ᠡᠬᠡ ᠣᠷᠣᠨ ᠢᠶᠠᠨ ᠪᠢ ᠡᠵᠢ ᠭᠡᠵᠦ ᠳᠠᠭᠤᠳᠠᠬᠤ ᠳᠤ
ᠨᠡᠶᠢᠲᠡᠯᠡᠭᠰᠡᠨ ᠴᠠᠭ᠄
2025/3/7
                        ᠡᠦ ᠵᠧᠩ ᠶᠤᠸᠠᠢ ᠡᠬᠡ ᠣᠷᠣᠨ ᠢᠶᠠᠨ ᠪᠢ ᠡᠵᠢ ᠭᠡᠵᠦ ᠳᠠᠭᠤᠳᠠᠬᠤ ᠳᠤᠤᠷᠭᠤᠵᠤ ᠮᠠᠨᠳᠤᠬᠤ ᠨᠠᠷᠠ ᠨᠢ ᠮᠠᠩᠨᠠᠢ ᠳᠡᠭᠡᠷ᠎ᠡ ᠮᠢᠨᠢ ᠦᠨᠣᠰᠳᠡᠭᠤᠷᠠᠨ ᠰᠢᠪᠠᠭᠤᠳ ᠨᠢ ᠵᠢᠷᠬᠢᠵᠦ ᠦᠷ ᠤᠨ ᠭᠡᠬᠡ ᠶᠢ ᠣᠭᠲᠤᠭᠠᠳᠣᠢ ᠶᠢᠨ ᠨᠡᠪᠴᠢᠰ ᠨᠢ ᠰᠠᠷᠪᠡᠯᠵᠡᠵᠤ ᠤᠶᠢᠳᠬᠠᠷ ᠭᠤᠨᠢᠭ ᠢ ᠮᠢᠨᠢ ᠦᠯᠳᠡᠳᠡᠭᠦᠦᠷᠰᠡᠵᠦ ᠢᠷᠡᠬᠦ ᠰᠠᠯᠬᠢᠨ ᠨᠢ ᠪᠡᠶ᠎ᠡ ᠶᠢ ᠮᠢᠨᠢ ᠡᠷᠬᠢᠴᠡᠭᠡᠳᠥᠷᠪᠡᠯᠭᠡ ᠶᠢ ᠮᠢᠨᠢ ᠢᠯᠢᠵᠦ ᠰᠠᠯᠵᠤ ᠶᠠᠳᠠᠨ ᠡᠭᠡᠨᠡᠭᠰᠢᠳᠡᠭᠦᠵᠡᠰᠭᠦᠯᠡᠩ ᠭᠤᠪᠢ ᠶᠢᠨ ᠬᠢᠨᠢ ᠦᠭᠡᠭᠦᠨ ᠴᠠᠭᠠᠨ ᠴᠢᠯᠠᠭᠤᠳᠡᠷᠢᠨ ᠤ ᠮᠢᠨᠢ ᠬᠥᠭᠵᠢᠯᠲᠡ ᠳᠤ ᠲᠣᠭᠳᠤᠯᠬᠤ ᠶᠢᠨ ᠡᠷᠡᠨ ᠳᠤ ᠬᠠᠩᠬᠤᠯᠵᠤ ᠳᠡᠯᠭᠡᠷᠡᠳᠡᠭᠡᠬᠡ ᠣᠷᠣᠨ ᠢᠶᠠᠨ ᠪᠢ ᠡᠵᠢ ᠭᠡᠵᠦ ᠳᠠᠭᠤᠳᠠᠬᠤ ᠳᠤᠲᠡᠮᠡᠦᠯᠵᠦ ᠱᠤᠤᠭᠢᠭᠰᠠᠨ ᠭᠤᠣᠯ ᠨᠢ ᠵᠢᠷᠦᠬᠡᠨ ᠰᠤᠳᠠᠰᠤ ᠪᠠᠷ ᠣᠷᠣᠰᠳᠠᠭᠲᠡᠷᠭᠡᠯ ᠮᠥᠩᠭᠦᠨ ᠰᠠᠷᠡ ᠨᠢ ᠲᠠᠷ᠎ᠡ ᠶᠢᠨ ᠬᠠᠵᠠᠬᠤ ᠳᠤ ᠲᠤᠶᠠᠭᠠᠷᠠᠭᠠᠳᠳᠤᠷᠠᠯᠠᠯ ᠬᠠᠶᠢᠷ᠎ᠠ ᠶᠢᠨ ᠦᠭᠡ ᠪᠠᠨ ᠰᠤᠨᠣᠷ ᠲᠤ ᠮᠢᠨᠢ ᠰᠢᠪᠠᠨᠠᠳᠡᠭᠳᠡᠯᠡᠭᠡᠢ ᠬᠠᠷᠠᠭᠰᠠᠨ ᠠᠭᠤᠯᠠᠰ ᠨᠢ ᠬᠦᠰᠡᠯ ᠢᠳᠡᠭᠡᠯ ᠢ ᠮᠢᠨᠢ ᠢᠷᠯᠡᠭᠡᠳᠲᠠᠯ᠎ᠠ ᠶᠢᠨ ᠰᠢᠷᠬᠡᠭ ᠡᠪᠡᠰᠦ ᠨᠢ ᠦᠨᠳᠦᠰᠤᠨ ᠠᠴᠠ ᠪᠠᠨ ᠥᠭᠬᠢᠶᠡᠮᠤᠷ ᠤᠷᠭᠤᠳᠠᠭᠲᠣᠪᠤ ᠲᠤᠯᠤᠭᠠᠳ ᠨᠢ ᠬᠠᠷᠠᠩᠭᠤᠢ ᠶᠢᠨ ᠭᠦᠨ ᠳᠤ ᠬᠡᠷᠡᠯᠳᠤᠵᠤ ᠰᠠᠴᠤᠷᠠᠭᠠᠳᠲᠣᠯᠤᠭᠠᠨ ᠪᠤᠷᠬᠠᠨ ᠤᠳᠤᠳ ᠲᠠᠢ ᠪᠠᠨ ᠰᠥᠨᠢᠵᠢᠨ ᠵᠣᠭᠤᠭᠳᠠᠵᠤ ᠬᠤᠨᠣᠳᠠᠭᠡᠬᠡ ᠣᠷᠣᠨ ᠢᠶᠠᠨ ᠪᠢ ᠡᠵᠢ ᠭᠡᠵᠦ ᠳᠠᠭᠤᠳᠠᠬᠤ ᠳᠤᠲᠡᠭᠷᠢ ᠨᠢ ᠬᠦᠷᠲᠡᠯ᠎ᠡ ᠴᠠᠭᠠᠨ᠎ᠠ ᠠᠴᠠ ᠪᠠᠨ ᠭᠦᠨ ᠴᠡᠩᠬᠡᠷᠯᠡᠵᠦ ᠡᠬᠢᠯᠡᠳᠡᠭᠲᠣᠩ ᠴᠠᠭᠠᠨ ᠮᠠᠩᠬ᠎ᠠ ᠨᠢ ᠮᠠᠩᠰᠢᠭᠤᠷᠠᠭᠰᠠᠨ ᠨᠣᠶᠢᠷ ᠠᠴᠠ ᠪᠠᠨ ᠰᠠᠷᠢᠵᠤᠳᠠᠪᠠᠯᠭᠠᠯᠠᠬᠤ ᠳᠠᠭᠠᠨ ᠲᠤᠩᠭᠠᠯᠠᠭᠰᠢᠬᠤ ᠳᠠᠯᠠᠢ ᠶᠢᠨ ᠰᠢᠷᠤᠩᠬᠠᠢ ᠳᠤ ᠤᠷᠮᠠᠰᠢᠳᠠᠭᠲᠣᠯᠢᠨ ᠴᠡᠩᠬᠡᠷ᠎ᠡ ᠨᠠᠭᠤᠷ ᠨᠢ ᠬᠤᠨ ᠤ ᠪᠠᠨ ᠨᠦᠷᠬᠢᠶᠠᠨ ᠳᠤ ᠴᠠᠯᠬᠢᠯᠡᠵᠤᠲᠠᠳᠠᠭᠤᠷᠠᠵᠤ ᠳᠠᠯᠡᠷᠡᠬᠦ ᠪᠠᠷ ᠢᠶᠠᠨ ᠤᠷᠤᠰᠢᠬᠤᠢ ᠶᠢᠨ ᠨᠢᠭᠤᠴᠠ ᠶᠢ ᠳᠠᠨᠢᠭᠤᠯᠳᠠᠭᠳᠡᠷᠡᠰᠦᠨ ᠲᠣᠲᠤᠷ᠎ᠠ ᠦᠨᠳᠡᠭᠡ ᠪᠠᠨ ᠳᠠᠷᠤᠭᠰᠠᠨ ᠬᠥᠭᠡᠷᠦᠭᠦᠨ ᠲᠣᠭᠤᠷᠤᠤᠲᠤᠩᠭᠠᠯᠠᠭ ᠤᠭᠲᠠᠷᠭᠤᠢ ᠪᠠᠨ ᠬᠠᠷᠠᠵᠤ ᠠᠮᠤᠷ ᠠᠮᠤᠭᠤᠯᠠᠩ ᠳᠤ ᠲᠠᠶᠢᠳᠬᠤᠷᠠᠳᠠᠭᠡᠬᠡ ᠣᠷᠣᠨ ᠢᠶᠠᠨ ᠪᠢ ᠡᠵᠢ ᠭᠡᠵᠦ ᠳᠠᠭᠤᠳᠠᠬᠤ ᠳᠤᠡᠭᠦᠯᠡ ᠬᠦᠩᠭᠭᠡᠷᠡᠲᠡᠯ᠎ᠡ ᠪᠤᠷᠤᠭᠠᠯᠠᠡᠵᠤ ᠠᠳᠤᠭᠤᠨ ᠰᠦᠷᠦᠭ ᠰᠢᠭ ᠨᠡᠭᠦᠳᠡᠭᠡᠭᠦᠳᠡᠨ ᠠᠴᠠ ᠡᠬᠢᠯᠡᠵᠦ ᠰᠠᠨᠰᠠᠷ ᠲᠡᠶᠢᠰᠢ ᠰᠤᠯᠤᠩᠭ᠎ᠠ ᠲᠠᠲᠠᠭᠠᠳᠥᠯᠵᠡᠢ ᠪᠡᠯᠭᠡ ᠶᠢᠨ ᠰᠤᠪᠢᠩ ᠵᠢᠷᠤᠭᠡᠨ ᠲᠤᠯᠲᠤ ᠳᠤ ᠮᠡᠳᠡᠷᠡᠭᠳᠡᠳᠡᠭᠦᠳᠤ ᠪᠠᠨ ᠰᠠᠯᠪᠢᠭ᠍ᠰᠡᠨ ᠪᠦᠷᠭᠦᠳ ᠠᠰᠬ᠎ᠠ ᠬᠠᠯᠢᠯ ᠠᠴᠠ ᠴᠣᠶᠢᠯᠠᠭᠠᠳᠡᠴᠢᠨ᠎ᠡ ᠬᠢᠵᠠᠭᠠᠷ ᠢ ᠵᠣᠷᠢᠵᠤ ᠡᠯᠢᠨ ᠬᠠᠯᠢᠨ ᠨᠢᠰᠳᠡᠭᠡᠬᠡ ᠣᠷᠣᠨ ᠢᠶᠠᠨ ᠪᠢ ᠡᠵᠢ ᠭᠡᠵᠦ ᠳᠠᠭᠤᠳᠠᠬᠤ ᠳᠤᠡᠷᠬᠢ ᠶᠢᠨ ᠴᠤᠤᠷᠢᠶ᠎ᠠ ᠬᠦᠩᠬᠢᠨᠡᠵᠦ ᠤᠰᠤᠨ ᠠᠴᠠ ᠪᠠᠨ ᠵᠢᠭᠠᠰᠤ ᠴᠤᠯᠬᠢᠳᠠᠭᠥᠨᠥᠴᠢᠨ ᠵᠡᠭᠡᠷ᠎ᠡ ᠬᠦᠳᠣᠯ ᠥᠭᠰᠦᠨ ᠨᠠᠭᠠᠰᠢ ᠪᠠᠨ ᠳᠡᠪᠬᠢᠵᠦᠤᠵᠠᠭᠤᠷ ᠬᠤᠶᠠᠷ ᠱᠠᠩᠰᠢ ᠶᠢ ᠦᠩᠭᠡᠷᠡᠭᠡᠳ ᠬᠠᠪᠤᠷ ᠪᠣᠯᠳᠠᠭᠡᠭᠦᠯᠡᠨ ᠴᠤᠬᠤᠷ ᠪᠤᠭᠤ ᠰᠢᠯᠢ ᠶᠢᠨ ᠲᠠᠨᠵᠢᠨ ᠳᠤ ᠤᠷᠣᠮᠳᠠᠵᠤᠢᠷᠡᠬᠦ ᠮᠠᠷᠭᠠᠰᠢ ᠶᠢᠨ ᠪᠠᠷ᠎ᠠ ᠬᠠᠷᠠᠭᠠᠨ ᠳᠣᠲᠣᠷ᠎ᠠ ᠡᠷᠬᠢᠯᠳᠤᠳᠡᠭᠡᠬᠡ ᠣᠷᠣᠨ ᠢᠶᠠᠨ ᠪᠢ ᠡᠵᠢ ᠭᠡᠵᠦ ᠳᠠᠭᠤᠳᠠᠬᠤ ᠳᠤᠡᠷᠪᠡᠢ ᠦᠷ᠎ᠡ ᠮᠢᠨᠢ ᠦᠭᠡᠳᠡ ᠠᠴᠠ ᠠᠮᠠ ᠠᠩᠭᠠᠯᠵᠡᠨ ᠮᠥᠰᠢᠶᠡᠳᠡᠭ ᠡ ᠁
ᠢᠷᠡᠯᠲᠡ᠄ ᠦᠪᠦᠷ ᠮᠣᠩᠭᠤᠯ ᠤᠨ ᠡᠳᠦᠷ ᠤᠨ ᠰᠣᠨᠢᠨ