ᠨᠢᠭᠡ ᠳᠤ᠂ ᠠᠩᠬ᠎ᠠ ᠲᠥᠯᠯᠡᠬᠦ ᠬᠤᠨᠢᠨ ᠤ ᠬᠥᠩᠭᠡᠵᠢᠯᠲᠡ ᠶᠢᠨ ᠵᠠᠮ ᠢᠪᠴᠤᠤ ᠪᠠᠶᠢᠬᠤ ᠪᠠᠶᠢᠳᠠᠯ ᠳᠤ ᠴᠢᠭᠯᠡᠭᠦᠯᠦᠨ᠂ ᠮᠡᠷᠭᠡᠵᠢᠯ ᠤᠨ ᠠᠵᠢᠯᠲᠠᠨ ᠪᠠ | ᠬᠡᠷᠡᠭᠴᠡᠭᠡ ᠪᠦᠬᠦᠢ ᠡᠮ ᠤᠨ ᠪᠠᠭᠠᠵᠢ ᠬᠡᠷᠡᠭᠰᠡᠯ ᠢ ᠡᠷᠲᠡᠬᠡᠨ ᠪᠡᠯᠡᠳᠬᠡᠵᠦ᠂ ᠡᠯ᠎ᠡ ᠵᠦᠢᠯ ᠤᠨ ᠪᠡᠯᠡᠳᠬᠡᠯ ᠠᠵᠢᠯ ᠢ ᠰᠠᠶᠢᠲᠤᠷ ᠬᠢᠵᠦ᠂ ᠪᠡᠷᠬᠡ ᠬᠥᠩᠭᠡᠵᠢᠯᠲᠡ ᠭᠠᠷᠪᠠᠯ | ᠴᠠᠭ ᠲᠤᠬᠠᠢ ᠳᠤᠨᠢ ᠬᠥᠮᠥᠨ ᠤ ᠬᠦᠴᠦ ᠪᠠᠷ ᠲᠥᠯᠯᠡᠭᠦᠯᠵᠦ᠂ ᠡᠮ᠎ᠡ ᠬᠤᠨᠢ ᠪᠠ ᠬᠤᠷᠠᠭ᠎ᠠ ᠶᠢᠨ ᠠᠮᠤᠷ ᠲᠦᠪᠰᠢᠨ ᠢ ᠪᠠᠲᠤᠯᠠᠬᠤ ᠬᠡᠷᠡᠭᠲᠡᠢ᠃ | ᠬᠤᠶᠠᠷ ᠲᠤ᠂ ᠡᠮ᠎ᠡ ᠬᠤᠨᠢᠨ ᠤ ᠰᠦ ᠬᠦᠷᠦᠯᠴᠡᠬᠦ ᠦᠭᠡᠢ ᠪᠠᠶᠢᠳᠠᠯ ᠳᠤ ᠴᠢᠭᠯᠡᠭᠦᠯᠦᠨ᠂ ᠲᠥᠯᠯᠡᠬᠦ ᠠᠴᠠ ᠡᠮᠦᠨᠡᠬᠢ ᠬᠤᠭᠤᠴᠠᠭᠠᠨ ᠤ ᠠᠷᠠᠴᠢᠯᠠᠯᠲᠠ | ᠬᠠᠮᠢᠶᠠᠷᠤᠯᠲᠠ ᠶᠢ ᠴᠢᠩᠭᠠᠳᠬᠠᠬᠤ ᠠᠴᠠ ᠭᠠᠳᠠᠨ᠎ᠠ᠂ ᠬᠤᠷᠠᠭᠠᠨ ᠳᠤ ᠭᠦᠢᠴᠡᠳ ᠬᠡᠮᠵᠢᠶᠡᠨ ᠤ ᠰᠦ ︵ᠦᠵᠦᠮ ᠤᠨ ᠰᠢᠬᠢᠷ ᠤᠨ ᠲᠠᠯᠬ᠎ᠠ᠂ ᠦᠨᠢᠶᠡᠨ ᠰᠦ᠂ | ᠠᠰᠠᠷᠠᠭᠴᠢ︶ ᠪᠡᠯᠡᠳᠬᠡᠵᠦ᠂ ᠬᠤᠷᠠᠭᠠᠨ ᠤ ᠲᠣᠭᠲᠠᠭᠰᠠᠨ ᠴᠠᠭ ᠲᠠᠭᠠᠨ ᠤᠭᠤᠷᠠᠭ ᠰᠦ ᠢᠳᠡᠬᠦ ᠶᠢ ᠪᠠᠲᠤᠯᠠᠬᠤ ᠠᠴᠠ ᠭᠠᠳᠠᠨ᠎ᠠ᠂ ᠭᠦᠢᠴᠡᠳ ᠬᠡᠮᠵᠢᠶᠡᠨ ᠤ ᠰᠦ | ᠨᠥᠬᠦᠪᠦᠷᠢᠯᠡᠵᠦ᠂ ᠬᠤᠷᠠᠭᠠᠨ ᠤ ᠥᠰᠦᠯᠲᠡ ᠪᠤᠶᠢᠵᠢᠯᠲᠠ ᠶᠢᠨ ᠱᠠᠭᠠᠷᠳᠠᠯᠭ᠎ᠠ ᠶᠢ ᠪᠠᠲᠤᠯᠠᠨ᠎ᠠ᠃ | ᠭᠤᠷᠪᠠ ᠳᠤ᠂ ᠠᠩᠬ᠎ᠠ ᠲᠥᠯᠯᠡᠬᠦ ᠬᠤᠨᠢᠨ ᠤ ᠬᠤᠷᠠᠭ᠎ᠠ ᠪᠠᠨ ᠠᠪᠬᠤ ᠴᠢᠨᠠᠷ ᠨᠢ ᠨᠡᠶᠢᠳᠡᠮ ᠳᠡᠭᠡᠨ ᠠᠨᠠᠢ ᠪᠠᠶᠢᠬᠤ ᠪᠣᠳᠠᠲᠤ ᠪᠠᠶᠢᠳᠠᠯ ᠳᠤ ᠴᠢᠭᠯᠡᠭᠦᠯᠦᠨ᠂ | ᠬᠠᠮᠢᠶ᠎ᠠ ᠪᠦᠬᠦᠢ ᠲᠥᠬᠦᠭᠡᠷᠦᠮᠵᠢ ᠶᠢ ᠰᠠᠶᠢᠲᠤᠷ ᠲᠣᠬᠢᠷᠠᠭᠤᠯᠵᠤ᠂ ᠲᠤᠰᠬᠠᠢ ᠬᠦᠷᠢᠶ᠎ᠡ ᠬᠠᠰᠢᠶ᠎ᠠ ᠶᠢ ᠰᠠᠶᠢᠲᠤᠷ ᠪᠡᠯᠡᠳᠬᠡᠵᠦ᠂ ᠡᠮ᠎ᠡ ᠬᠤᠨᠢ ᠪᠠ ᠬᠤᠷᠠᠭ᠎ᠠ ᠶᠢᠨ ᠬᠠᠮᠲᠤ | ᠠᠮᠢᠳᠤᠷᠠᠬᠤ ᠳᠤ ᠲᠥᠬᠦᠮ ᠣᠷᠴᠢᠨ ᠲᠣᠭᠤᠷᠢᠨ ᠢ ᠪᠣᠶ ᠪᠣᠯᠭᠠᠵᠤ᠂ ᠡᠮ᠎ᠡ ᠬᠤᠨᠢᠨ ᠤ ᠬᠤᠷᠠᠭ᠎ᠠ ᠪᠠᠨ ᠠᠪᠬᠤ ᠪᠠᠶᠢᠳᠠᠯ ᠢ ᠬᠥᠭᠵᠢᠭᠡᠬᠦ ᠬᠡᠷᠡᠭᠲᠡᠢ᠃ ᠡᠭᠦᠨ ᠤ ᠬᠠᠮᠲᠤ | ᠡᠮ᠎ᠡ ᠬᠤᠨᠢ ᠶᠢ ᠠᠷᠠᠴᠢᠯᠠᠵᠤ ᠬᠠᠮᠢᠶᠠᠷᠬᠤ ᠲᠠᠯ᠎ᠠ ᠪᠠᠷ ᠣᠨᠴᠠᠭᠠᠶ ᠬᠠᠷᠠᠭᠠᠯᠵᠠᠯ ᠦᠵᠡᠭᠦᠯᠵᠦ᠂ ᠣᠨᠴᠠᠭᠠᠶᠢᠯᠠᠨ ᠡᠪᠡᠰᠦ ᠪᠣᠷᠳᠤᠭ᠎ᠠ ᠶᠢᠨ ᠲᠠᠯ᠎ᠠ ᠪᠠᠷ ᠤᠭᠤᠷᠠᠭᠲᠤ | ᠲᠡᠵᠢᠭᠡᠯ ᠪᠣᠷᠳᠤᠭ᠎ᠠ ᠪᠠ ᠰᠢᠭᠦᠰᠦᠯᠢᠭ ᠲᠡᠵᠢᠭᠡᠯ ᠪᠣᠷᠳᠤᠭ᠎ᠠ ᠶᠢ ᠵᠣᠬᠢᠴᠠᠭᠤᠯᠬᠤ ᠶᠢ ᠠᠩᠬᠠᠷᠴᠤ᠂ ᠡᠮ᠎ᠡ ᠬᠤᠨᠢᠨ ᠤ ᠰᠢᠮ᠎ᠡ ᠲᠡᠵᠢᠭᠡᠯ ᠤᠨ ᠬᠡᠷᠡᠭᠴᠡᠭᠡ ᠶᠢ ᠬᠠᠩᠭᠠᠬᠤ | ᠬᠡᠷᠡᠭᠲᠡᠢ᠃ |