ᠵᠢᠷᠠ ᠬᠦᠷᠬᠦ ᠳᠤ ᠶᠠᠭᠠᠬᠢᠬᠤᠪ᠂ ᠵᠦᠪᠬᠡᠨ ᠵᠢᠷᠠ ᠬᠦᠷᠦᠭᠰᠡᠨ ᠲᠡᠳᠦᠢ᠃ | ᠵᠠᠵᠢᠨ ᠦᠰᠦ ᠴᠠᠶᠢᠯ᠎ᠠ᠂ ᠴᠠᠭᠠᠨ ᠪᠤᠭᠤᠷᠤᠯ ᠪᠤᠯᠤᠯ᠎ᠠ᠃ ᠴᠠᠭᠠᠨ ᠪᠤᠭᠤᠷᠤᠯ ᠢ ᠨᠢ ᠴᠠᠭᠠᠨ ᠪᠤᠭᠤᠷᠤᠯ ᠢᠶᠠᠷ ᠭᠤᠶᠤᠯᠠᠵᠤ ᠰᠤᠯᠠ ᠲᠠᠯᠪᠢᠨ ᠰᠠᠭᠰᠠᠯᠵᠠᠭᠤᠯᠬᠤ᠂ | ᠴᠢᠪ ᠭᠢᠳᠡᠯᠠ ᠭᠡᠷᠪᠢᠭᠡᠳ ᠠᠬᠠᠷ ᠭᠡᠵᠢᠭᠡ ᠲᠠᠯᠪᠢᠬᠤ᠂ ᠮᠦᠩᠭᠦᠨ ᠬᠠᠳᠬᠤᠭᠤᠷ ᠢᠶᠠᠷ ᠨᠠᠮᠪᠠᠯᠢᠭᠬᠠᠨ ᠬᠠᠪᠴᠢᠵᠤ᠂ ᠰᠤᠪᠤᠳ ᠱᠢᠷᠤ ᠶᠢᠨ ᠬᠠᠪᠴᠢᠭᠤᠷ ᠢ ᠡᠪ ᠢ ᠨᠢ | ᠲᠠᠭᠠᠷᠠᠭᠤᠯᠵᠤ ᠰᠢᠭᠢᠳᠭᠡᠨ᠂ ᠠᠷᠢᠭᠤᠨ ᠬᠠᠰ ᠢᠶᠠᠷ ᠴᠤᠭᠴᠠᠯᠠᠭᠰᠠᠨ ᠰᠢᠭ ᠠᠬᠠᠮᠠᠳ ᠨᠢᠭᠡ ᠦᠶ᠎ᠡ ᠶᠢᠨ ᠬᠢᠨ ᠰᠢᠤ ᠭᠡᠬᠦ ᠷᠤᠮᠠᠨᠲ᠋ᠢᠭ ᠲᠦᠷᠬᠦ ᠲᠠᠢ ᠭᠡᠷᠡᠯ ᠤᠶᠢᠵᠤ | ᠠᠮᠢᠳᠤᠷᠠᠬᠤᠢ᠃ ᠡᠮᠤᠰᠴᠤ ᠵᠡᠭᠦᠭᠦ ᠬᠤᠪᠴᠠᠰᠤ ᠬᠤᠨᠠᠷ ᠢᠶᠠᠨ ᠴᠠᠭ ᠤᠨ ᠪᠠᠶᠢᠳᠠᠯ ᠳᠤ ᠲᠤᠬᠢᠷᠠᠭᠤᠯᠤᠨ᠂ ᠠᠬᠤᠢ ᠲᠠᠯᠠᠪᠠᠢ ᠳᠤ ᠵᠤᠬᠢᠴᠠᠭᠤᠯᠤᠨ᠎ᠠ᠃ ᠬᠤᠷᠠᠯ | ᠴᠤᠭᠯᠠᠭᠠᠨ ᠳᠤ ᠲᠦᠪ ᠬᠢᠨᠠᠭᠤᠷ᠂ ᠪᠤᠰᠤᠳ ᠢ ᠬᠦᠨᠳᠦᠳᠭᠡᠬᠦ ᠪᠤᠶᠤ ᠪᠤᠰᠤᠳ ᠢᠶᠠᠷ ᠬᠦᠨᠳᠦᠳᠭᠡᠭᠦᠯᠭᠦ ᠶᠢ ᠬᠢᠴᠢᠶᠡᠬᠦ᠂ ᠨᠠᠶᠢᠷ ᠬᠤᠷᠢᠮ ᠳᠤ ᠡᠷᠬᠢᠮᠰᠦᠭ ᠬᠠᠳᠤᠭᠳᠠᠢ | ᠮᠡᠳᠦ ᠤᠬᠠᠮᠵᠢ ᠲᠠᠢ ᠮᠦᠷᠳᠡᠭᠡᠨ ᠬᠦᠷ ᠲᠤ ᠨᠡᠩ ᠬᠦᠭᠵᠢᠯᠳᠡᠢ ᠪᠠᠶᠢᠬᠤ᠂ ᠨᠠᠭᠠᠳᠴᠤ ᠵᠤᠭᠠᠯᠠᠬᠤ ᠦᠶ᠎ᠡ ᠳᠡᠭᠡᠨ ᠰᠤᠷᠭᠤᠭ ᠦᠩᠭᠡ ᠲᠠᠢ ᠲᠡᠭᠵᠢᠨ ᠬᠢᠴᠡ ᠲᠠᠢ | ᠱᠠᠬᠠᠢ ᠡᠮᠦᠰᠴᠦ᠂ ᠡᠷᠬᠡ ᠴᠢᠯᠦᠭᠡ ᠲᠠᠢ᠂ ᠡᠯᠪᠡᠭ ᠠᠭᠤᠵᠢᠭᠤ ᠡᠮᠤᠰᠭᠡᠯ ᠢᠶᠠᠷ ᠬᠤᠶᠠᠭᠯᠠᠵᠤ᠂ ᠠᠭᠤᠯᠠᠨ ᠳᠤ ᠭᠠᠷᠴᠤ ᠤᠰᠤᠨ ᠳᠤ ᠤᠷᠤᠬᠤ ᠪᠠᠷ ᠪᠡᠯᠡᠬᠡᠨ ᠪᠠᠶᠢᠬᠤ᠂ | ᠲᠠᠯ᠎ᠠ ᠳᠤ ᠲᠤᠭᠯᠠᠵᠤ᠂ ᠲᠠᠪᠠ ᠪᠠᠷ ᠪᠠᠶᠢᠵᠤ ᠴᠢᠳᠠᠳᠠᠭ᠃ | ᠵᠢᠷᠠ ᠬᠦᠷᠬᠦ ᠳᠤ ᠶᠠᠭᠠᠬᠢᠬᠤᠪ᠂ ᠵᠦᠪᠬᠡᠨ ᠵᠢᠷᠠ ᠬᠦᠷᠦᠭᠰᠡᠨ ᠲᠡᠳᠦᠢ᠃ | ᠠᠷᠭ᠎ᠠ ᠦᠭᠡᠢ ᠶᠤᠮ ᠡ᠂ ᠠᠷᠠᠭᠠᠨ ᠰᠢᠳᠤ ᠮᠢᠨᠢ ᠨᠢᠭᠡ ᠤᠨᠠᠴᠢᠬᠠᠯ᠎ᠠ᠃ ᠠᠷᠠᠭᠠᠨ ᠰᠢᠳᠤ ᠪᠠᠨ ᠨᠦᠬᠦᠬᠦ ᠭᠡᠵᠦ ᠡᠮᠨᠡᠯᠭᠡ ᠳᠤ ᠭᠦᠷᠦᠯ᠎ᠠ᠃ ᠡᠮᠴᠢ ᠭᠤᠸᠠᠢ | ᠨᠠᠰᠤ ᠵᠢᠯ ᠢ ᠠᠰᠠᠭᠤᠬᠤ ᠳᠤ ᠦᠨᠡᠨ ᠮᠦᠨ ᠢᠶᠠᠷ ᠨᠢ ᠬᠠᠷᠢᠭᠤᠯᠪᠠ᠃ | — ᠵᠢᠷᠠ ᠬᠦᠷᠴᠢᠭᠡᠭᠡᠳ ᠨᠢᠭᠡ ᠠᠷᠠᠭ᠎ᠠ ᠤᠨᠠᠬᠤ ᠳᠤ ᠶᠠᠭᠤ ᠪᠠᠶᠢᠬᠤᠪ᠃ ᠰᠠᠶᠢᠬᠠᠨ ᠦᠳᠡᠯᠵᠦ ᠪᠠᠶᠢᠨ᠎ᠠ᠃ ᠵᠠᠯᠠᠭᠤᠬᠠᠨ ᠴᠤᠭᠯᠢᠭ ᠬᠠᠷᠠᠭᠳᠠᠵᠤ ᠪᠠᠶᠢᠨ᠎ᠠ᠃ | ᠶᠠᠷᠤ ᠨᠢ ᠰᠦ ᠴᠠᠭ᠎ᠠ ᠢᠳᠡᠳᠡᠭ ᠬᠦᠮᠦᠰ ᠰᠢᠳᠦ ᠰᠠᠶᠢᠳᠠᠢ ᠪᠠᠶᠢᠳᠠᠭ ᠶᠤᠮ ᠭᠡᠪᠡ᠃ | ᠲᠡᠶᠢᠮᠦ ᠡ᠂ ᠨᠠᠷᠠᠨ ᠤ ᠲᠤᠤᠷ᠎ᠠ ᠰᠠᠯᠬᠢᠨ ᠯᠤᠭ᠎ᠠ ᠲᠤᠭᠯᠠᠵᠤ᠂ ᠡᠪᠡᠰᠦᠨ ᠤ ᠰᠤᠷ ᠤᠰᠤᠨ ᠤ ᠲᠤᠩᠭᠠᠯᠠᠭ ᠲᠤ ᠴᠠᠳᠤᠨ᠂ ᠦᠷᠭᠡᠨ ᠬᠠᠩᠭᠠᠢ ᠠᠭᠤᠳᠠᠮ | ᠲᠠᠯ᠎ᠠ ᠪᠠᠨ ᠴᠢᠮᠡᠳᠡᠭ᠂ ᠦᠶᠦᠭ ᠲᠠᠩᠰᠤᠭ ᠠᠮᠢᠳᠤᠷᠠᠯ ᠢ ᠴᠤ ᠬᠠᠩᠭᠠᠳᠠᠭ ᠲᠠᠪᠤᠨ ᠬᠤᠰᠢᠭᠤ ᠮᠠᠯ ᠤᠨ ᠮᠢᠨᠢ ᠠᠰᠢᠭ ᠰᠢᠮ᠎ᠡ᠂ ᠠᠴᠢ ᠲᠤᠰᠠ ᠶᠢ ᠠᠯᠢ ᠠᠴᠠ ᠨᠢ | ᠵᠠᠬᠠᠯᠠᠵᠤ ᠶᠠᠷᠢᠬᠤ ᠪᠢᠯᠡ᠃ ᠢᠩᠭᠡᠨ ᠰᠦ᠂ ᠭᠡᠭᠦᠦ ᠶᠢᠨ ᠢᠯᠭᠠᠳᠠᠰᠤ ︵ᠰᠢᠭᠡᠰᠦ︶ ᠨᠢ ᠬᠦᠷᠳᠡᠯ᠎ᠡ ᠲᠡᠭᠡᠳᠦ ᠬᠡᠮᠵᠢᠶᠠᠨ ᠤ ᠡᠮ ᠡᠮᠴᠢᠯᠡᠭᠡ ᠳᠤ ᠵᠠᠷᠤᠭᠳᠠᠵᠤ | ᠪᠠᠶᠢᠳᠠᠭ ᠤᠨ ᠨᠠᠭᠠᠨ᠎ᠠ ᠁ ᠵᠢᠷᠠ ᠲᠠᠢ ᠪᠦᠰᠡᠭᠦᠢ ᠶᠠᠰᠤ ᠬᠠᠳᠠᠭᠤ ᠰᠢᠳᠤ ᠰᠠᠶᠢᠳᠠᠢ ᠪᠠᠶᠢᠬᠤ ᠤᠴᠢᠷᠳᠠᠢ᠃ ᠵᠢᠷᠠ ᠶᠢᠨ ᠲᠠᠪᠠᠭ᠎ᠠ ᠶᠢ ᠲᠠᠪᠠᠵᠤ᠂ ᠵᠢᠷᠭᠠᠯ ᠢ | ᠤᠬᠠᠭᠠᠷᠠᠳᠠᠭ ᠮᠦᠷᠳᠡᠭᠡᠨ ᠵᠤᠪᠠᠯᠠᠩ ᠢ ᠨᠡᠩ ᠮᠡᠳᠡᠷᠡᠳᠡᠭ᠃ ᠵᠤᠷᠢᠭᠯᠠᠨ ᠬᠦᠴᠦᠯᠡᠬᠦ ᠲᠤᠷᠠᠳᠠᠢ ᠪᠤᠯᠬᠤᠷ ᠵᠤᠵᠢᠭᠯᠠᠨ ᠬᠦᠷᠬᠦ ᠴᠢᠭ ᠲᠠᠢ ᠶᠤᠮᠰᠠᠨ᠃ ᠲᠡᠷᠡ ᠴᠢᠭ ᠲᠤ | ᠶᠠᠮᠠᠷ ᠴᠤ ᠱᠠᠩᠨᠠᠯ ᠪᠠᠶᠢᠬᠤ ᠦᠭᠡᠢ ᠮᠠᠭᠠᠳ᠂ ᠡᠳ᠋ ᠪᠤᠳᠠᠰ ᠪᠤᠶᠤ ᠡᠰᠡᠭᠦᠯ᠎ᠡ ᠮᠦᠩᠬᠦ ᠲᠦᠭᠦᠷᠢᠭ ᠭᠡᠬᠦ ᠮᠡᠳᠦ᠃ ᠭᠡᠶ᠎ᠠ ᠪᠡᠶ᠎ᠠ ᠮᠢᠨᠢ ᠡᠷᠡᠭᠦᠯ᠂ ᠦᠪᠡᠷ ᠢᠶᠠᠨ ᠪᠢ | ᠪᠠᠶᠠᠰᠤᠭᠰᠠᠨ ᠪᠤᠯ ᠲᠠᠷᠦᠢ ᠶᠡᠭᠡ ᠵᠢᠷᠭᠠᠯ ᠲᠡᠷᠡ᠃ ᠲᠠᠭᠠᠤ ᠳᠤᠨᠢ ᠪᠤᠰᠤᠳ ᠲᠤ ᠬᠠᠷᠰᠢ ᠪᠢᠰᠢ ᠠᠴᠢ ᠪᠤᠯᠤᠭᠰᠠᠨ ᠶᠤᠮ ᠪᠤᠯ ᠲᠡᠷᠡ ᠨᠢ ᠬᠠᠷᠢᠨ ᠲᠡᠭᠷᠢ ᠶᠡᠭᠡ ᠵᠢᠷᠭᠠᠯ | ᠭᠡᠵᠦ ᠶᠠᠰᠤ ᠤᠯᠡᠮ ᠬᠠᠳᠠᠭᠤᠵᠢᠨ᠂ ᠰᠢᠳᠤ ᠪᠠᠰᠠ ᠰᠠᠶᠢᠳᠠᠢ ᠪᠤᠯᠬᠤᠯᠠᠷ ᠨᠢ ᠬᠤᠭᠤᠯᠠ ᠤᠮᠳᠠ ᠮᠢᠨᠢ ᠤᠯᠠᠮ ᠠᠮᠳᠠᠳᠠᠢ ᠰᠢᠮᠡᠳᠡᠢ ᠪᠤᠯᠳᠠᠭ᠃ | ᠵᠢᠷᠠ ᠬᠦᠷᠬᠦ ᠳᠤ ᠶᠠᠭᠠᠬᠢᠬᠤᠪ᠂ ᠵᠦᠪᠬᠡᠨ ᠵᠢᠷᠠ ᠬᠦᠷᠦᠭᠰᠡᠨ ᠲᠡᠳᠦᠢ᠃ | ᠵᠢᠷᠠ ᠲᠠᠢ ᠪᠦᠰᠡᠭᠦᠢ ᠦᠰᠦ ᠵᠠᠰᠠᠬᠤ ᠭᠠᠵᠠᠷ ᠦᠷᠭᠦᠯᠵᠢ ᠤᠴᠢᠳᠠᠭ᠃ ᠵᠠᠵᠢᠨ ᠦᠰᠦ ᠴᠠᠶᠢᠯ᠎ᠠ ᠭᠡᠰᠡᠨ ᠴᠤ ᠵᠠᠰᠠᠵᠤ ᠵᠠᠯᠠᠬᠤ ᠪᠠᠨ ᠰᠤᠯᠠᠷᠠᠭᠤᠯᠵᠤ ᠦᠯᠦ | ᠪᠤᠯᠤᠨ᠎ᠠ᠃ | ᠵᠠᠯᠠᠭᠤ ᠦᠰᠦ ᠵᠠᠰᠠᠭᠴᠢ᠄ ︽ᠡᠭᠡᠴᠢ ᠡ ᠲᠦᠴᠢᠨ ᠬᠡᠳᠦ ᠲᠠᠢ ᠪᠤᠢ︖ ᠲᠠᠪᠢ ᠤᠶᠢᠷᠠᠳᠤᠯ᠎ᠠ ᠦᠦ︖︾ ᠭᠡᠨ᠎ᠡ᠃ ᠬᠦᠭᠡᠷᠦᠬᠦᠢ ᠦᠰᠦ ᠵᠠᠰᠠᠭᠴᠢ ᠶᠢᠨ | ᠬᠠᠷᠠᠭ᠎ᠠ ᠨᠢ ᠮᠠᠭᠤ ᠪᠠᠶᠢᠨ᠎ᠠ ᠭᠡᠬᠦ ᠭᠱᠠᠨ᠎ᠠ ︽ᠨᠠᠮ᠎ᠠ ᠪᠠᠷ ᠲᠤᠭᠯᠠᠵᠤ ᠪᠠᠶᠢᠬᠤ ᠨᠢ ᠦᠦ︖︾ ᠭᠡᠰᠡᠨ ᠪᠤᠳᠤᠯ ᠴᠤᠭ ᠲᠠᠭᠠᠨ ᠪᠠᠭᠤᠪᠠ᠃ ᠬᠢᠷᠳ᠋ᠭᠢᠨ ᠡᠷᠭᠢᠵᠦ | ᠬᠠᠷᠠᠭᠠᠳ ᠵᠠᠯᠠᠭᠤ ᠶᠢ ᠠᠵᠢᠬᠤ ᠳᠤ ᠠᠷᠠᠢ ᠦᠭᠡᠷ᠎ᠡ ᠰᠠᠨᠠᠭ᠎ᠠ ᠦᠭᠡᠢ ᠰᠢᠭ ᠬᠡᠪ ᠲᠡᠭᠡᠨ ᠯᠠ ᠪᠠᠶᠢᠵᠤ ᠪᠠᠶᠢᠯ᠎ᠠ᠃ | ︽ᠵᠠᠯᠠᠭᠤ ᠮᠢᠨᠢ᠂ ᠵᠢᠷᠠ ᠬᠦᠷᠦᠭᠡᠳ ᠵᠠᠵᠢᠨ ᠦᠰᠦ ᠪᠦᠷ ᠴᠠᠶᠢᠴᠢᠬᠠᠭᠰᠠᠨ ᠰᠢᠤ︾ ᠭᠡᠯ᠎ᠠ᠃ | ︽ᠦᠰᠦ ᠴᠠᠶᠢᠬᠤ ᠪᠠᠷ ᠨᠠᠰᠤ ᠠᠬᠢᠭᠰᠠᠨ ᠭᠡᠵᠦ ᠲᠤᠳᠤᠯᠠᠵᠤ ᠴᠢᠳᠠᠬᠤ ᠦᠭᠡᠢ ᠪᠤᠯᠤᠭᠰᠠᠨ᠂ ᠵᠠᠯᠠᠭᠤᠴᠤᠳ ᠢᠳᠡᠷᠴᠤᠳ ᠭᠡᠤᠨ ᠪᠤᠭᠤᠷᠤᠯ ᠦᠰᠦ ᠲᠠᠢ ᠨᠢ | ᠪᠠᠶᠢᠬᠤ ᠯᠡ᠃ ᠲᠠ ᠬᠠᠷᠢᠨ ᠵᠢᠰᠤ ᠴᠢᠷᠠᠢ ᠪᠠᠨ ᠶᠠᠭᠠᠬᠢᠭᠰᠠᠨ ᠰᠠᠶᠢᠬᠠᠨ ᠬᠢᠮᠠᠭᠠᠳᠠᠵᠤ ᠪᠠᠶᠢᠭ᠎ᠠ ᠪᠤᠢ︖ ᠬᠠᠴᠠᠷ ᠨᠢᠭᠤᠷ ᠠᠴᠠ ᠴᠢᠨᠢ ᠭᠡᠭᠡ ᠲᠠᠳᠠᠭᠠᠳ᠂ ᠮᠠᠰᠢ | ᠰᠦᠨᠠᠰᠦᠯᠢᠭ ᠬᠠᠷᠠᠭᠳᠠᠨ᠎ᠠ᠃ ᠲᠠ ᠯᠠᠪᠳᠠᠢ ᠤᠯᠠᠨ ᠲᠦᠷᠦᠯ ᠤᠨ ᠴᠢᠨᠡᠷ ᠰᠠᠶᠢᠳᠠᠢ ᠭᠤᠸᠠᠯᠢᠳᠠᠭ ᠡᠳ᠋ ᠭᠡᠷᠡᠭᠯᠡᠳᠡᠭ ᠪᠠᠶᠢᠬ᠎ᠠ︖︾ ᠭᠡᠨ᠎ᠠ᠃ | ᠬᠡᠩ᠂ ᠦᠨᠡᠨ ᠳᠡᠭᠡᠨ ᠪᠢ ᠭᠠᠳᠠᠨ᠎ᠠ ᠪᠠᠨ ᠲᠦᠷᠬᠢᠬᠦ ᠨᠠᠭᠠᠬᠤ ᠵᠦᠢᠯᠡᠰ ᠢ ᠲᠡᠮᠡᠢ ᠴᠢᠬᠤᠯᠠᠴᠢᠯᠠᠳᠠᠭ ᠦᠭᠡᠢ ᠨᠢᠭᠡᠨ᠂ ᠭᠤᠤᠯ ᠨᠢ ᠠᠯᠵᠠᠭᠤ ᠲᠠᠢ ᠭᠡᠳᠡᠭ ᠨᠢ | ᠭᠡᠷᠡᠭ ᠡ᠂ ᠤᠷᠤᠢ ᠳᠠᠭᠠᠨ ᠨᠢᠭᠤᠷ ᠢᠶᠠᠨ ᠤᠬᠢᠶᠠᠬᠤ ᠦᠭᠡᠢ᠂ ᠨᠤᠮ ᠦᠵᠡᠵᠦ ᠨᠤᠮ ᠰᠤᠨᠤᠰᠴᠤ ᠪᠠᠶᠢᠭᠰᠠᠭᠠᠷ ᠤᠨᠳᠠᠴᠢᠬᠠᠳᠠᠭ᠃ ᠠᠵᠠ ᠪᠠᠷ ᠨᠤᠮ ᠪᠢᠴᠢᠭ | ᠬᠦᠮᠦᠨ ᠢ ᠭᠤᠶᠤᠯᠠᠳᠠᠭ ᠨᠢ ᠵᠠᠪᠰᠢᠶᠠᠨ ᠪᠠᠶᠢᠵᠠᠢ᠃ ᠨᠤᠮ ᠤᠨ ᠰᠢᠮ᠎ᠡ ᠤᠶᠤᠨ ᠰᠠᠨᠠᠭ᠎ᠠ ᠶᠢ ᠴᠡᠯᠮᠡᠭᠰᠢᠭᠦᠯᠵᠤ᠂ ᠨᠤᠮ ᠤᠨ ᠭᠡᠷᠡᠯ ᠶᠠᠰᠤ ᠴᠢᠮᠦᠭᠡᠨᠠ ᠨᠡᠪᠳᠡᠷᠡᠨ ᠨᠢᠭᠤᠷ | ᠴᠢᠷᠠᠢ ᠶᠢ ᠠᠷᠢᠭᠤᠰᠬᠠᠨ᠂ ᠬᠦᠴᠦ ᠲᠠᠮᠢᠷ ᠢ ᠰᠡᠯᠪᠢᠳᠡᠭ ᠲᠡᠭᠡᠨ ᠪᠤᠯᠵᠤ ᠪᠠᠶᠢᠨ᠎ᠠ᠂ ᠲᠡᠭᠷᠢ ᠮᠢᠨᠢ᠃ ᠵᠤᠯ ᠢᠶᠠᠷ ᠪᠢ ᠨᠤᠮ ᠤᠩᠰᠢᠳᠠᠭ ᠨᠢᠭᠡᠨ᠂ ᠨᠤᠮ ᠪᠢᠴᠢᠳᠡᠭ | ᠨᠢᠭᠡᠨ ᠪᠠᠶᠢᠭᠰᠠᠨ ᠳᠠᠭᠠᠨ ᠪᠤᠯᠵᠠᠢ᠃ ᠵᠤᠯ ᠢᠶᠠᠷ ᠪᠢ ᠤᠷᠠᠨ ᠵᠢᠷᠤᠭ ᠤᠷᠠᠨ ᠪᠢᠴᠢᠯᠭᠡ ᠳᠤ ᠲᠤᠷ᠎ᠠ ᠲᠠᠢ᠂ ᠪᠠᠰᠠ ᠤᠷᠠᠨ ᠪᠢᠴᠢᠨ᠎ᠡ ᠭᠡᠵᠦ ᠡᠯᠳᠡᠪ ᠢᠶᠠᠷ ᠡᠷᠢᠶᠠᠴᠢᠳᠡᠭ | ᠨᠢᠭᠡᠨ᠃ ᠪᠢᠷ ᠴᠠᠭᠠᠰᠤ ᠶᠢ ᠤᠰᠤ ᠴᠠᠰᠤ ᠮᠡᠳᠦ ᠦᠷᠡᠭᠡᠳᠡᠭ ᠴᠤ ᠤᠷᠠᠯᠢᠭ ᠲᠤ ᠰᠤᠭᠳᠤᠬᠤ ᠡᠴᠢᠨ᠎ᠠ ᠶᠢᠨ ᠵᠢᠷᠭᠠᠯ ᠢ ᠬᠡᠨ ᠲᠠᠢ ᠴᠤ ᠬᠤᠪᠢᠶᠠᠯᠴᠠᠮᠠᠷ ᠦᠭᠡᠢ | ᠬᠠᠷᠠᠮᠴᠢ᠃ | ᠵᠢᠷᠠ ᠬᠦᠷᠦᠯ᠎ᠡ᠂ ᠵᠢᠷᠠ ᠲᠠᠢ ᠪᠦᠰᠡᠭᠦᠢ ᠰᠦᠨᠠᠰᠦᠯᠢᠭ ᠪᠠᠶᠢᠬᠤ ᠰᠠᠶᠢᠬᠠᠨ᠃ | ᠰᠦᠨᠡᠰᠦᠯᠢᠭ ᠪᠦᠰᠡᠬᠦᠢ ᠤᠯᠠᠨ ᠢ ᠦᠵᠡᠵᠦ ᠤᠪᠤᠭ᠎ᠠ ᠶᠢ ᠦᠩᠬᠡᠷᠡᠭᠡᠭᠡᠳ ᠦᠯᠠᠮᠵᠢ ᠶᠢᠨ ᠰᠤᠷᠭᠠᠮᠵᠢ ᠦᠨᠡᠨ ᠲᠤᠷᠰᠢᠯᠭ᠎ᠠ ᠶᠢ ᠬᠤᠷᠠᠮᠳᠤᠭᠤᠯᠤᠭᠰᠠᠨ | ᠡᠷᠳᠡᠨᠢ ᠶᠢᠨ ᠬᠠᠶᠢᠷᠴᠠᠭ ᠪᠢᠯᠢᠤ᠃ ᠰᠦᠨᠠᠰᠦᠯᠢᠭ ᠪᠦᠰᠡᠬᠦᠢ ᠶᠢᠨ ᠨᠢᠳᠦ ᠨᠢ ᠲᠤᠩᠭᠠᠯᠠᠭ᠂ ᠤᠯᠠᠩᠬᠢ ᠦᠭᠡ ᠶᠢ ᠨᠢᠳᠦ ᠪᠠᠷ ᠢᠶᠠᠨ ᠬᠡᠯᠡᠵᠦ᠂ ᠶᠡᠬᠡᠩᠬᠢ ᠤᠴᠢᠷ ᠢ | ᠨᠢᠳᠦᠨ ᠳᠡᠭᠡᠨ ᠪᠠᠭᠳᠠᠭᠠᠵᠤ᠂ ᠪᠦᠬᠦ ᠶᠠᠪᠤᠳᠠᠯ ᠳᠤ ᠲᠠᠶᠢᠪᠤᠭᠤᠨ ᠠᠮᠤᠭᠤᠯᠠᠩ ᠬᠠᠨᠳᠤᠵᠤ᠂ ᠬᠤᠯᠠ ᠶᠢ ᠬᠠᠷᠠᠵᠤ ᠠᠯᠤᠰ ᠢ ᠲᠤᠷᠠᠨᠳᠠᠳᠠᠭ᠃ ᠰᠦᠨᠠᠰᠦᠯᠢᠭ | ᠪᠦᠰᠡᠭᠦᠢ ᠶᠢᠨ ᠬᠠᠮᠠᠷ ᠨᠢ ᠪᠡᠭᠡᠰ ᠤᠨ ᠦᠨᠦᠷ ᠡᠪᠡᠰᠤᠨ ᠤ ᠵᠠᠨᠠᠷ ᠲᠤ ᠨᠢᠭᠡᠨ᠎ᠡ ᠨᠠᠶᠢᠷᠠᠮᠳᠠᠭᠤ᠃ ᠵᠦᠭᠡᠢ ᠮᠡᠳᠦ ᠡᠷᠪᠡᠬᠡᠢ ᠠᠳᠠᠯᠢ᠂ ᠴᠡᠴᠡᠭ ᠤᠨ ᠠᠩᠬᠢᠯᠤᠮ᠎ᠠ | ᠦᠨᠦᠷ ᠢ ᠲᠠᠭᠠᠵᠤ ᠪᠠᠯ ᠴᠤᠭᠯᠠᠭᠤᠯᠤᠨ᠂ ᠨᠠᠶᠢᠷᠠᠭ ᠨᠡᠷᠡᠵᠦ ᠶᠠᠭᠠᠷᠠᠳᠠᠭ᠃ ᠰᠦᠨᠠᠰᠦᠯᠢᠭ ᠪᠦᠰᠡᠬᠦᠢ ︽ᠠᠮᠠᠨ ᠠᠴᠠ ᠪᠠᠨ ᠨᠢᠭᠡ ᠴᠦ ᠮᠠᠭᠤ ᠦᠭᠡ ᠶᠢ ᠪᠤᠤ ᠭᠠᠷᠭ᠎ᠠ᠂ | ᠬᠠᠷᠢᠨ ᠬᠦᠮᠦᠨ ᠢ ᠪᠤᠰᠬᠠᠨ ᠪᠠᠶᠢᠭᠤᠯᠬᠤ ᠳᠤ ᠲᠤᠰᠠ ᠪᠤᠯᠬᠤ ᠰᠠᠶᠢᠨ ᠢ ᠯᠠ ᠶᠠᠷᠢ᠂ ᠲᠡᠷᠡ ᠦᠭᠡ ᠴᠢᠨᠢ ᠰᠤᠨᠤᠰᠤᠭᠴᠢᠳ ᠲᠤ ᠢᠪᠡᠭᠡᠯ ᠢ ᠲᠠᠮᠵᠢᠭᠤᠯᠬᠤ ᠪᠤᠯᠤᠨ᠎ᠠ | ︾ ᠭᠡᠬᠦ ᠨᠤᠮ ᠤᠨ ᠤᠳᠭ᠎ᠠ ᠳᠤ ᠪᠤᠯᠪᠠᠰᠤᠷᠠᠨ᠂ ᠬᠡᠯᠡᠨ ᠤ ᠭᠡᠮ ᠢᠶᠠᠨ ᠠᠷᠢᠭᠤᠰᠬᠠᠵᠤ᠂ ᠦᠭᠡ ᠶᠢᠨ ᠬᠦᠴᠦᠨ ᠢ ᠪᠠᠳᠠᠷᠠᠭᠠᠨ ᠪᠠᠶᠢᠬᠤ ᠨᠢ ᠦᠵᠡᠰᠭᠦᠯᠠᠩᠳᠡᠢ᠂ | ᠦᠭᠡ ᠨᠢ ᠨᠡᠩ ᠢᠳᠡᠳᠡᠢ᠃ ᠡᠷᠳᠡᠨ ᠤ ᠨᠤᠮ ᠳᠤ᠄ ︽ᠡᠬᠢᠨ ᠳᠤ ᠦᠭᠡ ᠪᠠᠶᠢᠭᠰᠠᠨ ᠁ ᠪᠦᠬᠦ ᠶᠠᠭᠤᠮ᠎ᠠ ᠦᠭᠡ ᠪᠠᠷ ᠪᠦᠳᠦᠭᠰᠡᠨ ᠁︾ ᠭᠡᠵᠤ | ᠨᠤᠮᠯᠠᠭᠰᠠᠨ᠂ ᠪᠠᠶᠢᠭᠰᠠᠨ ᠪᠠᠶᠢᠭ᠎ᠠ ᠪᠠᠶᠢᠬᠤ ᠶᠢᠨ ᠦᠨᠢ ᠮᠦᠩᠭᠡ ᠶᠢᠨ ᠢᠷᠦᠭᠡᠯ ᠢ ᠤᠩᠰᠢᠯᠭ᠎ᠠ ᠪᠤᠯᠭᠠᠨ ᠦᠯᠡᠳᠡᠭᠡᠭᠰᠡᠨ ᠵᠢᠷᠠ ᠲᠠᠢ ᠪᠦᠰᠡᠬᠦᠢ ᠲᠡᠷᠡ ᠶᠤᠰᠤᠨ ᠢ | ᠲᠠᠭᠠᠳᠠᠭ᠃ | ᠰᠦᠨᠡᠰᠦᠯᠢᠭ ᠪᠦᠰᠡᠭᠦᠢ ᠶᠢᠨ ᠴᠢᠬᠢ ᠨᠢ ᠮᠦᠨ ᠰᠤᠷᠭᠤᠭ᠃ ᠲᠦᠷᠪᠡᠨ ᠲᠠᠯᠠᠢ ᠶᠢᠨ ᠱᠤᠤᠭᠢᠶᠠᠨ ᠢ ᠰᠤᠨᠤᠷᠳᠠᠵᠤ᠂ ᠲᠠᠪᠤᠨ ᠲᠢᠪ ᠤᠨ ᠰᠤᠷᠠᠭ ᠵᠠᠩᠬᠢ ᠳᠤ | ᠰᠡᠷᠭᠡᠭ᠂ ᠬᠠᠭᠠᠨ ᠬᠦᠭᠵᠢᠮ ᠤᠨ ᠬᠦᠩᠬᠢᠨᠡᠭᠡ᠂ ᠬᠠᠳᠤᠨ ᠠᠶᠠᠯᠭᠤ ᠶᠢᠨ ᠴᠤᠤᠷᠢᠶ᠎ᠠ᠂ ᠨᠡᠷᠡᠳᠦ ᠴᠢᠪᠠᠭᠳᠠᠰᠤ ᠶᠢᠨ ᠬᠠᠩᠬᠢᠨᠠᠭᠠ᠂ ᠨᠠᠶᠢᠷᠠᠯ ᠲᠠᠭᠤᠤ ᠶᠢᠨ ᠢᠷᠠᠭᠤ | ᠠᠶ᠎ᠠ ᠰᠢᠯᠦᠭ ᠪᠤᠯᠵᠤ ᠨᠤᠲ ᠪᠤᠯᠵᠤ᠂ ᠰᠤᠳᠠᠯ ᠰᠢᠷᠪᠤᠰᠤ ᠰᠦᠭ ᠰᠦᠨᠡᠰᠦᠨ ᠳᠤᠨᠢ ᠤᠶᠠᠩᠭᠠᠷᠠᠨ᠎ᠠ᠃ | ᠵᠢᠷᠠ ᠬᠦᠷᠦᠭᠰᠡᠨ᠂ ᠵᠦᠪᠬᠡᠨ ᠵᠢᠷᠠ ᠬᠦᠷᠦᠭᠰᠡᠨ ᠲᠡᠳᠦᠢ᠃ | ᠵᠢᠷᠠ ᠲᠠᠢ ᠪᠦᠰᠡᠭᠦᠢ ᠬᠦᠯ ᠬᠦᠩᠭᠡᠭᠡᠨ ᠪᠠᠶᠢᠬᠤ ᠤᠴᠢᠷᠳᠠᠢ᠃ ᠬᠤᠯᠠ ᠶᠠᠪᠤᠵᠤ ᠬᠤᠳᠠᠯᠠ ᠶᠢ ᠲᠤᠭᠤᠷᠢᠬᠤ ᠠᠶᠠᠯᠠᠯ ᠳᠤ ᠭᠠᠷᠬᠤ ᠶᠤᠮ᠃ ᠠᠩᠬ᠎ᠠ ᠤᠳᠠᠭ᠎ᠠ | ᠠᠭᠠᠷ ᠢᠶᠠᠷ ᠨᠢᠰᠴᠤ ᠮᠦᠷᠦᠭᠡᠳᠦᠯ ᠤᠨ ᠰᠢᠨᠵᠢᠶᠠᠩ ᠳᠤ ᠬᠦᠷᠴᠠᠢ᠃ ᠲᠡᠷᠡ ᠨᠢᠰᠭᠡᠯ ᠬᠦᠯ ᠢ ᠬᠦᠷᠦᠰᠦᠨ ᠳᠤ ᠬᠦᠷᠭᠡᠯ ᠦᠭᠡᠢ ᠵᠠᠢ ᠶᠢ ᠲᠤᠪᠴᠢᠯᠠᠵᠤ ᠵᠠᠮ ᠢ | ᠪᠤᠭᠤᠨᠢᠰᠬᠠᠭᠠᠳ ᠭᠤᠷᠪᠠᠭᠠᠨ ᠴᠠᠭ ᠤᠨ ᠲᠠᠷᠠᠭ᠎ᠠ ᠰᠢᠨᠵᠢᠶᠠᠩ ᠤᠨ ᠠᠭᠤᠯᠠ ᠤᠰᠤᠨ ᠳᠤ ᠪᠠᠭᠤᠯᠭᠠᠭᠰᠠᠨ ᠶᠤᠮ᠂ ᠨᠢᠭᠡ ᠠᠭᠤᠯᠠᠨ ᠳᠤ ᠲᠦᠷᠪᠠᠨ ᠤᠯᠠᠷᠢᠯ | ᠡᠭᠡᠯᠵᠢᠯᠡᠵᠤ ᠪᠠᠶᠢᠭ᠎ᠠ ᠶᠢ ᠦᠵᠡᠬᠦ ᠳᠤ ᠰᠠᠶᠢᠬᠠᠨ᠂ ᠬᠦᠷᠳᠡᠬᠦ ᠳᠤ ᠭᠠᠶᠢᠬᠠᠮᠰᠢᠭᠳᠡᠢ᠃ ᠮᠦᠰᠦ ᠴᠠᠰᠤᠨ ᠤᠷᠬᠢᠯ ᠢ ᠨᠢ ᠪᠠᠷᠠᠯᠠᠵᠤ᠂ ᠮᠠᠯᠮᠠᠷᠠᠨ ᠤᠷᠤᠰᠬᠤ ᠬᠠᠶᠢᠯ ᠳᠤᠨᠢ | ᠪᠠᠶᠠᠰᠴᠤ᠂ ᠴᠡᠴᠡᠭ ᠨᠠᠪᠴᠢ ᠲᠡᠯᠭᠡᠷᠡᠭᠰᠡᠨ ᠬᠤᠷᠮᠤᠢ ᠳᠤᠨᠢ ᠬᠤᠷᠭᠤᠳᠠᠵᠤ᠂ ᠰᠠᠶᠢᠬᠠᠨ ᠰᠠᠶᠢᠷᠠᠮ ᠲᠠᠢ ᠤᠯᠠᠭᠠᠨ ᠨᠢᠭᠤᠷ ᠢᠶᠠᠷ ᠢᠶᠠᠨ ᠠᠭᠤᠯᠵᠠᠯ᠎ᠠ᠃ ᠴᠠᠬᠠᠷ | ᠴᠠᠶᠢᠯᠠᠯᠭ᠎ᠠ᠂ ᠦᠢᠷᠡᠳ ᠲᠠᠶᠢᠯᠠᠯᠭ᠎ᠠ᠂ ᠦᠢᠷ᠎ᠡ ᠲᠤᠳᠤᠨᠤ ᠬᠠᠷᠢᠯᠴᠠᠭ᠎ᠠ ᠶᠠᠪᠤᠯᠴᠠᠭ᠎ᠠ ᠬᠠᠨ ᠬᠤᠷᠸ᠎ᠠ ᠶᠢ ᠵᠢᠵᠢᠭᠷᠡᠭᠦᠯᠵᠦ ᠬᠠᠷᠢᠨ ᠵᠦᠪᠬᠡᠨ ᠵᠢᠷᠠ ᠲᠠᠢ ᠪᠢᠳᠡᠨᠤᠰ ᠯᠠ | ᠵᠢᠷᠭᠠᠯᠳᠠᠢ ᠬᠡᠮᠠᠷ ᠪᠠᠶᠢᠵᠠᠢ᠃ ᠲᠡᠷᠡ ᠬᠤᠯᠠ ᠶᠢᠨ ᠲᠡᠤᠭᠡ ᠨᠢ ᠲᠡᠷᠡ ᠴᠢᠭ ᠲᠡᠭᠡᠨ ᠬᠠᠯᠠᠭᠤᠬᠠᠨ ᠤᠷᠤᠮ ᠲᠠᠢ᠂ ᠲᠦᠷᠦ ᠶᠢᠨ ᠦᠬᠢᠳ ᠤᠨ ᠤᠯᠠᠭ᠎ᠠ ᠦᠷᠳᠡᠭᠡ᠂ | ᠲᠤᠷᠭᠠᠨ ᠵᠠᠮ ᠤᠨ ᠦᠨ᠎ᠡ ᠬᠠᠶᠠᠯᠴᠠᠭ᠎ᠠ᠂ ᠲᠡᠮᠡᠭᠡᠨ ᠵᠢᠩ ᠤᠨ ᠬᠤᠩᠬᠤᠨ ᠲᠠᠭᠤᠨ᠂ ᠪᠠᠰᠠ ᠰᠤᠳᠤᠨ ᠪᠡᠶᠡᠯᠡᠯ ᠰᠠᠪᠠᠷᠳᠠᠩ᠂ ᠦᠨᠦᠷ ᠦᠳᠭᠡᠨ ᠤᠷᠳᠤ ᠶᠢᠨ | ᠲᠠᠭᠤᠤ᠂ ᠴᠠᠭᠡᠵᠢ ᠰᠠᠶᠢᠳᠤ ᠶᠢᠨ ᠬᠠᠶᠢᠯᠳᠠᠭ ᠭᠡᠰᠡᠷ ᠵᠠᠩᠭᠠᠷ ᠭᠡᠳ ᠦᠨᠢᠷ ᠪᠠᠶᠠᠯᠢᠭ ᠰᠢᠨᠵᠢᠶᠠᠩ ᠤᠨ ᠦᠩᠭᠡ ᠦᠵᠡᠮᠵᠢ ᠦᠯᠢᠭᠡᠷ ᠲᠠᠤᠬᠡ᠂ ᠬᠦᠮᠦᠨ ᠵᠤᠨ ᠤ | ᠴᠠᠶᠢᠯᠭᠠᠨ ᠴᠠᠭᠠᠪᠤᠷ ᠤᠨ ᠠᠯᠢ ᠶᠢ ᠨᠢ ᠶᠠᠷᠢᠬᠤᠪ ᠳ᠋ᠠ᠃ | ᠠᠮᠵᠢᠭᠠᠳ ᠪᠠᠰᠠ ᠠᠯᠠᠱᠠ ᠳᠤ ᠬᠦᠷᠦᠯ᠎ᠡ᠂ ᠠᠯᠠᠱᠠ ᠸᠠᠩ ᠤᠨ ᠤᠷᠳᠤᠨ ᠤ ᠪᠤᠱᠤᠭ᠎ᠠ ᠶᠢ ᠬᠦᠯ ᠬᠦᠩᠬᠡᠬᠡᠨ ᠠᠯᠬᠤᠨ᠂ ᠡᠷᠳᠡ ᠡᠳᠦᠭᠡ ᠶᠢ ᠨᠢ ᠰᠡᠭᠦᠵᠦ | ᠵᠠᠬ᠎ᠠ ᠵᠤᠬᠠᠰ ᠠᠴᠠ ᠴᠤ ᠭᠡᠰᠡᠨ ᠤᠶᠢᠯᠠᠭᠠᠨ᠂ ᠸᠠᠩ ᠤᠨ ᠬᠠᠳᠤᠨ ᠰᠧᠪᠡᠯᠮᠡ ᠶᠢᠨ ᠦᠰᠴᠤ ᠲᠦᠷᠦᠭᠰᠡᠨ ᠭᠠᠵᠠᠷ ᠰᠢᠷᠦᠢ ᠲᠡᠭᠡᠷ᠎ᠡ ᠤᠯᠠ ᠮᠦᠷ ᠢ ᠨᠢ ᠬᠠᠶᠢᠵᠦ᠂ | ᠬᠤᠯᠠ ᠮᠣᠷᠲᠠᠬᠰᠠᠨ ᠨᠠᠪᠴᠢ ᠭᠦᠩᠵᠦ ᠶᠢᠨ ᠰᠠᠨᠠᠯ ᠮᠦᠷᠦᠭᠡᠳᠦᠯ ᠢ ᠮᠡᠳᠡᠷᠡᠨ᠂ ᠭᠤᠷᠪᠠᠨ ᠮᠢᠩᠭᠠᠨ ᠤᠨ ᠤ ᠡᠮᠤᠨᠡᠬᠢ ᠲᠤᠤᠷᠠᠢ ᠶᠢᠨ ᠪᠤᠯᠵᠤᠭ᠎ᠠ ᠳᠤ ᠵᠠᠪᠳᠤᠭᠠᠳ | ᠤᠴᠢᠭᠰᠡᠨ ᠨᠢ ᠮᠦᠨ ᠵᠤᠯ ᠵᠠᠪᠰᠢᠶᠠᠨ᠃ | ᠵᠢᠷᠠ ᠬᠦᠷᠦᠯ᠎ᠡ᠂ ᠵᠠᠪᠳᠤᠭᠠᠳ ᠬᠢᠬᠦ ᠪᠠᠨ ᠬᠢᠵᠦ ᠪᠠᠶᠢᠬᠤ ᠨᠢ ᠵᠦᠪ᠃ | ᠵᠢᠷᠠ ᠲᠠᠢ ᠪᠦᠰᠡᠭᠦᠢ ᠶᠢᠨ ᠭᠠᠷ ᠪᠤᠰᠢᠭᠤ᠂ ᠬᠤᠷᠤᠭᠤᠳ ᠨᠢ ᠤᠷᠠᠨ᠃ ᠵᠢᠷᠠ ᠲᠠᠢ ᠪᠦᠰᠡᠭᠦᠢ ᠶᠠᠷᠤ ᠨᠢ ᠬᠡᠯᠡᠬᠦ ᠶᠢᠨ ᠤᠷᠤᠨ ᠳᠤ ᠬᠢᠵᠦ ᠪᠡᠶᠡᠯᠡᠭᠦᠯᠴᠢᠬᠡᠳᠡᠭ᠃ | ᠤᠮᠪᠤᠯᠣ ᠬᠠᠷᠠᠬᠤ ᠳᠤ ᠮᠡᠷᠭᠡᠰᠢᠭᠰᠡᠨ᠂ ᠤᠮᠳᠠ ᠬᠤᠭᠤᠯᠠ ᠲᠤᠬᠢᠷᠠᠭᠤᠯᠬᠤ ᠳᠠᠭᠠᠨ ᠲᠤᠰᠬᠠᠶᠢᠵᠢᠭᠰᠠᠨ᠂ ᠬᠤᠪᠴᠠᠰᠤ ᠬᠤᠨᠠᠷ ᠤᠬᠢᠶᠠᠬᠤ ᠳᠠᠭᠠᠨ ᠭᠠᠷᠰᠢᠭᠰᠠᠨ᠂ | ᠭᠡᠷ ᠭᠠᠳᠠᠨᠠᠬᠢ ᠶᠢ ᠴᠠᠭ ᠲᠤᠨᠢ ᠠᠮᠵᠢᠭᠤᠯᠴᠢᠬᠠᠳᠠᠭ ᠨᠢ ᠭᠡᠴᠡᠭᠦᠦ᠃ ᠡᠷᠳᠡ ᠪᠤᠰᠴᠤ ᠤᠷᠤᠢ ᠤᠨᠳᠠᠬᠤ ᠪᠠᠷ ᠵᠢᠷᠠ ᠲᠠᠢ ᠪᠦᠰᠡᠭᠦᠢ ᠳᠤ ᠡᠳᠦᠷ ᠠᠭᠠᠵᠢᠭᠤ᠂ ᠰᠦᠨᠢ | ᠲᠠᠨᠢᠭᠦᠭᠡᠨ᠃ ᠶᠠᠪᠤᠳᠠᠯ ᠬᠢᠳᠡᠯ ᠤᠨ ᠵᠠᠪᠰᠠᠷ ᠦᠭᠡᠳᠡ ᠤᠷᠤᠭᠤ ᠵᠠᠮᠨᠠᠬᠤ ᠶᠢᠨ ᠬᠤᠷᠤᠮ ᠳᠤ ᠠᠯᠳᠠ ᠮᠦᠩᠭᠦᠨ ᠲᠡᠯᠭᠡᠭᠦᠷ ᠢᠶᠠᠷ ᠪᠠᠭᠤᠵᠤ᠂ ᠪᠠᠭᠤᠤ ᠪᠦᠭᠡᠵᠢ | ᠰᠤᠩᠭᠤᠬᠤ ᠳᠠᠭᠠᠨ ᠴᠢᠳᠠᠮᠠᠭᠠᠢ᠂ ᠤᠨᠴᠠᠭᠠᠶᠢᠯᠠᠨ ᠪᠤᠭᠴᠤ ᠦᠵᠡᠪᠡᠯ ᠠᠪᠳᠠᠭ ᠯᠠ ᠵᠠᠩᠰᠢᠯ ᠲᠠᠢ᠃ ᠦᠪᠡᠷ ᠪᠢ ᠪᠠᠨ ᠴᠡᠪᠡᠷ ᠴᠠᠮᠴᠡᠭᠡᠷ ᠭᠤᠶᠤᠯᠠᠬᠤ ᠳᠠᠭᠠᠨ ᠬᠡᠨ ᠢ | ᠴᠤ ᠭᠠᠷᠳᠠᠭᠠᠵᠤ ᠮᠡᠳᠡᠬᠦ ᠪᠠᠭᠰᠢᠳᠠᠨ᠃ ᠪᠤᠯᠤᠮᠠᠷ ᠬᠡᠳᠦᠨ ᠪᠦᠰᠡᠭᠦ᠋ᠴᠤᠳ ᠲᠠᠢ ᠪᠠᠨ ᠬᠡᠵᠢᠶ᠎ᠡ ᠨᠢᠭᠡ ᠪᠤᠯᠵᠤᠪᠠᠯ ᠬᠦᠭᠯᠡᠭᠰᠡᠨ ᠬᠡᠷᠡᠭ ᠡ᠂ ᠠᠭᠤᠯᠵᠠᠬᠤ ᠠᠴᠠ ᠰᠠᠯᠬᠤ | ᠬᠦᠷᠳᠡᠯ᠎ᠡ ᠨᠢᠭᠡ ᠯᠠ ᠬᠦᠭ ᠲᠡᠭᠡᠨ ᠪᠠᠶᠠᠷ ᠬᠦᠷ ᠢᠶᠠᠷ ᠪᠢᠯᠬᠠᠷᠠᠮᠠ᠃ ᠬᠡᠳᠦᠨ ᠬᠦᠮᠦᠨ ᠪᠠᠶᠢᠪᠠᠯ ᠬᠡᠳᠦᠭᠦᠯᠡ ᠶᠠᠭᠠᠷᠠᠵᠤ᠂ ᠬᠡᠴᠢᠨᠡᠨ ᠬᠤᠨᠤᠭ ᠤᠨ ᠬᠦᠷᠦᠩᠬᠡᠰᠢᠭᠰᠡᠨ | ᠦᠭᠡᠰ ᠢᠶᠠᠨ ᠦᠬᠦᠯᠡᠷᠤᠨ᠂ ᠬᠡᠨ ᠨᠢ ᠰᠤᠨᠤᠰᠴᠤ ᠬᠡᠨ ᠳᠡᠭᠡᠨ ᠰᠤᠨᠤᠰᠬᠠᠵᠤ ᠪᠠᠶᠢᠬᠤ ᠪᠠᠨ ᠮᠡᠳᠡᠬᠦ ᠦᠭᠡᠢ ᠬᠦᠤᠷᠨᠢᠯᠳᠦᠨᠡ᠃ ᠢᠯᠠᠩᠭᠤᠶ᠎ᠠ ᠤᠷᠤᠯᠳᠤᠯᠭ᠎ᠠ ᠰᠠᠶᠢᠳᠠᠢ | ᠵᠢᠷᠠ ᠬᠦᠷᠦᠭᠰᠡᠨ ᠪᠦᠰᠡᠭᠦᠢ ᠭᠡᠳᠡᠭ ᠴᠢᠨᠢ ᠨᠢᠭᠡ ᠪᠤᠳᠠ ᠤᠳ᠋ᠪᠠᠯ᠎ᠠ᠂ ᠨᠢᠭᠡ ᠪᠤᠳᠤᠩ ᠲᠠᠷᠠᠰᠤᠨ᠂ ᠨᠢᠭᠡ ᠲᠡᠪᠳᠡᠷ ᠵᠤᠵᠠᠭᠠᠨ ᠨᠤᠮ ᠭᠡᠰᠡᠨ ᠦᠭᠡ᠃ ᠡᠨᠡ ᠬᠦ | ᠵᠤᠵᠠᠭᠠᠨ ᠨᠤᠮ ᠢ ᠲᠡᠳᠡ ᠵᠢᠷᠠᠨ ᠵᠢᠯ ᠤᠨ ᠲᠤᠷᠰᠢ ᠪᠢᠴᠢᠵᠦ ᠨᠠᠶᠢᠷᠠᠭᠤᠯᠤᠭᠰᠠᠨ ᠶᠤᠮ᠃ ᠨᠤᠮ ᠤᠨ ᠲᠤᠳᠤᠷ᠎ᠠ ᠵᠢᠷᠠ ᠲᠠᠢ ᠪᠦᠰᠡᠭᠦᠢ ᠶᠢᠨ ᠲᠤᠭᠤᠯᠵᠤ ᠢᠷᠡᠭᠰᠡᠨ | ᠠᠮᠢᠳᠤᠷᠠᠯ ᠪᠤᠢ᠂ ᠵᠢᠳᠭᠦᠵᠦ ᠶᠠᠪᠤᠭᠰᠠᠨ ᠦᠢᠯᠡᠰ ᠪᠤᠢ᠂ ᠪᠢᠴᠢᠵᠦ ᠵᠢᠷᠤᠭᠰᠠᠨ ᠪᠦᠳᠦᠭᠡᠯ ᠤᠳ ᠪᠤᠢ᠃ ᠪᠦᠳᠦᠭᠡᠯ ᠤᠳ ᠨᠢ ᠬᠦᠮᠦᠨ ᠲᠦᠷᠦᠭᠰᠡᠤᠨ ᠤᠨ ᠰᠤᠶᠤᠯ | ᠲᠡᠤᠬᠡ ᠳᠤ ᠬᠤᠪᠢ ᠨᠡᠮᠡᠷᠢ ᠪᠤᠯᠵᠤ᠂ ᠦᠷ᠎ᠡ ᠠᠴᠢ ᠨᠡᠷ ᠲᠤᠨᠢ ᠦᠪ ᠬᠦᠷᠦᠩᠭᠡ ᠪᠤᠯᠵᠤ᠂ ᠦᠪᠡᠷ ᠪᠢ ᠳᠤᠨᠢ ᠡᠷᠭᠢᠴᠡᠭᠦᠯᠦᠯ ᠪᠤᠯᠳᠠᠭ ᠡ᠃ | ᠵᠢᠷᠠ ᠬᠦᠷᠬᠦ ᠳᠤ ᠶᠠᠭᠠᠬᠢᠬᠤᠪ᠂ ᠵᠦᠪᠬᠡᠨ ᠵᠢᠷᠠ ᠬᠦᠷᠦᠭᠰᠡᠨ ᠲᠡᠳᠦᠢ᠃ | ᠭᠡᠬᠦ ᠳᠤ ᠵᠢᠷᠠ ᠲᠠᠢ ᠪᠦᠰᠡᠭᠦᠢ ᠬᠠᠶᠠ ᠪᠠᠰᠠ ᠰᠠᠨᠠᠯ ᠮᠦᠷᠦᠭᠡᠳᠦᠯ ᠳᠤ ᠤᠨᠠᠳᠠᠭ ᠴᠤ ᠪᠢᠯᠡ᠃ ᠢᠨᠠᠭ ᠲᠤᠳᠤᠨᠤ ᠬᠠᠶᠢᠷ᠎ᠠ ᠬᠠᠶᠢᠷ᠎ᠠ ᠶᠢᠨ ᠴᠤᠤᠷᠢᠶ᠎ᠠ᠂ ᠦᠶ᠎ᠡ | ᠦᠶ᠎ᠡ ᠦᠢᠷᠡᠳᠤᠨ ᠭᠡᠰᠡᠭ ᠭᠡᠰᠡᠭ ᠬᠤᠯᠠᠳᠠᠪᠠᠴᠤ ᠪᠢᠯᠢᠭ ᠠᠪᠬᠠᠯᠵᠢ ᠡᠬᠡᠨᠡᠭᠳᠡ ᠲᠡᠯᠭᠡᠷᠡᠬᠦ ᠳᠤ᠂ ᠪᠠᠳᠠᠭ ᠰᠢᠯᠦᠭ ᠱᠠᠳ ᠲᠠᠷᠠᠭᠠᠯᠠᠵᠤ ᠪᠠᠭᠤᠬᠤ᠂ ᠤᠷᠳᠤ ᠵᠤᠬᠢᠶᠠᠯ | ᠤᠳᠭ᠎ᠠ ᠦᠳᠭᠡᠷᠡᠨ ᠪᠠᠭᠤᠬᠤ᠂ ᠠᠮᠢᠳᠤᠷᠠᠯ ᠪᠠᠶᠢᠭᠠᠯᠢ ᠦᠩᠭᠡ ᠢᠯᠭᠠᠷᠠᠨ ᠪᠠᠭᠤᠬᠤ᠂ ᠡᠨᠡ ᠬᠤᠷᠸ᠎ᠠ ᠡᠰᠡᠨᠢᠯ ᠲᠦᠯᠵᠢᠯ ᠢᠶᠠᠷ ᠲᠦᠷᠡᠯᠵᠡᠵᠦ᠂ ᠵᠢᠷᠠ ᠲᠠᠢ | ᠪᠦᠰᠡᠭᠦᠢ ᠶᠢᠨ ᠵᠢᠷᠭᠠᠯ ᠲᠠᠢ ᠠᠮᠢᠳᠤᠷᠡᠯ ᠳᠤ ᠪᠠᠶᠠᠷ ᠪᠠᠭᠠᠳᠤᠯ ᠴᠡᠩᠭᠡᠷ ᠪᠤᠷᠤᠭ᠎ᠠ ᠰᠢᠭ ᠱᠠᠬᠢᠵᠤ ᠰᠡᠳᠭᠢᠯ ᠵᠢᠷᠦᠭᠡ ᠶᠢ ᠨᠢ ᠤᠮᠳᠠᠯᠠᠨ᠎ᠠ᠃ ᠬᠠᠶᠠ ᠨᠢᠭᠡ ᠡᠪᠤᠭᠡᠨ᠂ | ᠵᠠᠷᠢᠮ ᠨᠢᠭᠡ ᠢᠳᠡᠷ ᠡᠷ᠎ᠠ᠂ ᠲᠤᠩ ᠬᠤᠪᠤᠷᠬᠠᠨ ᠳᠠᠭᠠᠨ ᠠᠯᠢ ᠨᠢᠭᠡ ᠵᠠᠯᠠᠭᠤ᠂ ᠵᠢᠷᠠ ᠲᠠᠢ ᠪᠦᠰᠡᠭᠦᠢ ᠳᠤ ᠶᠠᠭᠤ ᠨᠢᠭᠡ ᠶᠢ ᠶᠠᠷᠢᠵᠤ᠂ ᠤᠬᠠᠭᠠᠨ ᠠᠯᠳᠠᠭᠤᠯᠳᠠᠭ | ᠤᠳᠠᠭ᠎ᠠ ᠴᠤ ᠪᠤᠢ᠃ ᠭᠡᠬᠦ ᠳᠤ ᠵᠢᠷᠠ ᠲᠠᠢ ᠪᠦᠰᠡᠭᠦᠢ ᠬᠠᠷᠢᠨ ᠠᠷᠪᠠᠨ ᠨᠠᠢᠮᠠ ᠲᠠᠢ ᠦᠬᠢᠨ ᠰᠢᠭ ᠪᠦᠱᠦᠭᠦᠷᠭᠡᠳᠡᠭ ᠴᠤ ᠦᠭᠡᠢ ᠰᠡᠨᠳᠤᠷᠳᠠᠭ ᠴᠤ ᠦᠭᠡᠢ᠂ ᠬᠦᠨ | ᠤᠰᠤᠨ ᠮᠡᠳᠦ ᠲᠠᠶᠢᠪᠤᠩ ᠠᠮᠤᠭᠤᠯᠠᠩ ᠰᠠᠭᠠᠳᠠᠭᠠᠳ ᠦᠨᠳᠦᠷ ᠰᠡᠨᠳᠠᠢ ᠳᠤ ᠡᠷᠬᠢᠮᠰᠦᠭ ᠶᠡᠬᠡᠮᠰᠦᠭ ᠳᠦᠷᠢᠯᠠᠨᠠ᠃ ᠭᠡᠯ᠎ᠠ ᠴᠤ ᠭᠡᠰᠡᠨ ᠪᠠᠰᠠ ᠰᠡᠯᠬᠢᠨ ᠤ | ᠦᠨᠦᠰᠦᠯᠳᠡ ᠬᠠᠴᠠᠷ ᠱᠦᠷᠭᠦᠭᠡᠨ ᠦᠩᠭᠡᠷᠡᠬᠦ ᠳᠤ᠂ ︽ᠴᠢᠨᠦ ᠠᠨᠢᠷ ᠢ ᠠᠪᠴᠢᠷᠠᠭᠰᠠᠨ ᠶᠤᠮ ᠦᠦ᠂ ᠴᠢᠮ᠎ᠠ ᠲᠠᠢ ᠠᠭᠤᠯᠵᠠᠭᠰᠠᠨ ᠮᠡᠳᠦ ᠪᠤᠯᠳᠠᠭ ᠮᠢᠨᠢ ᠶᠠᠭᠤ ᠪᠢᠯᠡ︾ | ᠭᠡᠵᠤ ᠬᠡᠢ ᠪᠤᠳᠤᠨ᠎ᠠ᠃ ᠲᠡᠷᠡ ᠰᠡᠳᠭᠢᠯᠭᠡᠨ ᠤ ᠵᠢᠷᠳᠢᠨᠴᠤ ᠶᠢᠨ ᠬᠦᠨ ᠨᠠᠷᠢᠨ ᠢ ᠠᠷᠠᠳ ᠤᠨ ᠲᠠᠭᠤᠤ ᠪᠠᠷ ᠢᠯᠡᠳᠭᠡᠬᠦ ᠳᠤ ᠴᠤ ᠪᠠᠭᠠᠳᠠᠮᠠᠷ᠂ ᠲᠡᠷᠡᠬᠦ ᠤᠶᠤᠨ | ᠮᠡᠳᠡᠯ ᠤᠨ ᠬᠦᠨ ᠤ ᠬᠦᠨ ᠳᠤ ᠬᠦᠪᠪᠤᠨ ᠲᠤᠨᠤᠬᠤ ᠢᠷᠠᠭᠤ ᠰᠠᠶᠢᠬᠠᠨ ᠢ ᠵᠦᠪᠬᠡᠨ ᠰᠡᠷᠡᠯ ᠮᠡᠳᠡᠷᠡᠮᠵᠢ ᠪᠠᠷ ᠤᠬᠠᠨᠠ᠃ | ᠬᠠᠶᠢᠷ᠎ᠠ ᠪᠤᠯ ᠮᠦᠬᠦᠰᠢ ᠦᠭᠡᠢ᠂ ᠬᠠᠶᠢᠷ᠎ᠠ ᠪᠤᠯ ᠮᠦᠩᠬᠡ ᠶᠢᠨ᠃ ᠵᠢᠷᠠ ᠲᠠᠢ ᠪᠦᠰᠡᠭᠦᠢ ᠶᠢᠨ ᠬᠠᠶᠢᠷ᠎ᠠ ᠭᠡᠳᠡᠭ ᠡᠯᠡᠰᠤᠨ ᠲᠡᠭᠡᠷ᠎ᠠ ᠰᠠᠴᠤᠭᠰᠠᠨ ᠪᠤᠳᠠᠭ᠎ᠠ | ᠪᠢᠰᠢ᠂ ᠲᠡᠨᠡᠭᠳᠡᠵᠤ ᠭᠡᠨ ᠬᠦᠮᠦᠨ ᠲᠠᠢ ᠰᠠᠶᠢᠮᠰᠤᠷᠬᠠᠳᠠᠭ ᠭᠤᠯᠤᠰᠢ ᠪᠢᠰᠢ᠂ ᠬᠠᠷᠢᠨ ᠠᠷᠢᠭᠤᠨ ᠨᠢ ᠤᠰᠤᠨ ᠯᠤᠭ᠎ᠠ ᠦᠯᠢᠭᠡᠷᠯᠡᠮᠡᠷ᠂ ᠱᠠᠩᠳᠠᠭᠤᠨ ᠨᠢ | ᠲᠤᠰᠤᠨ ᠯᠤᠭ᠎ᠠ ᠠᠳᠠᠯᠢᠳᠬᠠᠮᠠᠷ ᠭᠭᠢᠷ ᠦᠭᠡᠢ᠂ ᠬᠤᠯᠢᠴᠡ ᠦᠭᠡᠢ᠃ | ᠵᠢᠷᠠ ᠬᠦᠷᠬᠦ ᠳᠤ ᠶᠠᠭᠠᠬᠢᠬᠤᠪ᠂ ᠵᠦᠪᠬᠡᠨ ᠵᠢᠷᠠ ᠬᠦᠷᠦᠭᠰᠡᠨ ᠲᠡᠳᠦᠢ᠃ | ᠵᠢᠷᠠ ᠲᠠᠢ ᠪᠦᠰᠡᠭᠦᠢ ᠶᠢᠨ ᠠᠮᠢ ᠠᠮᠢᠵᠢᠷᠠᠯ ᠵᠠᠭᠤ ᠬᠤᠷᠢᠨ ᠨᠠᠰᠤᠨ ᠦᠭᠡᠳᠡ ᠲᠡᠮᠡᠦᠯᠬᠦᠢ᠃ |