᠰᠤᠨ ᠤ ᠤᠶᠢᠷᠠᠯᠴᠠᠭ᠎ᠠ ᠬᠡᠳᠦᠨ ᠪᠤᠲᠠ ᠪᠤᠷᠭᠠᠰᠤ ᠵᠢᠪᠠᠷ ᠢ ᠬᠠᠯᠬᠠᠯᠠᠨ ᠨᠦᠮᠦᠷᠴᠦ᠂ ᠨᠢᠯᠬ᠎ᠠ ᠵᠤᠭ᠎ᠠ ᠶᠢᠨ ᠦᠰᠦᠨ ᠲᠦᠯᠵᠢᠬᠦ ᠳᠤᠨᠢ ᠦᠮᠦᠭ ᠳᠦᠰᠢᠭ ᠪᠤᠯᠬᠤ ᠳᠤ ᠠᠬ᠎ᠠ ᠪᠠᠶᠠᠷᠯᠠᠨ᠄ ︽ᠬᠠᠮᠲᠦ ᠳᠠᠭᠠᠨ ᠳᠦᠰᠢᠯᠴᠡᠨ ᠤᠷᠭᠤᠭ᠂ ᠬᠠᠨᠢᠰᠠᠨ ᠨᠢᠭᠲᠠᠷᠠᠵᠤ ᠲᠣᠮᠣ ᠪᠤᠯᠤᠭ︕︾ ᠭᠡᠵᠦ ᠬᠠᠳᠠᠭᠰᠠᠨ ᠪᠤᠷᠭᠠᠰᠤᠨ ᠲᠦᠯᠡᠭᠡ ᠪᠠᠷ ᠬᠦᠷᠢᠶᠡᠯᠡᠨ ᠬᠠᠮᠠᠭᠠᠯᠠᠵᠦ᠂ ᠭᠠᠩᠳᠠᠵᠤ ᠵᠦᠳᠡᠬᠦ ᠳᠤᠨᠢ ᠤᠰᠤᠯᠠᠵᠦ᠂ ᠭᠠᠴᠢᠭᠳᠠᠵᠤ ᠪᠡᠷᠬᠡᠳᠡᠬᠦ ᠳᠤᠨᠢ ᠡᠯᠪᠡᠷᠢᠯᠡᠭᠰᠡᠨ ᠠᠴᠠ ᠪᠦᠷ ᠴᠦ ᠬᠦᠴᠦ ᠲᠠᠮᠢᠷ ᠢ ᠨᠢ ᠨᠦᠬᠦᠵᠦ᠂ ᠬᠦᠰᠡᠭᠰᠡᠨ ᠰᠠᠨᠠᠭ᠎ᠠ ᠶᠢ ᠨᠢ ᠠᠴᠢᠯᠠᠨ᠂ ᠬᠦᠴᠦᠷᠬᠡᠭ ᠪᠤᠯᠭᠠᠨ ᠤᠷᠭᠤᠭᠤᠯᠤᠭᠰᠠᠨ ᠪᠠᠶᠢᠪᠠ᠃       ᠭᠠᠵᠠᠷ ᠤᠨ ᠭᠦᠬᠦ ᠪᠣᠷᠣ ᠲᠤᠯᠤᠭᠠᠳ ᠤᠨ ᠤᠷᠤᠢ ᠳᠤ ᠨᠠᠷᠠ ᠬᠤᠷ᠎ᠠ ᠶᠢᠨ ᠴᠢᠭᠢᠭ ᠰᠢᠮ᠎ᠡ ᠶᠢ ᠪᠤᠯᠢᠶᠠᠯᠴᠠᠯ ᠦᠭᠡᠢ ᠬᠤᠪᠢᠶᠠᠯᠴᠠᠨ ᠰᠢᠮᠡᠵᠢᠵᠦ᠂ ᠵᠠᠭᠤᠷ᠎ᠠ ᠤᠶᠢᠷ᠎ᠠ ᠪᠠᠨ ᠪᠠᠲᠦ ᠨᠢᠭᠲᠠᠷᠠᠨ᠂ ᠵᠠᠭᠤᠷᠠᠭᠠᠨ ᠬᠠᠭᠠᠴᠠᠯ ᠦᠭᠡᠢ ᠤᠷᠭᠤᠨ᠂ ᠪᠠᠶᠢᠭᠠᠯᠢ ᠶᠢᠨ ᠡᠪᠰᠡᠯ᠂ ᠬᠦᠮᠦᠨ ᠤ ᠠᠴᠢᠯᠠᠯ ᠢ ᠦᠵᠡᠭᠦᠯᠵᠦ ᠰᠡᠬᠦ᠋ᠨ᠎ᠡ᠃       ᠠᠪᠤ ᠮᠢᠨᠢ ᠪᠤᠷᠣ ᠮᠠᠩᠬᠠᠨ ᠤ ᠪᠠᠨ ᠰᠢᠪᠠᠭ ᠤᠨ ᠲᠤᠯᠤᠭᠠᠢ ᠳᠡᠭᠡᠷ᠎ᠡ ᠰᠠᠭᠤᠵᠦ᠂ ᠳᠤᠷᠤᠨ᠎ᠠ ᠶᠢᠨ ᠨᠠᠷᠠᠨ ᠠᠴᠠ ᠢᠯᠴᠢ ᠡᠨᠧᠷᠭᠢ ᠳᠤᠰᠴᠦ᠂ ᠲᠤᠪᠤ ᠲᠤᠯᠤᠭᠠᠳ ᠤᠨ ᠢᠢᠡᠨ ᠰᠡᠭᠦᠳᠡᠷ ᠠᠴᠠ ᠴᠢᠭᠢᠭ ᠠᠭᠠᠷ ᠬᠦᠷᠲᠡᠨ᠂ ᠠᠮᠤᠷ ᠲᠠᠶᠢᠪᠤᠩ ᠤᠷᠤᠰᠢᠨ᠂ ᠳᠤᠩᠭᠤᠳᠣᠭᠰᠠᠨ ᠠᠮᠢᠲᠠᠨ ᠵᠢᠭᠦᠷᠲᠡᠨ ᠤ ᠪᠠᠨ ᠨᠠᠶᠢᠷᠠᠯ ᠠᠴᠠ ᠠᠷᠢᠭᠤᠨ ᠰᠠᠨᠠᠭᠠᠨ ᠤ ᠢᠲᠡᠭᠡᠯ ᠡᠪᠦᠷᠯᠡᠨ ᠵᠢᠷᠭᠠᠳᠠᠭ ᠪᠠᠶᠢᠭᠰᠠᠨ ᠠᠴᠠ ᠠᠷᠢᠭᠤᠨ ᠰᠦᠨᠡᠰᠦ ᠨᠢ ᠪᠣᠷᠣ ᠮᠠᠩᠬᠠᠨ ᠤ ᠰᠢᠪᠠᠭ ᠤᠨ ᠲᠤᠯᠤᠭᠠᠢ ᠳᠡᠭᠡᠷ᠎ᠡ ᠦᠨᠢ ᠬᠤᠷᠭᠤᠳᠠᠨ ᠰᠠᠭᠠᠲᠠᠵᠤ᠂ ᠬᠦᠮᠦᠨ ᠠᠷᠠᠳ᠂ ᠬᠡᠦᠬᠡᠳ ᠬᠤᠶᠢᠴᠢᠰ ᠤᠨ ᠢᠶᠠᠨ ᠰᠠᠶᠢᠨ ᠰᠠᠶᠢᠬᠠᠨ ᠳᠤ ᠪᠠᠶᠠᠰᠳᠠᠭ ᠬᠡᠮᠡᠨ ᠪᠢ ᠵᠠᠯᠪᠠᠷᠢᠨ ᠰᠠᠭᠤᠳᠠᠭ᠃       ᠲᠡᠭᠡᠭᠡᠳ ᠯᠠ ᠳᠡᠷᠭᠡᠳᠡ ᠮᠢᠨᠢ ᠪᠠᠶᠢᠭ᠎ᠠ ᠠᠮᠢᠳᠤᠷᠠᠮᠠᠷ ᠦᠭᠡᠢ ᠵᠦᠳᠡᠭᠰᠡᠨ ᠨᠢᠯᠬ᠎ᠠ ᠰᠤᠶᠤᠭ᠎ᠠ ᠶᠢ ᠠᠬ᠎ᠠ ᠮᠢᠨᠢ ᠬᠦᠳᠡᠯᠮᠤᠷᠢ ᠬᠦᠴᠦ᠂ ᠬᠦᠯᠦᠰᠦᠨ ᠳᠤᠰᠣᠯ ᠢᠶᠠᠷ ᠢᠶᠠᠨ ᠠᠷᠠᠴᠢᠯᠠᠨ ᠬᠠᠶᠢᠷᠠᠯᠠᠵᠦ ᠤᠷᠭᠤᠭᠤᠯᠤᠭᠰᠠᠨ ᠢ ᠠᠪᠤ ᠬᠠᠷᠠᠭᠠᠳ᠄ ︽ᠬᠦᠦ ᠮᠢᠨᠢ ᠪᠣᠯᠵᠤ ᠪᠠᠶᠢᠨ᠎ᠠ᠂ ᠡᠬᠡ ᠪᠠᠶᠢᠭᠠᠯᠢ ᠶᠢᠨ ᠢᠶᠠᠨ ᠮᠤᠳᠣ ᠤᠷᠭᠤᠮᠠᠯ ᠢ ᠠᠰᠠᠷᠠᠨ ᠡᠯᠪᠡᠷᠢᠯᠡᠵᠦ᠂ ᠠᠮᠢᠯᠠᠭᠤᠯᠤᠨ ᠤᠷᠭᠤᠭᠤᠯᠬᠤ ᠭᠡᠵᠦ ᠠᠮᠢᠳᠤ ᠶᠢᠨ ᠵᠠᠶᠠᠭᠠᠨ ᠤ ᠠᠴᠢᠯᠠᠯ ᠪᠤᠶᠠᠨ ᠰᠢᠦ︕ ᠡᠬᠡ ᠪᠠᠶᠢᠭᠠᠯᠢ ᠮᠢᠨᠢ ᠡᠷᠡᠭᠦᠯ ᠪᠦᠲᠦᠨ᠂ ᠡᠩᠭᠡ ᠲᠠᠶᠢᠪᠤᠩ ᠪᠠᠶᠢᠭᠰᠠᠨ ᠴᠠᠭ ᠲᠤ ᠬᠦᠮᠦᠨ ᠲᠦᠷᠦᠯᠬᠢᠲᠡᠨ᠂ ᠠᠮᠢᠲᠠᠨ ᠵᠢᠭᠦᠷᠲᠡᠨ ᠬᠠᠷᠢᠯᠴᠠᠨ ᠳᠦᠰᠢᠯᠴᠡᠵᠦ᠂ ᠬᠠᠨᠢᠰᠠᠨ ᠤᠷᠤᠰᠢᠬᠤ ᠵᠠᠶᠠᠭ᠎ᠠ ᠳᠠᠰᠤᠷᠠᠬᠤ ᠦᠭᠡᠢ︕︾ ᠭᠡᠵᠦ ᠠᠷᠢᠭᠤᠨ ᠰᠦᠨᠡᠰᠦ ᠨᠢ ᠠᠮᠤᠷᠯᠢᠩᠭᠤᠢ ᠪᠠᠶᠠᠰᠳᠠᠭ ᠪᠠᠶᠢᠬᠤ ᠬᠡᠮᠡᠨ ᠪᠢ ᠪᠤᠳᠣᠳᠠᠭ᠃       ᠠᠬ᠎ᠠ ᠶᠢᠨ ᠤᠳᠣ ᠰᠤᠯᠢᠷᠰᠢᠵᠦ ᠠᠪᠤ ᠶᠢᠨ ᠳᠡᠷᠭᠡᠳᠡ ᠤᠴᠢᠭᠰᠠᠨ ᠠᠴᠠ ᠬᠤᠶᠢᠰᠢ ᠰᠢᠬᠦᠷ ᠮᠡᠲᠦ ᠰᠡᠭᠦᠳᠡᠷ ᠬᠠᠶᠢᠷᠠᠯᠠᠭᠰᠠᠨ ᠲᠡᠷᠡ ᠬᠠᠶᠢᠯᠠᠰᠤ ᠶᠢ ᠠᠬ᠎ᠠ ᠮᠢᠨᠢ ᠠᠯᠤᠰ ᠬᠤᠯᠠ ᠶᠢ ᠪᠠᠷᠠᠯᠠᠨ ᠠᠮᠤᠭᠤᠯᠠᠩ ᠲᠠᠶᠢᠪᠤᠩ ᠵᠤᠭᠰᠤᠵᠤ ᠪᠠᠶᠢᠨ᠎ᠠ ᠬᠡᠮᠡᠨ ᠰᠡᠳᠭᠢᠯ ᠳᠡᠭᠡᠨ ᠠᠮᠢᠯᠠᠭᠤᠯᠤᠨ ᠮᠦᠷᠦᠭᠡᠳᠬᠦ ᠪᠤᠯᠤᠭᠰᠠᠨ᠃ ᠠᠮᠢᠵᠢᠷᠠᠯ ᠤᠨ ᠵᠠᠶᠠᠭ᠎ᠠ ᠶᠢ ᠳᠦᠰᠢᠨ ᠪᠤᠰᠤᠭᠰᠠᠨ ᠠᠬ᠎ᠠ ᠶᠢᠨ ᠬᠠᠶᠢᠯᠠᠰᠤ ᠶᠢ ᠠᠬᠢᠨ ᠳᠠᠬᠢᠨ ᠰᠢᠷᠲᠡᠬᠦ ᠳᠤ ᠡᠬᠡ ᠪᠠᠶᠢᠭᠠᠯᠢ ᠶᠢᠨ ᠮᠠᠩᠬ᠎ᠠ ᠲᠤᠯᠤᠭᠠᠳ᠂ ᠤᠢ ᠲᠠᠶᠢᠭ᠎ᠠ᠂ ᠡᠪᠡᠰᠦ ᠤᠷᠭᠤᠮᠠᠯ ᠨᠢ ᠬᠡᠷᠪᠡ ᠬᠡᠯᠡ ᠲᠠᠢ ᠪᠠᠶᠢᠭᠰᠠᠨ ᠪᠣᠯ ᠬᠡᠴᠢᠨᠡᠨ ᠤᠯᠠᠨ ᠲᠤᠭᠠᠴᠢᠭᠠᠳ ᠪᠠᠷᠠᠬᠤ ᠦᠭᠡᠢ ᠭᠤᠮᠤᠷᠬᠠᠯ᠂ ᠭᠤᠨᠢᠭ᠂ ᠪᠠᠰᠠ ᠪᠠᠶᠠᠷ ᠪᠠᠶᠠᠰᠤᠯ ᠪᠠᠶᠢᠳᠠᠭ ᠪᠣᠯ⁈ ᠭᠡᠵᠦ ᠰᠡᠳᠭᠢᠯ ᠵᠦᠭᠡᠯᠡᠷᠡᠨ ᠪᠤᠳᠤᠯᠭᠠᠰᠢᠷᠠᠲᠠᠬ᠃       ᠡᠬᠡ ᠲᠠᠩᠰᠤᠭ ᠪᠠᠶᠢᠭᠠᠯᠢ ᠶᠢᠨ ᠡᠯᠢᠭᠡᠨ ᠳᠤᠨᠢ ᠲᠤᠷᠨᠢᠨ᠂ ᠡᠯᠪᠡᠭ ᠪᠠᠶᠠᠨ ᠭᠡᠰᠢᠭ ᠢ ᠨᠢ ᠬᠦᠷᠲᠡᠨ᠂ ᠬᠤᠷ᠎ᠠ ᠨᠠᠷᠠ ᠲᠠᠢ ᠠᠭᠠᠷ ᠢ ᠨᠢ ᠠᠮᠢᠰᠬᠤᠨ᠂ ᠬᠤᠪᠢ ᠵᠠᠶᠠᠭᠠᠨ ᠤ ᠪᠠᠨ ᠲᠡᠷᠭᠡᠯ ᠳᠤ ᠪᠠᠶᠠᠷ ᠴᠡᠩᠭᠡᠯ ᠢ ᠬᠠᠨᠤᠲᠠᠯ᠎ᠠ ᠡᠳ᠋ᠯᠡᠬᠦ ᠳᠡᠭᠡᠨ ᠡᠨᠡᠷᠢᠯ ᠢ ᠬᠠᠷᠢᠭᠤᠯᠠᠬᠤ ᠦᠭᠡᠢ᠂ ᠡᠯᠪᠡᠷᠢᠯᠡᠬᠦ ᠶᠢ ᠰᠠᠨᠠᠬᠤ ᠦᠭᠡᠢ᠂ ᠰᠠᠶᠢᠨ ᠰᠠᠶᠢᠬᠠᠨ ᠢ ᠪᠢᠰᠢᠷᠡᠨ ᠰᠢᠲᠦᠬᠦ ᠦᠭᠡᠢ᠂ ᠰᠠᠯᠠᠩ ᠪᠤᠬᠢᠷ ᠢ ᠬᠦᠭᠡᠭᠡᠴᠡᠯᠳᠦᠵᠦ᠂ ᠰᠠᠨᠠᠭ᠎ᠠ ᠬᠦᠰᠡᠯ ᠴᠠᠳᠬᠤ ᠦᠭᠡᠢ᠂ ᠬᠤᠪᠢᠨᠴᠢᠷ ᠭᠡᠷᠴᠡᠭᠡᠢ ᠲᠡᠮᠡᠴᠡᠯᠳᠦᠨ᠂ ᠪᠠᠶᠠᠨ ᠡᠯᠪᠡᠭ ᠪᠠᠶᠢᠭᠠᠯᠢ ᠶᠢᠨ ᠪᠠᠶᠢᠬᠤ ᠪᠦᠬᠦᠨ ᠢ ᠬᠢᠮᠠᠭᠠᠳᠠᠵᠦ ᠬᠠᠶᠢᠷᠠᠯᠠᠬᠤ ᠦᠭᠡᠢ᠂ ᠪᠦᠷᠢᠯᠭᠡᠵᠦ ᠳᠠᠯᠬᠢᠳᠠᠬᠤ ᠤᠬᠠᠭᠠᠨ ᠳᠤ ᠪᠥᠭᠦᠳᠡ ᠰᠢᠭᠤᠷᠬᠠᠢ ᠪᠤᠯᠴᠢᠬᠠᠭᠰᠠᠨ ᠨᠢ ᠶᠠᠭᠤᠨ ᠪᠣᠢ ᠭᠡᠵᠦ ᠠᠬ᠎ᠠ ᠶᠢᠨ ᠬᠠᠶᠢᠯᠠᠰᠤ ᠶᠢ ᠠᠷᠭᠠᠳᠠᠨ ᠬᠠᠷᠢᠭᠤ ᠬᠦᠰᠡᠬᠦ ᠳᠤ᠄ ︽ᠦᠷᠦᠭᠡᠯ ᠠᠴᠠ ᠪᠢᠲᠡᠭᠡᠢ ᠰᠢᠯᠲᠠᠭ ᠡᠷᠢ᠂ ᠦᠪᠡᠷ ᠤᠨ ᠪᠡᠶ᠎ᠡ ᠠᠴᠠ ᠪᠠᠨ ᠡᠷᠢ︕︾ ᠭᠡᠵᠦ ᠦᠨᠦ ᠬᠠᠶᠢᠯᠠᠰᠤ ᠠᠰᠠᠭᠤᠯᠲᠠ ᠶᠢᠨ ᠲᠡᠮᠳᠡᠭ ᠪᠤᠯᠵᠣ ᠬᠠᠷᠠᠭᠳᠠᠨ᠎ᠠ᠃       ᠠᠬ᠎ᠠ ᠮᠢᠨᠢ ᠶᠡᠭᠡ ᠶᠢ ᠪᠦᠲᠦᠭᠡᠵᠦ᠂ ᠢᠷᠡᠭᠡᠳᠦᠢ ᠳᠤ ᠱᠠᠭᠰᠢᠮᠠᠷ ᠤᠶᠢᠯᠡᠰ ᠬᠢᠭᠡ ᠦᠭᠡᠢ ᠴᠦ᠂ ᠵᠢᠩᠭᠢᠨᠢ ᠠᠪᠤᠷᠭᠤ ᠤᠶᠢᠯᠡᠰ ᠴᠦ ᠭᠡᠳ ᠵᠢᠷ ᠤᠨ ᠮᠦᠷᠲᠡᠭᠡᠨ ᠵᠢᠵᠢᠭ ᠪᠠᠭ᠎ᠠ ᠠᠴᠠ ᠡᠬᠢᠯᠡᠳᠡᠭ ᠦᠨᠡᠨ ᠶᠤᠰᠣ ᠶᠢ ᠪᠢᠰᠢᠷᠡᠯ ᠳᠤᠷᠠᠰᠤᠮᠵᠢ ᠶᠢᠨ ᠳᠤᠮᠳᠠ ᠬᠠᠨᠠᠶᠢᠨ ᠵᠤᠭᠰᠤᠭᠰᠠᠨ ᠬᠠᠶᠢᠯᠠᠰᠤ ᠪᠠᠷ ᠢᠶᠠᠨ ᠪᠢᠳᠡᠨ ᠳᠤ ᠦᠵᠡᠭᠦᠯᠵᠦ ᠦᠯᠡᠳᠡᠭᠡᠭᠰᠡᠨ ᠥᠪ ᠲᠠᠢ᠃       ᠬᠦᠮᠦᠨ ᠤᠷᠴᠢᠯᠠᠩ ᠬᠤᠷᠸ᠎ᠠ ᠳᠤ ᠠᠮᠢᠳᠤᠷᠠᠵᠦ ᠲᠡᠮᠡᠴᠡᠬᠦ ᠳᠡᠭᠡᠨ ᠪᠦᠷᠢᠯᠭᠡᠭᠰᠡᠨ ᠪᠣᠯᠬᠢ ᠨᠢᠭᠦᠯ᠂ ᠪᠦᠲᠦᠭᠡᠭᠰᠡᠨ ᠢᠷᠠᠭᠤ ᠤᠶᠢᠯᠡᠰ ᠢᠶᠠᠷ ᠢᠶᠠᠨ ᠮᠦᠬᠦᠵᠦ ᠳᠠᠯᠳᠠᠷᠢᠬᠤ ᠪᠤᠶᠤ ᠮᠦᠩᠭᠡᠷᠡᠵᠦ ᠳᠤᠷᠠᠰᠤᠭᠳᠠᠬᠤ ᠬᠤᠪᠢ ᠵᠠᠶᠠᠭᠠᠨ ᠤ ᠲᠠᠪᠢᠯᠠᠩ ᠢ ᠠᠰᠬᠠᠷᠠᠭᠤᠯᠤᠭᠰᠠᠨ ᠬᠦᠯᠦᠰᠦ᠂ ᠠᠯᠬᠤᠭᠰᠠᠨ ᠮᠥᠷ ᠠᠴᠠ ᠨᠢ ᠢᠯᠭᠠᠷᠠᠳᠠᠭ ᠢ ᠠᠬ᠎ᠠ ᠶᠢᠨ ᠬᠠᠶᠢᠯᠠᠰᠤᠨ ᠠᠴᠠ ᠣᠯᠵᠦ ᠤᠩᠰᠢᠭᠰᠠᠨ ᠪᠢᠯᠡ᠃       ᠠᠬ᠎ᠠ ᠮᠢᠨᠢ ᠬᠦᠩᠭᠡᠨ ᠰᠡᠷᠭᠦᠯᠡᠩ ᠳᠠᠷᠢᠬᠢ ᠲᠠᠢ᠂ ᠬᠦᠳᠡᠯᠮᠤᠷᠢ ᠳᠤ ᠡᠷᠡᠯᠬᠡᠭ ᠵᠠᠩ ᠲᠠᠢ᠂ ᠰᠤᠨᠢᠭᠤᠴᠢ ᠠᠵᠢᠭᠴᠢ᠂ ᠰᠣᠳᠣᠯᠵᠦ ᠨᠢᠭᠲᠠᠯᠠᠬᠤ ᠳᠤᠷ᠎ᠠ ᠲᠠᠢ᠃ ᠬᠤᠭᠤᠯᠠᠲᠦ ᠶᠢᠨ ᠪᠠᠭ᠎ᠠ ᠰᠤᠷᠭᠠᠭᠤᠯᠢ ᠶᠢᠨ ᠬᠤᠶᠠᠷᠬᠠᠨ ᠣᠨ ᠢ ᠲᠡᠭᠦᠰᠴᠦ᠂ ᠠᠷᠪᠢᠨ ᠳᠡᠭᠦᠦᠨᠠᠷ ᠲᠠᠢ᠂ ᠠᠮᠢᠳᠤᠷᠠᠯ ᠬᠦᠴᠢᠷᠳᠡᠯ ᠲᠠᠢ ᠠᠴᠠ ᠠᠬᠢᠨ ᠳᠠᠪᠰᠢᠬᠤ ᠬᠦᠰᠡᠯ ᠢᠶᠠᠨ ᠤᠷᠬᠢᠵᠦ᠂ ᠠᠶᠢᠯ ᠭᠡᠷ ᠲᠡᠭᠡᠨ ᠢᠷᠡᠵᠦ ᠮᠠᠯᠵᠢᠯ᠂ ᠬᠦᠳᠡᠯᠮᠤᠷᠢ ᠶᠢᠨ ᠶᠡᠭᠡ ᠳᠠᠯᠠᠢ ᠳᠤ ᠵᠦᠳᠡᠭᠰᠡᠨ ᠪᠤᠯᠪᠠᠴᠦ ᠰᠤᠷᠤᠨ᠎ᠠ᠂ ᠪᠦᠲᠦᠭᠡᠨ᠎ᠡ ᠭᠡᠬᠦ ᠬᠦᠰᠡᠯ ᠲᠡᠭᠦᠨ ᠢ ᠤᠷᠤᠭᠰᠢ ᠬᠦᠲᠦᠯᠵᠦ᠂ ᠪᠠᠭ᠎ᠠ ᠰᠠᠭ᠎ᠠ ᠰᠤᠷᠤᠭᠰᠠᠨ ᠢᠶᠠᠨ᠂ ᠴᠠᠭᠠᠨ ᠴᠠᠰᠤ᠂ ᠰᠢᠷᠭᠠᠯ ᠡᠯᠡᠰᠦᠨ ᠳᠡᠭᠡᠷ᠎ᠡ ᠬᠤᠷᠠᠭ᠎ᠠ ᠲᠤᠭᠤᠯ ᠢᠶᠠᠨ ᠬᠠᠷᠢᠭᠤᠯᠵᠦ ᠶᠠᠪᠤᠬᠤ ᠳᠠᠭᠠᠨ ᠴᠠᠭᠠᠨ ᠲᠤᠯᠤᠭᠠᠢ ᠪᠠᠨ ᠰᠢᠯᠪᠢᠭᠦᠷ ᠤᠨ ᠢᠶᠠᠨ ᠡᠰᠢ ᠪᠠᠷ ᠪᠠᠶᠢᠩᠭᠤ ᠳᠠᠪᠲᠠᠨ ᠪᠤᠯᠪᠠᠰᠤᠷᠠᠵᠦ᠂ ᠦᠨᠡᠰᠦᠨ ᠰᠠᠮᠪᠠᠷ᠎ᠠ ᠳᠡᠭᠡᠷ᠎ᠡ ᠦᠰᠦᠭ ᠬᠤᠯᠪᠤᠵᠦ᠂ ᠦᠭᠦᠯᠡᠪᠦᠷᠢ ᠵᠤᠬᠢᠶᠠᠨ᠂ ᠬᠦᠴᠢᠷ ᠪᠡᠷᠬᠡ ᠶᠢ ᠳᠠᠪᠠᠵᠦ᠂ ᠬᠦᠰᠡᠯᠡᠩ ᠤᠨ ᠰᠠᠶᠢᠬᠠᠨ ᠢᠶᠠᠨ ᠡᠳ᠋ᠯᠡᠵᠦ ᠶᠠᠪᠤᠭᠰᠠᠨ ᠭᠡᠵᠦ ᠶᠠᠷᠢᠵᠦ ᠪᠠᠶᠢᠭᠰᠠᠨ ᠨᠢ ᠪᠤᠳᠤᠭᠳᠠᠨ᠎ᠠ᠃       ᠬᠦᠮᠦᠨ ᠪᠣᠯᠭᠠᠨ ᠤ ᠠᠮᠢᠳᠤᠷᠠᠯ ᠤᠨ ᠪᠦᠳᠦᠷᠢᠭᠰᠡᠨ ᠲᠡᠦᠬᠡ᠂ ᠪᠦᠲᠦᠭᠡᠭᠰᠡᠨ ᠤᠶᠢᠯᠡᠰ ᠢ ᠬᠦᠯᠦᠰᠦ ᠬᠦᠳᠡᠯᠮᠤᠷᠢ ᠪᠠᠷ ᠢᠶᠠᠨ ᠪᠢᠴᠢᠭᠰᠡᠨ ᠷᠤᠮᠠᠨ ᠴᠦ ᠭᠡᠯᠲᠡᠢ︕ ᠠᠬ᠎ᠠ ᠶᠢᠨ ᠮᠢᠨᠢ ᠠᠮᠢᠳᠤᠷᠠᠯ ᠤᠶᠢᠯᠡᠰ᠂ ᠠᠴᠢᠷ ᠬᠤᠶᠢᠴᠢᠰ ᠬᠡᠮᠡᠨ ᠠᠯᠬᠤᠭᠰᠠᠨ ᠮᠥᠷ᠂ ᠠᠵᠢᠯᠯᠠᠭᠰᠠᠨ ᠬᠦᠯᠦᠰᠦᠨ ᠠᠴᠠ ᠠᠮᠢᠯᠠᠨ ᠤᠷᠭᠤᠭᠰᠠᠨ ᠬᠠᠶᠢᠯᠠᠰᠤ ᠪᠣᠯ ᠠᠯᠲᠠᠨ ᠬᠤᠷᠸ᠎ᠠ ᠳᠤ ᠠᠴᠢ ᠡᠯᠪᠡᠷᠢᠯ ᠢ ᠢᠯᠡᠷᠬᠡᠶᠢᠯᠡᠭᠰᠡᠨ ᠠᠮᠢᠳᠤᠷᠠᠯ ᠤᠨ ᠦᠯᠢᠭᠡᠷᠲᠦ ᠷᠤᠮᠠᠨ᠂ ᠠᠴᠢᠷ ᠬᠤᠶᠢᠴᠢᠰ ᠤᠨ ᠬᠢᠨᠢ ᠤᠩᠰᠢᠬᠤ ᠤᠳᠣᠮ ᠳᠠᠮᠵᠢᠭᠰᠠᠨ ᠤᠬᠠᠭᠠᠨ ᠤ ᠨᠢᠭᠡᠨ ᠵᠠᠬᠢᠶ᠎ᠠ ᠶᠤᠮ᠃       ᠲᠡᠷᠡ ᠪᠦᠬᠦᠨ ᠢ ᠤᠷᠭᠤᠭᠤᠯᠤᠨ ᠲᠡᠩᠭᠡᠷᠡᠭᠦᠯᠵᠦ᠂ ᠤᠬᠠᠭᠠᠷᠠᠭᠤᠯᠤᠨ ᠪᠤᠰᠤᠭᠰᠠᠨ ᠡᠨᠡ ᠬᠠᠶᠢᠯᠠᠰᠤᠨ ᠠᠴᠠ ᠪᠢ᠄ ︽ᠠᠮᠢᠳᠤ ᠳᠠᠭᠠᠨ ᠪᠡᠶ᠎ᠡ ᠪᠡᠶ᠎ᠡ ᠪᠠᠨ ᠬᠠᠶᠢᠷᠠᠯᠠᠬᠤ︾ ᠠᠭᠤᠤ ᠤᠬᠠᠭᠠᠨ ᠤ ᠤᠴᠢᠭ ᠢ ᠤᠯᠤᠭᠰᠠᠨ᠃       ᠭᠦᠨ ᠮᠦᠷᠦᠭᠡᠳᠦᠯ᠂ ᠬᠦᠰᠡᠯ ᠢᠲᠡᠭᠡᠯ ᠤᠨ ᠬᠦᠨᠳᠦ ᠪᠤᠳᠣᠯ ᠢᠶᠠᠷ ᠠᠬ᠎ᠠ ᠶᠢᠨ ᠬᠠᠶᠢᠯᠠᠰᠤ ᠶᠢ ᠠᠬᠢᠨ ᠰᠢᠷᠲᠡᠬᠦ ᠳᠤ ᠨᠢᠭᠡᠨ ᠱᠠᠭᠠᠵᠠᠭᠠᠢ ᠨᠢᠰᠦᠨ ᠢᠷᠡᠵᠦ᠂ ᠠᠬ᠎ᠠ ᠶᠢᠨ ᠬᠠᠶᠢᠯᠠᠰᠤᠨ ᠤ ᠨᠠᠮᠠᠭᠠᠨ ᠳᠡᠭᠡᠷ᠎ᠡ ᠰᠠᠭᠤᠵᠦ ᠱᠠᠭᠰᠢᠨ᠎ᠠ᠃ ᠪᠠᠶᠠᠷᠯᠠᠭᠰᠠᠨ ᠴᠦ ᠰᠢᠬ᠂ ᠪᠠᠴᠢᠮᠳᠠᠭᠰᠠᠨ ᠴᠦ ᠰᠢᠬ ᠪᠠᠶᠢᠬᠤ ᠨᠢ ᠡᠭᠦᠷ ᠢᠶᠠᠨ ᠵᠠᠰᠠᠵᠦ ᠡᠭᠦᠷᠢᠳᠡ ᠲᠠᠶᠢᠪᠤᠩ ᠦᠷᠡᠵᠢᠨ ᠤᠷᠤᠰᠢᠶ᠎ᠠ ᠭᠡᠰᠡᠨ ᠬᠦᠰᠡᠯ ᠢᠶᠠᠨ ᠬᠡᠯᠡᠵᠦ ᠪᠠᠶᠢᠭ᠎ᠠ ᠴᠦ ᠶᠤᠮᠰᠢᠭ᠂ ᠦᠵᠡᠭᠳᠡᠬᠦ ᠦᠭᠡᠢ ᠤᠳᠠᠭᠰᠠᠨ ᠠᠬ᠎ᠠ ᠶᠢ ᠮᠢᠨᠢ ᠠᠳᠡᠭᠦᠷᠡᠵᠦ ᠱᠠᠭᠰᠢᠭ᠎ᠠ ᠶᠤᠮ ᠰᠢᠬ᠂ ᠬᠠᠴᠢᠨ ᠴᠦ ᠬᠦᠭᠡᠷᠦᠬᠦ᠋ᠯᠡᠯᠲᠡᠢ ᠱᠠᠭᠰᠢᠨ᠎ᠠ᠃       ᠦᠨᠢᠷ ᠵᠠᠶᠠᠭ᠎ᠠ᠂ ᠦᠭᠡᠳᠡᠯᠡᠬᠦ ᠲᠠᠪᠢᠯᠠᠩ ᠲᠠᠢ ᠡᠨᠡ ᠬᠠᠶᠢᠯᠠᠰᠤ ᠪᠣᠯ ᠬᠦᠮᠦᠨ ᠤ ᠨᠤᠭᠤᠭᠠᠨ ᠮᠦᠰᠦ ᠢᠢ ᠬᠦᠵᠢ ᠳᠡᠯᠡᠬᠡᠢ ᠳᠤ ᠦᠵᠡᠭᠦᠯᠦᠭᠰᠡᠨ ᠠᠳᠢᠰ ᠬᠦᠷᠲᠡᠭᠡᠯ ᠲᠠᠢ᠂ ᠠᠮᠢᠳᠤᠷᠠᠯ ᠤᠨ ᠨᠤᠮᠢᠨ ᠬᠤᠷᠤᠢ ᠶᠤᠮ᠃ ᠬᠦᠷᠦᠰᠦᠲᠦ ᠳᠡᠯᠡᠬᠡᠢ ᠶᠢᠨ ᠤᠰᠤ ᠶᠢ ᠰᠤᠳᠠᠰᠤ ᠪᠠᠷ ᠢᠶᠠᠨ ᠠᠭᠤᠷᠰᠢᠭᠤᠯᠵᠦ᠂ ᠬᠥᠬᠡ ᠲᠡᠭᠷᠢ ᠶᠢᠨ ᠡᠭᠦᠯᠡ ᠶᠢ ᠪᠤᠷᠤᠭᠠᠨ ᠢᠶᠠᠷ ᠤᠷᠢᠭᠰᠠᠨ᠂ ᠭᠠᠩ ᠲᠠᠶᠢᠯᠬᠤ ᠭᠠᠵᠠᠷ ᠤᠨ ᠠᠯᠲᠠᠨ ᠭᠠᠳᠠᠰᠤ ᠶᠤᠮ᠃       ᠦᠷ᠎ᠡ ᠬᠤᠶᠢᠴᠢᠰ᠂ ᠦᠨᠳᠦᠰᠦ ᠨᠠᠮᠠᠭ᠎ᠠ ᠮᠢᠨᠢ︕ ᠡᠳᠦᠷ ᠪᠤᠯᠭᠠᠨ ᠤ ᠨᠠᠷᠠᠨ ᠠᠴᠠ ᠢᠯᠴᠢ ᠳᠤᠰᠤᠭᠰᠠᠨ ᠡᠨᠡ ᠬᠠᠶᠢᠯᠠᠰᠤᠨ ᠳᠠᠭᠠᠨ ᠰᠠᠭᠠᠯᠢ ᠰᠦᠨ ᠤ ᠳᠡᠭᠡᠵᠢ ᠪᠠᠨ ᠰᠠᠶᠢᠬᠠᠨ ᠮᠡᠨᠳᠦ ᠶᠢᠨ ᠬᠦᠰᠡᠯ ᠲᠠᠢ ᠬᠠᠮᠲᠦ ᠡᠷᠭᠦᠨ ᠰᠠᠴᠤᠯᠠᠵᠦ᠂ ᠰᠢᠪᠰᠢᠨ ᠳᠠᠭᠠᠳᠬᠠᠵᠦ ᠪᠠᠶᠢᠭᠠᠷᠠᠢ︕ ᠤᠷᠭᠤᠬᠤ ᠤᠬᠠᠭᠠᠨ ᠤ ᠰᠢᠳᠢ᠂ ᠤᠨᠳᠤᠷᠬᠤ ᠪᠤᠶᠠᠨ ᠤ ᠭᠡᠰᠢᠭ ᠲᠠ ᠨᠠᠷ ᠢ ᠢᠪᠡᠭᠡᠨ ᠳᠡᠳᠬᠦᠵᠦ᠂ ᠲᠠᠩᠰᠤᠭ ᠪᠠᠶᠢᠭᠠᠯᠢ ᠲᠠᠢ ᠪᠠᠨ ᠡᠩᠭᠡ ᠳᠦᠰᠢᠯᠴᠡᠨ ᠵᠢᠷᠭᠠᠬᠤ ᠶᠤᠮ︕       ᠠᠬ᠎ᠠ ᠶᠢᠨ ᠮᠢᠨᠢ ᠬᠠᠶᠢᠯᠠᠰᠤ᠂ ᠠᠷᠢᠭᠤᠨ ᠬᠦᠳᠡᠯᠮᠤᠷᠢ ᠶᠢᠨ ᠪᠤᠰᠤᠭ᠎ᠠ ᠬᠡᠶᠢᠮᠤᠷᠢ᠂ ᠠᠭᠤᠤᠴᠢ ᠬᠦᠰᠡᠯᠡᠩ ᠤᠨ ᠨᠤᠭᠤᠭᠠᠨ ᠲᠤᠭ ᠶᠤᠮ᠃ ᠠᠮᠢᠳᠤᠷᠠᠯ ᠤᠨ ᠦᠷᠲᠡᠭ ᠢ ᠪᠢᠳᠡᠨ ᠳᠤ ᠲᠠᠨᠢᠭᠤᠯᠤᠭᠰᠠᠨ ᠠᠯᠲᠠᠨ ᠭᠡᠰᠢᠭ ᠲᠠᠢ ᠤᠶᠢᠯᠡᠰ ᠤᠨ ᠢᠷᠠᠭᠤ ᠳᠠᠭᠤᠯᠠᠯ ᠶᠤᠮ ᠡ︕
ᠢᠷᠡᠯᠲᠡ᠄ ᠳᠤᠮᠳᠠᠳᠤ ᠤᠯᠤᠰ ᠤᠨ ᠮᠣᠩᠭᠤᠯ ᠬᠡᠯᠡᠨ ᠤ ᠰᠣᠨᠢᠨ ᠮᠡᠳᠡᠭᠡ ᠶᠢᠨ ᠰᠦᠯᠵᠢᠶ᠎ᠡ