ᠯᠸᠢ ᠹᠧᠩ ᠬᠠᠮᠢᠭ᠎ᠠ ᠶᠠᠪᠤᠴᠢᠬᠠᠪᠠ︖ | ᠯᠸᠢ ᠹᠧᠩ ᠬᠠᠮᠢᠭ᠎ᠠ ᠴᠤ ᠶᠠᠪᠤᠭ᠎ᠠ ᠦᠭᠡᠢ | | | ᠠᠭᠤᠤ ᠨᠠᠮ ᠤᠨ ᠢᠶᠠᠨ ᠵᠢᠭᠠᠪᠤᠷᠢ ᠪᠠᠷ ᠯᠸᠢ ᠹᠧᠩ ᠠᠵᠢᠯᠯᠠᠭᠰᠠᠭᠠᠷ | ᠠᠷᠠᠳ ᠲᠦᠮᠡᠨ ᠤ ᠦᠢᠯᠡᠰ ᠲᠤ ᠯᠸᠢ ᠹᠧᠩ ᠵᠢᠳᠬᠦᠭᠰᠡᠭᠡᠷ | ᠠᠷᠠᠳ ᠤᠨ ᠴᠡᠷᠢᠭ ᠤᠨ ᠡᠩᠨᠡᠭᠡ ᠳᠤ ᠯᠸᠢ ᠹᠧᠩ ᠭᠠᠪᠰᠢᠭᠠᠶᠢᠯᠠᠭᠰᠠᠭᠠᠷ | ᠠᠷᠠᠯ ᠤᠨ ᠱᠠᠷ ᠰᠢᠭ ᠵᠢᠳᠭᠦᠨ ᠯᠸᠢ ᠹᠧᠩ ᠮᠦᠩᠬᠡᠷᠡᠭᠰᠡᠭᠡᠷ | | | ᠤᠭ ᠰᠠᠨᠠᠭ᠎ᠠ ᠪᠠᠨ ᠴᠡᠭᠡᠵᠢᠯᠡᠨ ᠡᠭᠦᠷᠭᠡ ᠬᠠᠷᠢᠭᠤᠴᠠᠯᠭ᠎ᠠ ᠪᠠᠨ ᠭᠦᠢᠴᠡᠳᠭᠡᠵᠦ | ᠤᠯᠤᠰ ᠲᠥᠷᠥ ᠶᠢᠨ ᠵᠣᠭᠰᠣᠯᠲᠠ ᠪᠠᠨ ᠴᠠᠭ ᠢᠮᠠᠭᠲᠠ ᠪᠠᠲᠤᠳᠬᠠᠭᠰᠠᠭᠠᠷ | ᠦᠭᠡᠭᠦᠦ ᠶᠠᠳᠠᠭᠤ ᠶᠢ ᠳᠡᠮᠵᠢᠬᠦ ᠪᠠᠷ ᠦᠨᠢ ᠶᠢᠨ ᠵᠢᠷᠭᠠᠯ ᠢᠶᠠᠨ ᠪᠣᠯᠭᠠᠨ | ᠡᠯᠢᠭᠡᠨ ᠬᠠᠶᠢᠷᠠᠲᠤ ᠲᠦᠮᠡᠨ ᠳᠡᠭᠡᠨ ᠦᠨᠡᠨᠴᠢ ᠰᠢᠳᠤᠷᠭᠤ ᠪᠠᠷ ᠦᠢᠯᠡᠴᠢᠯᠡᠭᠰᠡᠭᠡᠷ | | | ᠡᠷᠭᠢ ᠱᠤᠷᠠᠭ ᠤᠨ ᠵᠣᠷᠢᠭ ᠰᠠᠨᠠᠭ᠎ᠠ ᠪᠠᠷ ᠡᠷᠬᠢᠯᠡᠭᠰᠡᠨ ᠠᠵᠢᠯ ᠢᠶᠠᠨ ᠪᠡᠶᠡᠯᠡᠭᠦᠯᠵᠦ | ᠡᠭᠡᠯ ᠵᠢᠷ ᠤᠨ ᠠᠵᠢᠯ ᠳᠠᠭᠠᠨ ᠣᠨᠴᠠ ᠵᠢᠳᠭᠦᠯ ᠦᠵᠡᠭᠦᠯᠦᠭᠰᠡᠭᠡᠷ | ᠡᠯ᠎ᠡ ᠳᠡᠰ ᠤᠨ ᠬᠥᠬᠢᠭᠦᠯᠦᠯ ᠢᠶᠠᠷ ᠡᠩᠭᠡᠷ ᠲᠦᠬᠦᠷᠡᠩ ᠮᠢᠯᠢᠶᠠᠯᠭᠠᠭᠰᠠᠭᠠᠷ | ᠡᠪ ᠬᠠᠮᠲᠤ ᠶᠢᠨ ᠨᠡᠶᠢᠭᠡᠮ ᠢ ᠪᠠᠶᠢᠭᠤᠯᠬᠤ ᠪᠠᠷ ᠬᠠᠨᠴᠤᠢ ᠰᠢᠮᠠᠯᠠᠨ ᠵᠢᠳᠬᠦᠭᠰᠡᠭᠡᠷ | | | ᠬᠠᠯᠠᠭᠤᠨ ᠵᠤᠨ ᠤ ᠠᠶᠤᠩᠭᠠᠲᠤ ᠪᠣᠷᠣᠭᠠᠨ ᠠᠴᠠ ᠲᠠ ᠶᠡᠷᠦᠨᠢ ᠬᠠᠯᠠᠰᠢᠷᠠᠭᠠ ᠦᠭᠡᠢ | ᠬᠠᠬᠢᠷ ᠡᠪᠦᠯ ᠤᠨ ᠵᠤᠳ ᠰᠢᠭᠤᠷᠭᠠᠨ ᠠᠴᠠ ᠲᠠ ᠶᠡᠷᠦᠨᠢ ᠰᠦᠷᠳᠡᠭᠡ ᠦᠭᠡᠢ | ᠬᠠᠲᠠᠭᠤ ᠰᠢᠷᠭᠠᠭᠤ ᠠᠮᠢᠳᠤᠷᠠᠯ ᠤᠨ ᠵᠠᠮ ᠳᠤ ᠲᠠ ᠶᠡᠷᠦᠨᠢ ᠲᠥᠭᠡᠷᠢᠭᠡ ᠦᠭᠡᠢ | ᠬᠠᠮᠤᠭ ᠪᠥᠬᠦᠨ ᠠᠵᠢᠯ ᠶᠠᠪᠤᠳᠠᠯ ᠳᠤ ᠲᠠ ᠶᠡᠷᠦᠨᠢ ᠤᠬᠤᠷᠢᠭ᠎ᠠ ᠦᠭᠡᠢ | | | ᠬᠦᠴᠢᠷ ᠢ ᠢᠯᠠᠨ ᠲᠠᠪᠰᠢᠬᠤ ᠳᠤ ᠯᠸᠢ ᠹᠧᠩ ᠮᠠᠨ ᠢ ᠵᠣᠷᠢᠭᠵᠢᠭᠤᠯᠤᠭᠰᠠᠭᠠᠷ | ᠬᠦᠨᠳᠦ ᠡᠭᠦᠷᠭᠡ ᠶᠢ ᠪᠡᠶᠡᠯᠡᠭᠦᠯᠬᠦ ᠳᠤ ᠯᠸᠢ ᠹᠧᠩ ᠮᠠᠨ ᠢ ᠤᠷᠮᠠᠰᠢᠭᠤᠯᠤᠭᠰᠠᠭᠠᠷ | ᠬᠦᠰᠡᠯ ᠵᠡᠭᠦᠳᠦ ᠪᠠᠨ ᠲᠡᠷᠭᠡᠯᠰᠢᠭᠦᠯᠬᠦ ᠳᠤ ᠯᠸᠢ ᠹᠧᠩ ᠮᠠᠨ ᠢ ᠣᠣᠬᠠᠶᠢᠯᠠᠬᠰᠠᠭᠠᠷ | ᠬᠥᠭᠵᠢᠨ ᠳᠠᠪᠰᠢᠬᠤ ᠦᠢᠯᠡᠰ ᠲᠤ ᠯᠸᠢ ᠹᠧᠩ ᠮᠠᠨ ᠢ ᠳᠠᠯᠠᠯᠤᠭᠰᠠᠭᠠᠷ | | | ᠯᠸᠢ ᠹᠧᠩ ᠦᠨᠡᠨᠳᠡᠭᠡᠨ ᠳᠡᠷᠭᠡᠳᠡ ᠪᠠᠶᠢᠭᠰᠠᠭᠠᠷ | ᠯᠸᠢ ᠹᠧᠩ ᠡᠭᠦᠷᠢᠳᠡ ᠵᠢᠷᠦᠬᠡᠨ ᠳᠤ ᠠᠮᠢᠯᠠᠬᠰᠠᠭᠠᠷ ᠡ︕ | |