ᠵᠣᠬᠢᠶᠠᠭᠴᠢ ᠬᠠᠰᠯᠤᠤ | | ᠵᠢᠷᠠᠨ ᠨᠠᠰᠣ ᠶᠢ ᠲᠠᠪᠠᠵᠦ ᠵᠠᠵᠢᠨ ᠦᠰᠦ ᠨᠢ ᠪᠤᠭᠤᠷᠦᠯᠳᠣᠭᠰᠠᠨ ᠠᠪᠤ ᠡᠵᠢ ᠪᠠᠨ ᠡᠷᠳᠡ ᠨᠢᠭᠡ ᠡᠳᠣᠷ ᠬᠦᠨᠳᠣ ᠠᠵᠢᠯ ᠠᠴᠠ ᠨᠢ ᠴᠢᠯᠦᠭᠡᠯᠡᠵᠦ᠂ ᠪᠡᠶ᠎ᠡ ᠠᠮᠣᠷ | ᠠᠮᠢᠳᠣᠷᠠᠭᠤᠯᠣᠶᠠ ᠭᠡᠵᠦ ᠪᠤᠳᠣᠨ᠂ ᠡᠭᠡᠴᠢ ᠳᠡᠭᠦᠦ ᠪᠢᠳᠡ ᠬᠡᠲᠥᠬᠦᠯᠡ ᠪᠠᠨ ᠪᠠᠯᠭᠠᠰᠣᠨ ᠳᠤ ᠠᠰᠠᠷ ᠠᠪᠴᠣ ᠨᠡᠭᠦᠯᠭᠡᠬᠦ ᠪᠠᠷ ᠰᠢᠢᠳᠪᠡ᠃ ᠠᠪᠤ ᠡᠵᠢ ᠮᠢᠨᠢ ᠬᠡᠳᠦ᠋ᠪᠡᠷ | ᠬᠦᠳᠡᠭᠡ ᠭᠡᠷ ᠤᠨ ᠠᠮᠢᠳᠣᠷᠠᠯ ᠠᠴᠠ ᠪᠠᠨ ᠰᠠᠯᠵᠣ ᠲᠦᠪᠳᠡᠬᠦ ᠦᠭᠡᠢ ᠪᠤᠯᠪᠠᠴᠣ ᠮᠠᠨᠤᠰ ᠡᠭᠡᠯᠵᠢᠯᠡᠨ ᠢᠳᠬᠠᠭᠠᠳ ᠪᠠᠶᠢᠬᠤᠯᠠᠷ ᠠᠷᠭ᠎ᠠ ᠪᠤᠰᠣ ᠲᠣᠯᠣᠭᠠᠢ ᠳᠣᠬᠢᠭᠰᠠᠨ | ᠪᠢᠯᠡ᠃ ᠨᠠᠰᠣ ᠪᠠᠷ ᠢᠶᠠᠨ ᠬᠦᠳᠡᠭᠡ ᠳᠡᠭᠡᠨ ᠠᠮᠢᠳᠣᠷᠠᠵᠣ ᠳᠠᠰᠣᠭᠰᠠᠨ ᠬᠦᠮᠦᠨ ᠭᠡᠨᠡᠳᠳᠡ ᠬᠤᠳᠠ ᠭᠠᠵᠠᠷ ᠠᠮᠢᠳᠣᠷᠠᠨ᠎ᠠ ᠭᠡᠬᠦ ᠪᠠᠷ ᠰᠡᠳᠭᠢᠯ ᠲᠣᠭᠳᠠᠪᠤᠷᠢ ᠦᠭᠡᠢ | ᠪᠠᠶᠢᠭᠰᠠᠨ ᠨᠢ ᠣᠶᠢᠯᠠᠭᠠᠮᠵᠢᠳᠠᠢ ᠶᠣᠮ᠃ | ᠡᠵᠢ ᠮᠢᠨᠢ ᠨᠡᠬᠦᠵᠣ ᠪᠠᠭᠤᠬᠤ ᠳᠠᠭᠠᠨ ᠬᠦᠳᠡᠭᠡ ᠳᠡᠭᠡᠨ ᠬᠡᠷᠡᠭᠯᠡᠵᠦ ᠪᠠᠶᠢᠭᠰᠠᠨ ᠵᠦᠢᠯ ᠢᠶᠠᠨ ᠬᠠᠶᠠᠵᠣ ᠲᠦᠪᠳᠡᠬᠦ ᠦᠭᠡᠢ ᠪᠠᠶᠢᠭᠰᠠᠨ ᠴᠣ᠂ ᠪᠠᠭᠤᠵᠣ ᠰᠠᠭᠤᠬᠤ | ᠵᠠᠮ ᠬᠤᠯᠠ᠂ ᠲᠡᠷᠭᠡ ᠣᠨᠤᠭ᠎ᠠ ᠪᠠᠭᠳᠠᠬᠤ ᠦᠭᠡᠢ ᠶᠢᠨ ᠳᠡᠭᠡᠷ᠎ᠡ ᠠᠰᠠᠷ ᠲᠤ ᠭᠠᠷᠪᠠᠯ ᠰᠢᠨ᠎ᠡ ᠬᠡᠷᠡᠭᠰᠡᠯ ᠠᠪᠬᠤ ᠪᠤᠯᠬᠤᠷ ᠲᠦᠷᠦᠯ ᠰᠠᠳᠣᠨ ᠣᠶᠢᠷ᠎ᠠ | ᠵᠡᠷᠭᠡᠯᠡᠳᠡᠭᠡ ᠶᠢᠨ ᠬᠢᠨ ᠳᠤ ᠦᠭᠭᠦ ᠨᠢ ᠦᠭᠴᠦ ᠬᠠᠶᠠᠬᠤ ᠶᠢ ᠨᠢ ᠬᠠᠶᠠᠭᠠᠳ ᠬᠡᠳᠣᠨ ᠭᠠᠩ ᠰᠠᠪᠠ ᠪᠠᠨ ᠬᠡᠨ ᠳᠤ ᠴᠦ ᠦᠭᠭᠦᠭᠰᠡᠨ ᠦᠭᠡᠢ᠃ ᠠᠰᠠᠷ ᠲᠤ ᠭᠠᠷᠪᠠᠯ | ᠭᠠᠩ ᠰᠠᠪᠠ ᠲᠠᠯᠪᠢᠬᠤ ᠭᠠᠵᠠᠷ ᠦᠭᠡᠢ ᠪᠦᠭᠡᠳ ᠭᠡᠷ ᠤᠨ ᠳᠣᠯᠠᠭᠠᠨ ᠤ ᠬᠡᠮᠵᠢᠶ᠎ᠡ ᠦᠨᠳᠣᠷ ᠪᠤᠯᠬᠤᠷ ᠳᠠᠪᠤᠰᠣᠯᠠᠭᠰᠠᠨ ᠨᠣᠭᠤᠭ᠎ᠠ ᠳᠠᠷᠣᠬᠤ ᠳᠤ ᠲᠣᠬᠢᠷᠠᠮᠵᠢ ᠦᠭᠡᠢ᠂ | ᠪᠦᠷ ᠸᠠᠯᠠᠵᠤ ᠡᠪᠳᠡᠷᠡᠴᠢᠬᠡᠨᠡ ᠭᠡᠬᠦ ᠶᠢ ᠰᠣᠨᠣᠰᠬᠤ ᠶᠣᠮ ᠪᠢᠰᠢ᠃ ᠳᠠᠪᠤᠰᠣᠯᠠᠭᠰᠠᠨ ᠨᠣᠭᠤᠭ᠎ᠠ ᠠᠴᠠ ᠪᠠᠨ ᠨᠢᠭᠡ ᠴᠦ ᠡᠳᠣᠷ ᠰᠠᠯᠵᠣ ᠴᠢᠳᠠᠬᠤ ᠦᠭᠡᠢ ᠡᠵᠢ ᠮᠢᠨᠢ | ᠠᠪᠳᠠᠷ᠎ᠠ ᠳᠣᠣᠷ᠎ᠠ ᠪᠠᠨ ᠳᠠᠷᠣᠵᠣ ᠬᠠᠳᠠᠭᠠᠯᠠᠵᠤ ᠪᠠᠶᠢᠭ᠎ᠠ ᠣᠷᠬᠤᠳᠠᠢ ᠮᠡᠳᠣ ᠬᠡᠳᠣᠨ ᠭᠠᠩ ᠰᠠᠪᠠ ᠪᠠᠨ ᠠᠪᠤᠭᠠᠳ ᠢᠷᠡᠵᠡᠢ᠃ | ᠡᠨᠡ ᠭᠠᠩ ᠰᠠᠪᠠ ᠳᠤ ᠡᠵᠢ ᠮᠢᠨᠢ ᠵᠢᠯ ᠪᠦᠷᠢ ᠨᠣᠭᠤᠭ᠎ᠠ ᠳᠠᠷᠣᠵᠣ᠂ ᠪᠢᠳᠡᠨ ᠳᠤ ᠠᠮᠳᠠᠳᠣ ᠵᠠᠭᠤᠰᠢ ᠪᠡᠯᠡᠳᠭᠡᠨ ᠦᠭᠴᠦ ᠪᠠᠶᠢᠭᠰᠠᠨ ᠢ ᠰᠠᠶᠢᠨ ᠮᠡᠳᠡᠨ᠎ᠡ᠃ | ᠮᠡᠳᠡᠭᠡ ᠣᠷᠣᠭᠰᠠᠨ ᠠᠴᠠ ᠯᠡ ᠠᠪᠤᠭᠠᠳ ᠬᠡᠯᠡ ᠳᠤ ᠰᠢᠩᠭᠡᠭᠰᠡᠨ ᠳᠠᠪᠤᠰᠣᠯᠠᠭᠰᠠᠨ ᠨᠣᠭᠤᠭ᠎ᠠ ᠶᠢᠨ ᠦᠨᠦᠷ ᠠᠮᠳᠠ ᠬᠡᠵᠢᠶ᠎ᠡ ᠬᠠᠮᠢᠭ᠎ᠠ ᠶᠠᠪᠤᠭᠰᠠᠨ ᠴᠦ ᠮᠠᠷᠳᠠᠭᠳᠠᠬᠤ | ᠦᠭᠡᠢ᠃ ᠪᠢᠴᠢᠭ ᠰᠣᠶᠣᠯ ᠤᠨ ᠮᠦᠷ ᠬᠦᠬᠡᠬᠡᠵᠣ ᠨᠣᠳᠤᠭ ᠠᠴᠠ ᠪᠠᠨ ᠬᠤᠯᠠ ᠶᠠᠪᠤᠭᠰᠠᠨ ᠪᠠ ᠰᠣᠷᠪᠤᠯᠵᠢᠯᠠᠭ᠎ᠠ ᠶᠢᠨ ᠠᠵᠢᠯ ᠢᠶᠠᠷ ᠣᠯᠠᠨ ᠭᠠᠵᠠᠷ ᠲᠤ ᠬᠦᠷᠴᠦ | ᠡᠯᠳᠡᠪ ᠵᠦᠢᠯ ᠤᠨ ᠠᠮᠳᠠᠳᠠᠢ ᠨᠣᠭᠤᠭ᠎ᠠ ᠶᠢ ᠠᠮᠳᠠᠯᠠᠵᠣ ᠦᠵᠡᠭᠰᠡᠨ ᠪᠤᠯᠪᠠᠴᠣ ᠠᠯᠢ ᠨᠢ ᠴᠦ ᠭᠡᠰᠡᠨ ᠡᠵᠢ ᠶᠢᠨ ᠮᠢᠨᠢ ᠳᠠᠪᠤᠰᠣᠯᠠᠭᠰᠠᠨ ᠨᠣᠭᠤᠭ᠎ᠠ ᠶᠢᠨ ᠠᠮᠳᠠ ᠶᠢ | ᠬᠦᠷᠬᠦ ᠦᠭᠡᠢ᠃ ᠬᠠᠮᠢᠭ᠎ᠠ ᠣᠴᠢᠭᠠᠳ ᠶᠠᠭᠤ ᠢᠳᠡᠭᠰᠡᠨ ᠴᠦ᠂ ᠬᠤᠶᠠᠷ ᠬᠤᠨᠣᠬᠤ ᠦᠭᠡᠢ ᠳᠠᠪᠤᠰᠣᠯᠠᠭᠰᠠᠨ ᠨᠣᠭᠤᠭ᠎ᠠ ᠪᠠᠨ ᠰᠠᠨᠠᠴᠢᠬᠠᠳᠠᠭ ᠪᠦᠭᠡᠳ ᠨᠢᠭᠡ | ᠡᠷᠢᠨ ᠳᠤ ᠳᠠᠪᠣᠰᠣᠯᠠᠭᠰᠠᠨ ᠨᠣᠭᠤᠭ᠎ᠠ ᠳᠣᠳᠠᠭᠰᠠᠨ ᠪᠠᠶᠢᠪᠠᠯ᠂ ᠬᠤᠭᠤᠯᠠᠨ ᠤ ᠠᠮᠳᠠ ᠰᠢᠮᠳᠠ ᠨᠢ ᠠᠯᠳᠠᠷᠠᠭᠠᠳ ᠪᠠᠶᠢᠳᠠᠭ᠃ | ᠬᠡᠳᠣᠨ ᠵᠢᠯ ᠤᠨ ᠡᠮᠦᠨ᠎ᠡ ᠪᠢ ᠣᠯᠣᠰ ᠤᠨ ᠰᠣᠷᠭᠠᠨ ᠬᠦᠮᠦᠵᠢᠯ ᠤᠨ ᠶᠠᠮᠣᠨ ᠤ ᠲᠣᠮᠢᠯᠠᠯᠳᠠ ᠪᠠᠷ ᠶᠠᠫᠣᠨ ᠣᠯᠣᠰ ᠲᠤ ᠬᠦᠷᠴᠣ ᠰᠣᠷᠣᠯᠴᠠᠭᠰᠠᠨ ᠪᠢᠯᠡ᠃ | ᠠᠩᠬ᠎ᠠ ᠣᠴᠢᠬᠤ ᠳᠤ ᠶᠠᠫᠣᠨ ᠤ ᠠᠯᠢᠪᠠ ᠪᠦᠬᠦᠨ ᠰᠣᠨᠢᠨ ᠰᠠᠶᠢᠬᠠᠨ ᠰᠠᠨᠠᠭᠳᠠᠵᠣ ᠪᠠᠶᠢᠭᠰᠠᠨ ᠪᠤᠯᠪᠠᠴᠤ ᠶᠠᠫᠦᠨ ᠬᠤᠭᠤᠯᠠᠨ ᠳᠤ ᠠᠷᠠᠢ ᠳᠠᠰᠴᠣ ᠦᠭᠭᠦ ᠦᠭᠡᠢ | ᠪᠠᠶᠢᠯ᠎ᠠ᠃ ᠲᠦᠭᠦᠬᠡᠢ ᠵᠢᠭᠠᠰᠣ ᠢᠳᠡᠬᠦ ᠳᠤ ᠳᠠᠪᠤᠰᠣᠯᠠᠭᠰᠠᠨ ᠨᠣᠭᠤᠭ᠎ᠠ ᠨᠡᠩ ᠢᠯᠡᠬᠦᠦ ᠡᠷᠢᠭᠳᠡᠨ᠎ᠡ᠃ ᠠᠲᠡ ᠳᠠᠪᠤᠰᠣᠯᠠᠭᠰᠠᠨ ᠨᠣᠭᠤᠭ᠎ᠠ ᠪᠠᠶᠢᠳᠠᠭ ᠴᠦ ᠦᠨᠦᠷ | ᠠᠮᠳᠠ ᠳᠤᠨᠢ ᠪᠢ ᠳᠠᠰᠬᠤ ᠦᠭᠡᠢ᠂ ᠴᠠᠭ ᠦᠷᠬᠦᠯᠵᠢ ᠡᠵᠢ ᠶᠢᠨ ᠳᠠᠪᠤᠰᠣᠯᠠᠭᠰᠠᠨ ᠨᠣᠭᠤᠭ᠎ᠠ ᠳᠣᠷᠠᠰᠣᠭᠳᠠᠳᠠᠭ ᠪᠠᠶᠢᠯ᠎ᠠ᠃ ᠨᠢᠭᠡ ᠡᠳᠣᠷ ᠳᠠᠪᠤᠰᠣᠯᠠᠭᠰᠠᠨ | ᠨᠣᠭᠤᠭ᠎ᠠ ᠪᠠᠨ ᠢᠳᠡᠶ᠎ᠡ ᠭᠡᠵᠣ ᠰᠠᠨᠠᠭᠠᠳ ᠲᠡᠰᠭᠦ ᠪᠠᠨ ᠪᠤᠯᠢᠬᠤ ᠳᠠᠭᠠᠨ ᠠᠷᠭ᠎ᠠ ᠦᠭᠡᠢ ᠰᠦᠯᠢᠶᠣᠣ ᠰᠠᠭᠤᠯᠠᠭ᠎ᠠ ᠬᠤᠳᠠᠯᠳᠣᠨ ᠠᠪᠴᠢᠷᠠᠭᠠᠳ᠂ ᠲᠣᠰᠬᠠᠶᠢᠯᠠᠨ | ᠡᠵᠢ ᠳᠡᠭᠡᠨ ᠣᠳᠠᠰᠣᠳᠠᠵᠣ᠂ ᠲᠠᠪᠤᠰᠤᠯᠠᠭᠰᠠᠨ ᠨᠣᠭᠤᠭ᠎ᠠ ᠶᠠᠭᠠᠬᠢᠵᠤ ᠳᠠᠷᠣᠬᠤ ᠲᠣᠬᠠᠢ ᠠᠰᠠᠭᠤᠪᠠ᠃ ᠡᠵᠢ ᠶᠢᠨ ᠢᠶᠠᠨ ᠵᠢᠭᠠᠭᠰᠠᠨ ᠢᠶᠠᠷ ᠴᠠᠭᠠᠨ ᠨᠣᠭᠤᠭ᠎ᠠ᠂ | ᠬᠤᠯᠣᠣᠪᠠᠩ ᠢ ᠯᠠᠵᠣᠣ ᠲᠠᠢ ᠬᠡᠷᠴᠢᠵᠣ ᠳᠠᠪᠤᠰᠣᠯᠠᠨ ᠪᠠᠶᠢᠷᠢ ᠶᠢᠨ ᠢᠶᠠᠨ ᠨᠠᠷᠠᠪᠴᠢᠨ ᠳᠤ ᠳᠠᠷᠣᠵᠣ ᠲᠠᠯᠪᠢᠭᠠᠳ᠂ ᠡᠳᠣᠷ ᠲᠣᠭᠠᠯᠠᠨ ᠬᠦᠯᠢᠶᠡᠵᠣ ᠰᠠᠭᠤᠯ᠎ᠠ᠂ | ᠠᠷᠪᠠᠭᠠᠳ ᠡᠳᠣᠷ ᠤᠨ ᠳᠠᠷᠠᠭ᠎ᠠ ᠠᠮᠳᠠᠯᠠᠵᠤ ᠦᠵᠡᠭᠰᠡᠨ ᠴᠢᠨᠢ ᠡᠵᠢ ᠶᠢᠨ ᠳᠠᠪᠤᠰᠣᠯᠠᠭᠰᠠᠨ ᠨᠣᠭᠤᠭ᠎ᠠ ᠶᠢᠨ ᠦᠨᠦᠷ ᠠᠮᠳᠠ ᠮᠡᠷ ᠰᠡᠷ ᠠᠮᠳᠠᠯᠠᠭᠳᠠᠯᠠ᠃ | ᠪᠠᠶᠠᠷᠯᠠᠭᠰᠠᠨ ᠢ ᠬᠡᠯᠡᠬᠦ ᠦᠦ ᠳ᠋ᠠ᠃ ᠲᠡᠭᠦᠨ ᠠᠴᠠ ᠬᠤᠶᠢᠰᠢ ᠬᠡᠳᠣ ᠬᠤᠨᠣᠬᠤ ᠦᠭᠡᠢ ᠨᠢᠭᠡ ᠲᠣᠯᠣᠭᠠᠢ ᠴᠠᠭᠠᠨ ᠨᠣᠭᠤᠭ᠎ᠠ ᠬᠤᠳᠠᠯᠳᠣᠵᠣ ᠠᠪᠴᠢᠷᠠᠭᠠᠳ ᠳᠠᠷᠣᠳᠠᠭ | ᠪᠤᠯᠤᠭᠰᠠᠨ ᠪᠦᠭᠡᠳ ᠲᠡᠬᠦᠨ ᠤ ᠠᠴᠢ ᠪᠠᠷ ᠬᠤᠶᠠᠷ ᠰᠠᠷ᠎ᠠ ᠶᠢ ᠠᠮᠳᠠ ᠰᠢᠮᠳᠠ ᠲᠠᠢ ᠦᠩᠭᠡᠷᠡᠭᠦᠯᠵᠦ ᠪᠢᠯᠡ᠃ | ᠪᠠᠭ᠎ᠠ ᠪᠠᠶᠢᠬᠤ ᠳᠤ ᠨᠠᠮᠣᠷ ᠤᠨ ᠰᠡᠬᠦᠯᠴᠢ ᠪᠠᠷ ᠨᠣᠭᠤᠭ᠎ᠠ ᠳᠠᠪᠤᠰᠣᠯᠠᠬᠤ ᠴᠠᠭ ᠪᠤᠯᠬᠤ ᠶᠢ ᠪᠢ ᠬᠠᠮᠤᠭ ᠠᠴᠠ ᠬᠦᠰᠡᠨ ᠬᠦᠯᠢᠶᠡᠳᠡᠭ᠃ ᠪᠠᠷᠤᠭ ᠯᠡ | ᠢᠴᠡᠭᠡᠨ ᠤ ᠠᠮᠢᠳᠠᠨ ᠵᠢᠯ ᠤᠨ ᠬᠦᠨᠡᠰᠣ ᠪᠠᠨ ᠨᠦᠭᠡᠴᠡᠯᠡᠵᠤ ᠪᠠᠶᠢᠮᠠᠷ ᠡᠵᠢ ᠮᠢᠨᠢ ᠬᠠᠰᠢᠶᠠᠨ ᠳᠠᠭᠠᠨ ᠲᠠᠷᠢᠬᠰᠠᠨ᠂ ᠲᠠᠷᠢᠶᠠᠨ ᠡᠮ᠂ ᠬᠢᠮᠢ ᠶᠢᠨ ᠪᠤᠷᠳᠣᠭᠤᠷ ᠭᠡᠵᠣ | ᠬᠢᠳᠡᠭ ᠦᠭᠡᠢ ᠴᠠᠭᠠᠨ ᠨᠣᠭᠤᠭ᠎ᠠ᠂ ᠰᠣᠩᠬᠢᠨ᠎ᠠ᠂ ᠬᠠᠰᠢ᠂ ᠬᠤᠯᠣᠣᠪᠠᠩ᠂ ᠮᠠᠨᠵᠢᠨ ᠭᠡᠬᠦ ᠮᠡᠳᠦᠴᠢᠯᠡᠨ ᠶᠠᠩᠵᠣ ᠶᠠᠩᠵᠣ ᠶᠢᠨ ᠨᠣᠭᠤᠭ᠎ᠠ ᠳᠠᠷᠣᠳᠠᠭ᠃ ᠡᠵᠢ ᠪᠠᠨ | ᠬᠠᠮᠵᠢᠵᠦ ᠨᠣᠭᠤᠭ᠎ᠠ ᠲᠡᠭᠦᠭᠦ᠂ ᠣᠬᠢᠶᠠᠬᠤ ᠵᠡᠷᠭᠡ ᠠᠵᠢᠯ ᠢ ᠨᠢ ᠬᠢᠵᠦ ᠦᠭᠴᠦ ᠪᠠᠶᠢᠮᠠᠨ ᠠᠵᠢᠯ ᠳᠤ ᠣᠷᠣᠭᠰᠠᠨ ᠪᠢ ᠲᠡᠷᠡ ᠦᠶ᠎ᠡ ᠳᠤ ᠡᠵᠢ ᠠᠪᠤ ᠳᠠᠭᠠᠨ | ᠬᠡᠴᠢᠨᠡᠬᠡᠨ ᠶᠡᠭᠡ ᠲᠣᠰᠠ ᠪᠤᠯᠤᠭᠰᠨᠨ ᠮᠡᠳᠣ ᠰᠠᠨᠠᠭᠳᠠᠵᠣ ᠪᠠᠶᠢᠭᠰᠠᠨ ᠳ᠋ᠠ ᠬᠦᠬᠡᠷᠦᠬᠦᠢ᠃ ᠨᠠᠮᠣᠷ ᠴᠠᠭ ᠰᠢᠨ᠎ᠡ ᠲᠠᠷᠣᠭᠰᠠᠨ ᠳᠠᠪᠤᠰᠣᠯᠠᠭᠰᠠᠨ ᠨᠣᠭᠤᠭ᠎ᠠ ᠣᠯᠵᠣ | ᠢᠳᠡᠭᠦ ᠨᠢ ᠨᠢᠬᠡ ᠵᠢᠯ ᠤᠨ ᠬᠠᠮᠤᠭ ᠤᠨ ᠵᠢᠷᠭᠠᠯ ᠲᠠᠢ ᠮᠦᠴᠠ ᠪᠠᠶᠢᠯ᠎ᠠ᠃ ᠨᠠᠮᠣᠷ ᠤᠨ ᠬᠤᠷᠢᠶᠠᠯᠳᠠ ᠶᠢᠨ ᠶᠠᠭᠠᠷᠠᠯᠳᠠᠢ ᠣᠯᠠᠷᠢᠯ ᠳᠤ᠂ ᠠᠪᠤ ᠮᠢᠨᠢ ᠨᠢᠬᠡ ᠡᠳᠣᠷ ᠤᠨ | ᠠᠵᠢᠯ ᠢᠶᠠᠨ ᠬᠢᠵᠦ ᠪᠠᠷᠠᠭᠠᠳ ᠦᠳᠡᠰᠢ ᠨᠢ ᠰᠢᠷᠡᠭᠡ ᠳᠦᠭᠦᠷᠳᠡᠯ᠎ᠡ ᠳᠠᠪᠤᠰᠣᠯᠠᠭᠰᠠᠨ ᠨᠣᠭᠤᠭ᠎ᠠ ᠦᠷᠦᠵᠦ ᠲᠠᠯᠪᠢᠭᠠᠳ᠂ ᠴᠡᠷ ᠴᠡᠷ ᠬᠢᠳᠠᠯᠠ ᠵᠠᠵᠢᠯᠣᠨ᠂ ᠬᠤᠶᠠᠷ | ᠬᠤᠨᠳᠠᠭ᠎ᠠ ᠠᠷᠢᠬᠢ ᠪᠠᠨ ᠪᠠᠯᠭᠤᠬᠤ ᠨᠢ ᠰᠢᠯᠦᠰᠣ ᠬᠤᠷᠠᠮᠠᠷ ᠠᠮᠳᠠᠳᠠᠢ ᠰᠠᠨᠠᠭᠳᠠᠭᠤᠯᠳᠠᠭ᠃ ᠠᠪᠤ ᠮᠢᠨᠢ ᠲᠡᠭᠡᠵᠣ ᠨᠢᠭᠡ ᠡᠳᠣᠷ ᠤᠨ ᠶᠠᠳᠠᠷᠠᠭ᠎ᠠ ᠴᠢᠯᠡᠭᠡ ᠪᠠᠨ ᠲᠠᠶᠢᠯᠵᠣ | ᠪᠠᠶᠢᠭᠰᠠᠨ ᠪᠠᠶᠢᠯᠭᠦᠢ᠃ | ᠣᠶᠢᠷ᠎ᠠ ᠶᠢᠨ ᠬᠡᠳᠣᠨ ᠵᠢᠯ᠂ ᠴᠢᠰᠣᠨ ᠳᠠᠷᠣᠯᠳᠠ ᠦᠨᠳᠣᠷ ᠡᠪᠡᠳᠴᠢᠳᠠᠨ ᠳᠤ ᠨᠡᠷᠪᠡᠭᠳᠡᠬᠦ ᠠᠴᠠ ᠪᠤᠯᠭᠤᠮᠵᠢᠯᠠᠨ ᠠᠪᠤ ᠡᠵᠢ ᠶᠢ ᠳᠠᠪᠤᠰᠣᠯᠠᠭᠰᠠᠨ ᠨᠣᠭᠤᠭ᠎ᠠ | ᠳᠣᠳᠠᠭᠤ ᠢᠳᠡᠭᠡᠷᠡᠢ ᠭᠡᠵᠣ ᠤᠯᠠᠨᠳᠠ ᠢᠳᠬᠠᠵᠣ ᠬᠡᠯᠡᠭᠰᠡᠨ ᠴᠦ᠂ ᠲᠡᠳᠡ ᠢᠳᠡᠳᠡᠭ ᠢᠶᠠᠷ ᠢᠶᠠᠨ ᠢᠳᠡᠵᠦ ᠯᠡ ᠪᠠᠶᠢᠨ᠎ᠠ᠃ ᠨᠠᠰᠣ ᠪᠠᠷ ᠢᠶᠠᠨ ᠢᠳᠡᠭᠡᠳ | ᠳᠠᠰᠴᠢᠬᠠᠭᠰᠠᠨ ᠬᠦᠮᠦᠨ ᠨᠢᠭᠡ ᠯᠡ ᠳᠣᠣᠷ᠎ᠠ ᠢᠳᠡᠬᠦ ᠪᠠᠨ ᠶᠠᠭᠠᠬᠢᠵᠣ ᠵᠣᠭᠰᠣᠵᠣ ᠳᠡᠶᠢᠯᠦᠨ᠎ᠡ ᠳ᠋ᠠ᠃ ᠲᠣᠭᠠᠯᠠᠭᠠᠳ ᠲᠠᠯᠪᠢᠭᠰᠠᠨ ᠨᠠᠰᠣ᠂ ᠮᠦᠩᠬᠡᠷᠡᠬᠦ ᠶᠣᠮ ᠪᠢᠰᠢ᠂ | ᠮᠠᠨ ᠤ ᠨᠤᠲᠤᠭ ᠤᠨ ᠬᠢ ᠪᠦᠷ ᠳᠠᠪᠤᠰᠣ ᠶᠡᠭᠡ ᠢᠳᠡᠳᠡᠭ᠂ ᠲᠡᠭᠡᠯ᠎ᠡ ᠭᠡᠳ ᠪᠦᠷ ᠦᠨᠳᠣᠷ ᠨᠠᠰᠣᠯᠠᠵᠣ ᠪᠠᠶᠢᠬᠤ ᠦᠭᠡᠢ ᠦᠦ ᠭᠡᠬᠦ ᠶᠣᠮ᠃ | ᠬᠡᠯᠡᠪᠡᠯ ᠪᠠᠰᠠ ᠰᠣᠨᠢᠨ᠂ ᠮᠠᠨ ᠤ ᠨᠣᠳᠤᠭ ᠤᠨ ᠬᠦᠮᠦᠨ ᠠᠷᠠᠳ ᠪᠦᠷ ᠣᠷᠳᠣ ᠨᠠᠰᠣᠯᠠᠳᠠᠭ᠃ ᠬᠠᠷ᠎ᠠ ᠪᠤᠷᠣ ᠠᠵᠢᠯ ᠬᠢᠵᠦ ᠶᠡᠭᠡ ᠵᠦᠳᠡᠷᠡᠳᠡᠭ ᠠᠪᠠᠴᠣ᠂ | ᠬᠠᠷ᠎ᠠ ᠰᠢᠷᠣᠢ ᠳᠤ ᠣᠷᠭᠤᠭᠰᠠᠨ ᠪᠤᠳᠠᠭ᠎ᠠ ᠪᠠᠨ ᠢᠳᠡᠵᠣ᠂ ᠬᠤᠣᠯᠢᠨ ᠭᠤᠣᠯ ᠤᠨ ᠷᠠᠰᠢᠶᠠᠨ ᠮᠡᠳᠣ ᠤᠰᠣ ᠶᠢ ᠣᠣᠭᠤᠵᠣ ᠪᠠᠶᠢᠳᠠᠭ ᠠᠴᠠ ᠪᠤᠯᠪᠠ ᠦᠦ ᠪᠤᠤ ᠮᠡᠳᠡ᠂ | ᠡᠶᠢᠮᠦ ᠲᠡᠶᠢᠮᠦ ᠡᠪᠡᠳᠴᠢᠨ ᠳᠤ ᠨᠡᠷᠪᠡᠭᠳᠡᠬᠦ ᠬᠦᠮᠦᠨ ᠲᠣᠩ ᠴᠦᠬᠡᠨ᠃ ᠪᠤᠰᠣᠳ ᠭᠠᠵᠠᠷ ᠤᠨ ᠬᠦᠮᠦᠨ ᠮᠠᠨ ᠤ ᠲᠡᠨᠳᠡ ᠣᠴᠢᠭᠰᠠᠭᠠᠷ ᠯᠡ ᠢᠳᠡᠬᠦ ᠳᠠᠪᠤᠰᠣᠨ ᠤ | ᠬᠢᠨᠢ ᠶᠡᠭᠡ ᠳᠤ ᠳᠠᠳᠬᠤ ᠦᠭᠡᠢ᠂ ᠣᠨᠴᠠᠭᠠᠶᠢᠯᠠᠨ ᠠᠶᠠᠭ᠎ᠠ ᠫᠢᠯᠠ ᠪᠠᠷ ᠲᠦᠭᠦᠷᠳᠡᠯ᠎ᠡ ᠳᠠᠪᠤᠰᠣᠯᠠᠭᠰᠠᠨ ᠨᠣᠭᠤᠭ᠎ᠠ ᠲᠠᠯᠪᠢᠭᠠᠳ ᠢᠳᠡᠬᠦ ᠶᠢ ᠴᠣᠬᠤᠮ ᠭᠠᠶᠢᠬᠠᠳᠠᠭ | ᠪᠦᠭᠡᠳ ᠴᠢᠰᠦᠨ ᠳᠠᠷᠣᠯᠳᠠ ᠦᠨᠳᠦᠷ ᠡᠪᠡᠳᠴᠢᠨ ᠣᠯᠬᠤ ᠦᠭᠡᠢ ᠦᠦ ᠭᠡᠵᠣ ᠰᠠᠨᠠᠭᠠᠰᠢᠷᠠᠲᠠᠬ᠃ ᠨᠣᠳᠤᠭ ᠨᠣᠳᠤᠭ ᠤᠨ ᠢᠳᠡᠭᠡᠨ᠂ ᠨᠣᠳᠤᠭ ᠨᠣᠳᠤᠭ ᠲᠠᠭᠠᠨ | ᠲᠣᠬᠢᠷᠠᠭᠰᠠᠨ ᠦᠪᠡᠷᠮᠢᠴᠠ ᠦᠨᠦᠷ ᠠᠮᠳᠠ ᠲᠠᠢ ᠪᠠᠶᠢᠳᠠᠭ ᠪᠦᠭᠡᠳ ᠣᠷᠴᠢᠨ ᠠᠬᠤᠢ ᠲᠠᠢ ᠪᠠᠨ ᠠᠷᠭ᠎ᠠ ᠦᠭᠡᠢ ᠵᠣᠬᠢᠴᠠᠯᠳᠣᠭᠰᠠᠨ ᠷᠢᠳᠢ ᠰᠢᠳᠢ ᠲᠠᠢ᠃ ᠵᠢᠯᠵᠢᠨ | ᠬᠦᠳᠡᠭᠡ ᠭᠠᠳᠠᠭ᠎ᠠ ᠶᠠᠪᠤᠵᠣ᠂ ᠬᠠᠯᠠᠭᠤᠨ ᠳᠤ ᠬᠠᠯᠠᠵᠣ᠂ ᠬᠦᠢᠳᠡᠨ ᠳᠤ ᠲᠠᠭᠠᠷᠠᠵᠦ᠂ ᠬᠠᠷ᠎ᠠ ᠬᠠᠳᠠᠭᠤ ᠲᠠᠷᠢᠶᠠᠨ ᠠᠵᠢᠯ ᠳᠤ ᠠᠷᠠᠯ ᠤᠨ ᠱᠠᠷ ᠰᠢᠭ ᠬᠦᠵᠦᠬᠦᠦ | ᠰᠣᠩᠭᠠᠨ ᠵᠢᠳᠬᠦᠲᠡᠭ ᠬᠦᠮᠦᠨ ᠳᠤ ᠣᠰᠣ ᠳᠠᠪᠣᠰᠣ ᠭᠠᠷᠴᠠᠭ᠎ᠠ ᠦᠭᠡᠢ ᠶᠡᠭᠡ ᠱᠠᠭᠠᠷᠳᠠᠬᠲᠠᠳᠠᠭ ᠪᠦᠭᠡᠳ ᠣᠷᠣᠢ ᠠᠴᠠ ᠪᠠᠨ ᠣᠯᠠ ᠳᠤᠨᠢ ᠬᠦᠷᠳᠡᠯ᠎ᠡ ᠣᠷᠣᠰᠳᠠᠭ | ᠬᠠᠷ᠎ᠠ ᠬᠦᠯᠣᠰᠣ ᠯᠡ ᠳᠠᠪᠤᠰᠣ ᠶᠢ ᠨᠢ ᠠᠭᠤᠷᠰᠢᠭᠤᠯᠴᠢᠬᠠᠳᠠᠭ ᠪᠠᠶᠢᠬ᠎ᠠ᠃ | ᠳᠠᠪᠤᠰᠣ ᠶᠡᠭᠡ ᠢᠳᠡᠳᠡᠭ ᠠᠴᠠ ᠪᠤᠯᠤᠭᠰᠠᠨ ᠪᠠᠶᠢᠬ᠎ᠠ᠃ ᠮᠠᠨ ᠤ ᠨᠣᠳᠤᠭ ᠤᠨ ᠬᠦᠮᠦᠰ ᠬᠠᠲᠠᠭᠤ ᠪᠤᠳᠣᠯ ᠲᠠᠢ᠂ ᠵᠣᠷᠢᠭᠰᠠᠨ ᠳᠠᠭᠠᠨ ᠬᠦᠷᠬᠦ ᠠᠴᠠ ᠨᠠᠭᠠᠰᠢ | ᠵᠣᠭᠰᠣᠳᠠᠭ ᠦᠭᠡᠢ᠂ ᠦᠵᠦᠬᠦᠷ ᠲᠤᠨᠢ ᠭᠠᠷᠬᠤ ᠠᠴᠠ ᠪᠤᠴᠠᠳᠠᠭ ᠦᠭᠡᠢ ᠵᠣᠷᠢᠮᠠᠭ ᠠᠷᠠᠨᠰᠢᠨ ᠲᠠᠢ᠃ ᠲᠠᠷᠢᠶ᠎ᠠ ᠲᠠᠷᠢᠭᠰᠠᠨ ᠴᠣ᠂ ᠲᠠᠯᠬ᠎ᠠ ᠨᠠᠶᠢᠷᠠᠭᠰᠠᠨ ᠴᠣ ᠨᠠᠷᠢᠯᠢᠭ | ᠭᠡᠳᠡᠭ ᠨᠢ ᠬᠡᠴᠡᠬᠦᠦ᠂ ᠲᠠᠷᠢᠶᠠᠨ ᠳᠠᠭᠠᠨ ᠰᠢᠷᠬᠡᠭ ᠡᠪᠡᠰᠣ ᠴᠣ ᠦᠯᠡᠳᠡᠭᠡᠯ ᠦᠭᠡᠢ ᠠᠷᠴᠢᠵᠣ ᠭᠠᠷᠳᠠᠭ᠃ ᠬᠡᠷᠪᠡ ᠲᠠᠷᠢᠶ᠎ᠠ ᠨᠢ ᠦᠯᠦᠩ ᠡᠪᠡᠰᠣ ᠲᠠᠢ ᠪᠠᠶᠢᠪᠠᠯ | ᠪᠤᠰᠣᠳ ᠲᠤ ᠮᠠᠭᠤ ᠬᠡᠯᠡᠭᠳᠡᠨ᠎ᠡ ᠭᠡᠵᠣ ᠠᠪᠤ ᠮᠢᠨᠢ ᠦᠷᠭᠦᠯᠵᠢ ᠪᠢᠳᠡᠨ ᠢ ᠰᠣᠷᠭᠠᠳᠠᠭ᠃ ᠶᠠᠭ ᠲᠡᠶᠢᠮᠦ ᠠᠴᠠ ᠮᠠᠨ ᠤ ᠨᠣᠳᠤᠭ ᠠᠴᠠ ᠡᠮᠴᠢ ᠲᠣᠮᠴᠢ ᠡᠷᠳᠡᠮᠳᠡᠨ | ᠮᠡᠷᠭᠡᠳ ᠴᠣᠯᠭᠤᠷᠠᠳᠠᠭ ᠨᠢ ᠣᠯᠠᠨ᠂ ᠠᠵᠢᠯ ᠢ ᠬᠢᠪᠠᠯ ᠳᠠᠭᠤᠰᠳᠠᠯ᠎ᠠ᠂ ᠳᠠᠪᠤᠰᠣ ᠶᠢ ᠬᠢᠪᠠᠯ ᠠᠭᠤᠰᠳᠠᠯ᠎ᠠ ᠭᠡᠳᠡᠭ ᠦᠭᠡ ᠶᠣᠰᠣᠳᠠᠢ ᠮᠠᠨ ᠤ ᠨᠣᠳᠤᠭ ᠤᠨ ᠬᠦᠮᠦᠰ ᠢ | ᠣᠨᠣᠭᠠᠵᠣ ᠬᠡᠯᠡᠭᠰᠡᠨ ᠶᠣᠮ᠃ ᠶᠠᠭᠤ ᠬᠢᠭᠰᠡᠨ ᠴᠣ ᠳᠣᠲᠠᠭᠤ ᠳᠣᠷᠭᠤᠨ ᠲᠠᠯᠪᠢᠳᠠᠭ ᠦᠭᠡᠢ᠂ ᠵᠠᠪᠠᠯ ᠲᠤᠭᠤᠷᠠᠳᠠᠯ᠎ᠠ ᠰᠠᠶᠢᠬᠠᠨ ᠬᠢᠳᠡᠭ᠃ | ᠨᠢᠲᠣᠨᠣᠨ ᠤ ᠵᠢᠷᠭᠤᠭᠠᠨ ᠰᠠᠷ᠎ᠠ ᠶᠢᠨ ᠦᠶ᠎ᠡ ᠪᠠᠷ ᠪᠢ ᠰᠣᠷᠪᠤᠯᠵᠢᠯᠠᠭ᠎ᠠ ᠬᠢᠵᠦ ᠶᠠᠪᠤᠬᠤ ᠳᠠᠭᠠᠨ ᠷᠠᠰᠢᠶᠠᠨ ᠬᠤᠳᠠ ᠠᠴᠠ ᠰᠢᠯᠢ ᠶᠢᠨ ᠭᠤᠣᠯ ᠬᠦᠷᠬᠦ ᠭᠠᠯᠳᠣ | ᠲᠡᠷᠭᠡᠨ ᠳᠤ ᠰᠠᠭᠤᠵᠦ ᠨᠣᠳᠤᠭ ᠢᠶᠠᠷ ᠢᠶᠠᠨ ᠦᠩᠭᠡᠷᠡᠭᠰᠡᠨ ᠪᠢᠯᠡ᠃ ᠠᠪᠤ ᠡᠵᠢ ᠮᠢᠨᠢ ᠨᠡᠬᠦᠵᠦ ᠶᠠᠪᠤᠭᠰᠠᠨ ᠠᠴᠠ ᠬᠤᠶᠢᠰᠢ ᠨᠣᠳᠤᠭ ᠲᠠᠭᠠᠨ ᠬᠦᠯ ᠲᠠᠯᠪᠢᠭ᠎ᠠ ᠦᠭᠡᠢ | ᠬᠡᠳᠣᠨ ᠵᠢᠯ ᠪᠤᠯᠵᠠᠢ᠃ ᠮᠠᠨ ᠤ ᠠᠶᠢᠯ ᠭᠠᠴᠠᠭ᠎ᠠ ᠭᠠᠳᠠᠨ᠎ᠠ ᠠᠴᠠ ᠨᠢ ᠬᠠᠷᠠᠬᠤ ᠳᠤ ᠲᠠᠨᠢᠭᠳᠠᠮᠠᠷ ᠦᠭᠡᠢ ᠪᠤᠯᠳᠠᠯ᠎ᠠ ᠬᠤᠪᠢᠷᠠᠵᠦ᠂ ᠱᠦᠢᠨᠢ ᠵᠠᠮ ᠰᠤᠨᠤᠯᠵᠠᠨ᠂ | ᠬᠠᠰᠢᠶ᠎ᠠ ᠬᠡᠷᠡᠮ ᠨᠢ ᠪᠦᠷ ᠴᠢᠯᠠᠭᠤ ᠲᠣᠭᠤᠰᠭ᠎ᠠ ᠪᠤᠯᠤᠭᠰᠠᠨ ᠪᠠᠶᠢᠯ᠎ᠠ᠃ ︽ᠡᠵᠡᠨ ᠲᠠᠢ ᠭᠠᠵᠠᠷ ᠢ ᠨᠣᠳᠤᠭ ᠭᠡᠳᠡᠭ᠂ ᠨᠣᠳᠤᠭ ᠲᠠᠢ ᠬᠦᠮᠦᠨ ᠢ ᠡᠵᠡᠨ ᠭᠡᠳᠡᠭ︾᠃ | ᠡᠨᠡ ᠨᠣᠳᠤᠭ ᠠᠴᠠ ᠨᠡᠬᠦᠵᠦ ᠶᠠᠪᠤᠭᠰᠠᠨ ᠴᠦ ᠡᠨᠡ ᠨᠣᠳᠤᠭ ᠤᠨ ᠢᠶᠠᠨ ᠡᠵᠡᠨ ᠨᠢ ᠪᠤᠯᠬᠤᠷ ᠣᠢ ᠳᠣᠷᠠᠰᠣᠮᠵᠢ ᠳᠠᠭᠠᠨ ᠨᠤᠲᠤᠭ ᠤᠰᠤ᠂ ᠠᠶᠢᠯ ᠰᠠᠭᠠᠬᠠᠯᠳᠠ ᠪᠠᠨ | ᠲᠤᠷᠠᠰᠤᠨ ᠰᠠᠨᠠᠭᠠᠯᠵᠠᠭᠰᠠᠭᠠᠷ ᠶᠠᠪᠤᠳᠠᠭ᠃ | ᠪᠠᠭ᠎ᠠ ᠳᠤ ᠮᠠᠨ ᠤ ᠠᠶᠢᠯ ᠠᠴᠠ ᠲᠦᠷᠪᠡ ᠲᠠᠪᠤᠬᠠᠨ ᠭᠠᠵᠠᠷ ᠤᠨ ᠵᠠᠶᠢᠲᠠᠢ ᠵᠢᠵᠢᠭ ᠭᠠᠯᠳᠣ ᠲᠡᠷᠭᠡᠨ ᠦᠷᠳᠡᠭᠡ ᠪᠠᠶᠢᠵᠠᠢ᠃ ᠡᠮᠦᠨ᠎ᠡ ᠬᠡᠳᠣᠨ ᠵᠢᠯ | ᠬᠡᠷᠡᠭᠯᠡᠭᠡᠨ ᠠᠴᠠ ᠭᠠᠷᠴᠣ ᠬᠦᠨᠳᠡᠢ ᠬᠤᠭᠤᠰᠣᠨ ᠵᠣᠭᠰᠣᠭᠠᠯ ᠪᠤᠯᠵᠦ ᠦᠯᠡᠳᠡᠭᠰᠡᠨ ᠴᠢᠮᠡᠭᠡ ᠶᠢ ᠲᠣᠭᠤᠯᠣᠭᠠᠳ ᠪᠢ ᠬᠡᠳᠣᠨ ᠡᠳᠣᠷ ᠵᠣᠪᠠᠭᠰᠠᠨ ᠶᠣᠮ᠃ | ᠬᠠᠪᠤᠷ ᠤᠨ ᠠᠭᠤᠷ ᠣᠷᠣᠵᠦ᠂ ᠬᠠᠮᠤᠭ ᠠᠮᠢᠳᠠᠨ ᠠᠮᠢᠯᠠᠨ ᠰᠡᠷᠭᠦᠵᠦ ᠡᠬᠢᠯᠡᠬᠦ ᠦᠶ᠎ᠡ ᠵᠦᠭ ᠤᠨ ᠬᠤᠯᠠ ᠠᠴᠠ ᠵᠦᠯᠭᠡᠨ ᠤ ᠮᠡᠯᠡᠭᠡᠢ ᠳᠣᠣᠭᠠᠷᠬᠤ ᠨᠢ ᠨᠠᠳᠠ | ᠣᠨᠴᠠ ᠶᠢᠨ ᠰᠠᠶᠢᠬᠠᠨ ᠰᠠᠨᠠᠭᠳᠠᠳᠠᠭ ᠪᠠᠶᠢᠯ᠎ᠠ᠃ ᠪᠢ ᠪᠠᠭ᠎ᠠ ᠶᠢᠨ ᠬᠡᠳᠦᠨ ᠨᠠᠶᠢᠵᠠ ᠲᠠᠢ ᠪᠠᠨ ᠠᠶᠢᠯ ᠤᠨ ᠠᠷᠣ ᠪᠠᠷ ᠰᠣᠨᠣᠯᠵᠠᠬᠤ ᠲᠡᠮᠣᠷ ᠵᠠᠮ ᠢᠶᠠᠷ ᠦᠰᠦᠷᠬᠢᠯᠡᠨ | ᠳᠡᠪᠬᠡᠷᠦᠭᠰᠡᠭᠡᠷ ᠵᠢᠵᠢᠭᠬᠡᠨ ᠭᠠᠯᠳᠣ ᠲᠡᠷᠭᠡᠨ ᠦᠷᠳᠡᠭᠡᠨ ᠳᠤ ᠬᠦᠷᠳᠡᠭ ᠪᠠᠶᠢᠪᠠ᠃ | ᠰᠢᠨ᠎ᠡ ᠵᠢᠯ ᠴᠠᠭᠠᠨ ᠰᠠᠷ᠎ᠠ ᠠᠴᠠ ᠪᠤᠰᠤᠳ ᠡᠩ ᠤᠨ ᠦᠶ᠎ᠡ ᠳᠤ ᠪᠤᠯ ᠡᠪᠡᠷ ᠲᠡᠪᠡᠷ ᠬᠡᠳᠣᠬᠡᠨ ᠬᠦᠮᠦᠨ ᠡᠨᠡ ᠦᠷᠳᠡᠭᠡ ᠳᠠᠮᠵᠢᠨ ᠬᠠᠮᠢᠭ᠎ᠠ ᠶᠠᠪᠤᠵᠦ ᠬᠠᠮᠢᠭ᠎ᠠ | ᠨᠢᠭᠡᠨ ᠭᠠᠵᠠᠷ ᠠᠴᠠ ᠢᠷᠡᠳᠡᠭ᠃ ᠪᠢᠳᠠ ᠲᠡᠷᠭᠡᠨ ᠦᠷᠳᠡᠭᠡᠨ ᠳᠤ ᠵᠣᠭᠰᠣᠭᠠᠳ᠂ ᠲᠡᠷᠡ ᠬᠤᠯᠠ ᠠᠴᠠ ᠲᠣᠯᠪᠦ ᠰᠢᠭ ᠦᠵᠡᠭᠳᠡᠵᠦ ᠪᠠᠶᠢᠭᠰᠠᠨ ᠠᠴᠠ ᠪᠠᠨ ᠠᠯᠭᠤᠷ | ᠠᠭᠠᠵᠢᠮ ᠢᠶᠠᠷ ᠣᠶᠢᠷᠠᠳᠣᠨ ᠢᠷᠡᠳᠡᠭ ᠨᠣᠭᠤᠭᠠᠨ ᠦᠩᠭᠡ ᠶᠢᠨ ᠬᠠᠭᠤᠴᠢᠪᠳᠣᠷ ᠭᠠᠯᠳᠣ ᠲᠡᠷᠭᠡ ᠶᠢ ᠣᠭᠳᠣᠨ ᠦᠳᠡᠵᠦ᠂ ᠦᠨᠢ ᠬᠤᠯᠠ ᠶᠢᠨ ᠪᠤᠶᠤ ᠠᠯᠣᠰ | ᠢᠷᠡᠭᠡᠳᠤᠢ ᠶᠢᠨ ᠲᠣᠬᠠᠢ ᠬᠡᠦᠬᠡᠳ ᠨᠠᠰᠣᠨ ᠤ ᠮᠦᠷᠦᠭᠡᠳᠣᠯ ᠢ ᠠᠴᠢᠭᠠᠳ᠂ ᠭᠠᠯᠳᠤ ᠲᠡᠷᠭᠡ ᠵᠢᠵᠢᠭᠬᠡᠨ ᠦᠷᠲᠡᠭᠡ ᠲᠠᠮᠵᠢᠨ᠂ ᠣᠰᠣ ᠶᠢ ᠲᠠᠪᠠᠵᠦ᠂ ᠠᠭᠤᠯᠠ ᠶᠢ | ᠣᠷᠢᠶᠠᠭᠰᠠᠭᠠᠷ᠂ ᠨᠢᠭᠡ ᠵᠦᠢᠯ ᠤᠨ ᠬᠦᠷᠴᠣ ᠴᠢᠳᠠᠰᠢ ᠦᠭᠡᠢ ᠮᠦᠷᠣᠭᠡᠳᠣᠯ ᠢ ᠲᠡᠭᠡᠭᠡᠭᠰᠡᠭᠡᠷ ᠬᠤᠯᠠᠳᠠᠳᠠᠭ᠃ | ᠪᠢᠳᠡ ᠵᠠᠷᠢᠮ ᠳᠠᠭᠠᠨ ᠦᠷᠯᠦᠭᠡ ᠭᠠᠷᠪᠠᠯ᠂ ᠣᠷᠣᠢ ᠪᠤᠯᠤᠭᠠᠳ ᠰᠠᠶ᠋ᠢ ᠬᠠᠷᠢᠵᠦ ᠢᠷᠡᠳᠡᠭ᠃ ᠦᠷᠯᠣᠭᠡ ᠭᠠᠷᠬᠤ ᠳᠠᠭᠠᠨ ᠬᠡᠦᠬᠡᠳ ᠤᠨ ᠲᠣᠯᠣᠭᠠᠢ ᠶᠢᠨ ᠬᠢᠷᠢ | ᠡᠷᠳᠡᠨᠢ ᠰᠢᠰᠢ ᠶᠢᠨ ᠰᠢᠷ᠎ᠠ ᠪᠤᠤᠪᠤ ᠪᠠᠨ ᠬᠠᠳᠠᠭᠠᠭᠰᠠᠨ ᠮᠠᠨᠵᠢᠨ ᠲᠠᠢ ᠪᠠᠨ ᠣᠭᠤᠳᠠᠨ ᠳᠤ ᠰᠠᠪᠠᠯᠠᠨ ᠠᠪᠴᠣ ᠦᠳᠡ ᠶᠢᠨ ᠬᠤᠭᠤᠯᠠ ᠪᠤᠯᠭᠠᠨ᠎ᠠ᠃ | ᠪᠠᠭ᠎ᠠ ᠰᠣᠷᠭᠠᠭᠤᠯᠢ ᠶᠢᠨ ᠲᠠᠪᠤᠳᠣᠭᠠᠷ ᠣᠨ ᠪᠤᠯᠵᠦ ᠪᠢ ᠭᠠᠴᠠᠭᠠᠨ ᠠᠴᠠ ᠬᠡᠳᠣᠨ ᠭᠠᠵᠠᠷ ᠤᠨ ᠵᠠᠶᠢᠳᠠᠢ ᠰᠣᠮᠣᠨ ᠤ ᠰᠣᠷᠭᠠᠭᠤᠯᠢ ᠳᠤ ᠣᠷᠣᠵᠦ ᠪᠠᠶᠢᠷᠢ ᠳᠤ | ᠰᠠᠭᠤᠪᠠ᠃ ᠲᠡᠷᠡ ᠦᠶ᠎ᠡ ᠶᠢᠨ ᠠᠮᠢᠳᠣᠷᠠᠯ ᠤᠨ ᠨᠦᠬᠦᠴᠡᠯ ᠣᠳᠣ ᠶᠢᠨ ᠬᠢ ᠶᠢ ᠪᠤᠳᠣᠪᠠᠯ ᠬᠤᠯᠠ ᠬᠦᠴᠢᠷᠳᠡᠢ᠃ ᠪᠢᠳᠡᠨ ᠳᠤ ᠢᠳᠡᠬᠦ ᠠᠰᠠᠭᠤᠳᠠᠯ ᠬᠠᠮᠤᠭ ᠠᠴᠠ | ᠬᠡᠴᠡᠭᠦᠦ ᠰᠠᠨᠠᠭᠳᠠᠳᠠᠭ ᠪᠠᠶᠢᠪᠠ᠃ ᠭᠠᠷᠠᠭ ᠲᠠᠭᠠᠨ ᠨᠢᠭᠡ ᠠᠮᠠᠷᠠᠯᠳᠠ ᠲᠠᠯᠪᠢᠳᠠᠭ ᠪᠤᠯᠬᠤᠷ ᠪᠢᠳᠡ ᠭᠡᠷ ᠲᠡᠭᠡᠨ ᠬᠠᠷᠢᠬᠤ ᠶᠢ ᠡᠳᠣᠷ ᠲᠣᠭᠠᠯᠠᠨ ᠬᠦᠯᠢᠶᠡᠳᠡᠭ᠃ | ᠭᠡᠷ ᠲᠡᠭᠡᠨ ᠬᠠᠷᠢᠪᠠᠯ᠂ ᠬᠤᠵᠢᠷᠰᠢᠭᠰᠠᠨ ᠲᠡᠮᠡᠭᠡ ᠰᠢᠭ ᠳᠠᠪᠤᠰᠣᠯᠠᠭᠰᠠᠨ ᠨᠣᠭᠤᠭ᠎ᠠ ᠵᠠᠵᠢᠯᠬᠤ ᠶᠢ ᠬᠠᠷᠠᠭᠠᠳ ᠡᠵᠢ ᠮᠢᠨᠢ ᠨᠠᠮᠠᠢᠢ ᠶᠡᠭᠡ ᠯᠡ ᠬᠦᠭᠡᠷᠦᠬᠦ᠋ᠯᠡᠳᠡᠭ | ᠪᠠᠶᠢᠭᠰᠠᠨ ᠪᠦᠭᠡᠳ ᠰᠣᠷᠭᠠᠭᠤᠯᠢ ᠳᠤ ᠶᠠᠪᠤᠬᠤ ᠪᠤᠯᠪᠠᠯ ᠳᠠᠪᠤᠰᠣᠯᠠᠭᠰᠠᠨ ᠨᠣᠭᠤᠭ᠎ᠠ᠂ ᠦᠨᠳᠡᠭᠡ ᠲᠠᠢ ᠬᠠᠭᠤᠷᠣᠭᠰᠠᠨ ᠵᠢᠶᠠᠩ ᠭᠡᠵᠦ ᠬᠡᠳᠣᠨ ᠭᠤᠸᠠᠨᠳ᠋ᠸᠣ ᠶᠢᠨ | ᠯᠣᠩᠬᠤᠨ ᠳᠤ ᠰᠠᠪᠠᠯᠠᠵᠣ ᠶᠠᠪᠤᠭᠤᠯᠳᠠᠭ ᠪᠠᠶᠢᠯ᠎ᠠ᠃ | ᠭᠠᠳᠠᠨ᠎ᠠ ᠣᠷᠣᠨ ᠳᠤ ᠬᠦᠯᠦᠰᠦᠨ ᠠᠵᠢᠯ ᠬᠢᠳᠡᠭ ᠡᠭᠡᠴᠢ ᠮᠢᠨᠢ ᠨᠢᠭᠡ ᠣᠳᠠᠭ᠎ᠠ ᠭᠡᠷ ᠲᠤ ᠬᠠᠷᠢᠵᠤ ᠢᠷᠡᠭᠡᠳ᠂ ᠨᠠᠮᠠᠢᠢ ᠦᠵᠡᠬᠦ ᠪᠠᠷ ᠰᠣᠷᠭᠠᠭᠤᠯᠢ ᠳᠤ | ᠢᠷᠡᠪᠡ᠃ ᠨᠠᠳᠠ ᠳᠤ ᠨᠢᠭᠡ ᠯᠣᠩᠬᠤ ᠳᠠᠪᠤᠰᠣᠯᠠᠭᠰᠠᠨ ᠨᠣᠭᠤᠭ᠎ᠠ ᠳᠡᠭᠦᠵᠢᠯᠡᠵᠦ ᠠᠪᠴᠢᠷᠠᠭᠰᠠᠨ ᠪᠦᠭᠡᠳ ᠲᠠᠪᠤᠨ ᠲᠦᠭᠦᠷᠢᠭ ᠭᠠᠷᠲᠠᠭᠤᠯᠪᠠ᠃ ᠬᠤᠭᠤᠯᠠᠨ ᠭᠡᠷ ᠲᠤ | ᠦᠢᠯᠡᠴᠢᠯᠡᠭᠴᠢ ᠪᠠᠷ ᠠᠵᠢᠯᠯᠠᠳᠠᠭ ᠡᠭᠡᠴᠢ ᠮᠢᠨᠢ ᠰᠠᠷ᠎ᠠ ᠳᠠᠭᠠᠨ ᠬᠡᠳᠣᠨ ᠠᠷᠪᠠᠨ ᠲᠦᠭᠦᠷᠢᠭ ᠣᠯᠳᠠᠭ ᠦᠭᠡᠢ ᠭᠡᠳᠡᠭ ᠢ ᠪᠢ ᠰᠠᠶᠢᠨ ᠮᠡᠳᠡᠨ᠎ᠡ᠃ ᠲᠠᠪᠤᠨ ᠲᠦᠬᠦᠷᠢᠭ | ᠲᠡᠭᠦᠨ ᠳᠤ ᠠᠪᠴᠣ ᠬᠡᠯᠡᠪᠡᠯ ᠪᠠᠭ᠎ᠠ ᠦᠭᠡᠢ ᠵᠣᠭᠤᠰ ᠪᠦᠭᠡᠳ ᠨᠠᠳᠠ ᠳᠤ ᠠᠪᠴᠣ ᠬᠡᠯᠡᠪᠡᠯ ᠨᠡᠩ ᠶᠡᠭᠡ ᠮᠦᠩᠬᠦ ᠪᠠᠶᠢᠯ᠎ᠠ᠃ | ᠬᠤᠪᠴᠠᠰᠣᠨ ᠳᠤ ᠲᠣᠬᠢᠳᠠᠢ ᠬᠠᠷᠮᠠᠨ ᠪᠠᠶᠢᠭᠰᠠᠨ ᠦᠭᠡᠢ ᠪᠤᠯᠬᠤᠷ᠂ ᠭᠡᠭᠡᠬᠦ ᠠᠴᠠ ᠪᠤᠯᠭᠤᠮᠵᠢᠯᠠᠵᠤ᠂ ᠤᠶᠢᠮᠣᠰᠣᠨ ᠳᠠᠭᠠᠨ ᠴᠢᠬᠢᠵᠦ ᠣᠷᠣᠭᠤᠯᠣᠨ | ᠬᠢᠴᠢᠶᠡᠯ ᠤᠨ ᠭᠡᠷ ᠣᠷᠣᠭᠤ ᠪᠠᠨ ᠶᠠᠪᠤᠭᠰᠠᠨ ᠶᠤᠮ᠃ ᠤᠷᠤᠢ ᠨᠢ ᠪᠠᠶᠢᠷᠢ ᠳᠠᠭᠠᠨ ᠬᠠᠷᠢᠭᠠᠳ ᠭᠡᠨᠡᠳᠳᠡ ᠦᠨᠦᠬᠢ ᠵᠣᠭᠤᠰ ᠢᠶᠠᠨ ᠪᠤᠳᠣᠵᠣ ᠣᠯᠣᠭᠠᠳ ᠣᠶᠢᠮᠣᠰᠣ | ᠣᠷᠣᠭᠤ ᠪᠠᠨ ᠭᠠᠷ ᠣᠷᠣᠭᠤᠯᠣᠬᠰᠠᠨ ᠴᠢᠨᠢ ᠠᠯᠠᠭ᠎ᠠ᠃ ᠳᠣᠳᠣᠷ᠎ᠠ ᠫᠠᠯ ᠬᠢᠪᠡ᠃ ᠦᠰᠦᠷᠴᠣ ᠲᠣᠭᠯᠠᠵᠤ ᠪᠠᠶᠢᠭᠰᠠᠭᠠᠷ ᠬᠠᠮᠢᠭ᠎ᠠ ᠨᠢ ᠭᠡᠭᠡᠴᠢᠬᠡᠭᠰᠡᠨ ᠪᠤᠯ︖ ᠪᠢ | ᠪᠤᠷᠣ ᠮᠦᠷ ᠢᠶᠠᠷ ᠢᠶᠠᠨ ᠡᠷᠢᠵᠦ ᠶᠠᠪᠤᠪᠠ᠃ ᠪᠤᠷᠣ ᠮᠦᠷ ᠢᠶᠠᠷ ᠭᠡᠵᠤ ᠳ᠋ᠠ᠃ ᠦᠳᠡ ᠳᠤ ᠦᠭᠭᠦᠭᠰᠡᠨ ᠶᠠᠭᠤᠮ᠎ᠠ ᠶᠢ ᠣᠷᠣᠢ ᠨᠢ ᠡᠷᠢᠬᠦ ᠭᠡᠳᠡᠭ ᠪᠠᠰᠠ ᠬᠡᠴᠡᠭᠦᠦ | ᠶᠠᠭᠤᠮ᠎ᠠ ᠪᠤᠯᠵᠠᠢ᠃ ᠣᠶᠢᠮᠦᠰᠦᠨ ᠠᠴᠠ ᠰᠣᠭᠤᠷᠠᠨ ᠭᠠᠷᠣᠭᠠᠳ ᠬᠠᠮᠢᠭ᠎ᠠ ᠨᠢᠭᠡ ᠭᠠᠵᠠᠷ ᠣᠨᠠᠭᠰᠠᠨ ᠪᠤᠯ ᠬᠡᠵᠢᠶᠡᠨ ᠤ ᠬᠡᠨ ᠨᠢᠭᠡ ᠨᠢ ᠣᠯᠣᠭᠠᠳ ᠠᠪᠴᠢᠬᠠᠭᠰᠠᠨ | ᠪᠠᠶᠢᠯᠭᠦᠢ᠃ ᠦᠭᠡᠷ᠎ᠡ ᠬᠦᠮᠦᠨ ᠣᠯᠵᠣ ᠠᠪᠬᠤ ᠦᠭᠡᠢ ᠴᠣ ᠭᠡᠰᠡᠨ᠂ ᠰᠠᠯᠬᠢᠨ ᠳᠤ ᠬᠡᠶᠢᠰᠦᠭᠡᠳ ᠠᠯᠠᠭ᠎ᠠ ᠪᠤᠯᠴᠢᠬᠠᠭᠰᠠᠨ ᠪᠠᠶᠢᠯᠭᠦᠢ᠃ ᠪᠠᠶᠢᠷᠢ ᠠᠴᠠ ᠠᠩᠭᠢ ᠶᠢᠨ | ᠭᠡᠷ᠂ ᠠᠩᠬᠢ ᠶᠢᠨ ᠭᠡᠷ ᠠᠴᠠ ᠵᠣᠷᠯᠣᠩ᠂ ᠵᠣᠷᠯᠣᠩ ᠠᠴᠠ ᠲᠠᠮᠢᠷ ᠤᠨ ᠲᠠᠯᠠᠪᠤᠷ᠂ ᠪᠠᠷᠤᠭ ᠣᠴᠢᠭᠰᠠᠨ ᠭᠠᠵᠠᠷ ᠪᠤᠯᠭᠠᠨ ᠳᠤ ᠬᠦᠷᠦᠭᠰᠡᠨ ᠪᠤᠯᠪᠠᠴᠣ ᠣᠯᠳᠠᠭᠰᠠᠨ | ᠦᠭᠡᠢ᠃ | ᠡᠭᠡᠴᠢ ᠶᠢᠨ ᠮᠢᠨᠢ ᠬᠡᠳᠣᠨ ᠡᠳᠣᠷ ᠤᠨ ᠬᠦᠴᠦ ᠬᠦᠳᠡᠯᠮᠣᠷᠢ ᠭᠡᠵᠤ ᠪᠤᠳᠤᠬᠤ ᠲᠠᠢ ᠵᠡᠷᠭᠡ ᠬᠠᠷᠠᠮᠰᠠᠬᠤ ᠪᠠ ᠦᠪᠡᠷ ᠢ ᠪᠠᠨ ᠵᠢᠮᠡᠯᠡᠬᠦ ᠮᠢᠨᠢ ᠣᠯᠠᠮ ᠬᠡᠴᠡᠭᠦᠳᠡᠪᠡ | ᠃ ᠰᠦᠨᠡᠰᠦ ᠪᠠᠨ ᠭᠡᠭᠡᠴᠢᠬᠡᠭᠰᠡᠨ ᠰᠢᠭ ᠲᠣᠯᠣᠭᠠᠢ ᠯᠠᠪᠲᠠᠶᠢᠯᠭᠠᠭᠠᠳ ᠭᠡᠳᠡᠭ ᠦᠭᠡ ᠪᠠᠶᠢᠳᠠᠭ ᠪᠢᠰᠢᠦ᠃ ᠪᠢ ᠣᠷᠮ᠎ᠠ ᠮᠠᠭᠤᠳᠠᠢ ᠪᠠᠶᠢᠷᠢ ᠳᠠᠭᠠᠨ ᠬᠠᠷᠢᠵᠤ᠂ | ᠣᠷᠣᠨ ᠳᠠᠭᠠᠨ ᠰᠠᠭᠤᠭᠠᠳ ᠱᠠᠬᠠᠢ ᠣᠶᠢᠮᠣᠰᠣ ᠪᠠᠨ ᠲᠠᠶᠢᠯᠪᠠ᠃ ᠲᠡᠭᠡᠬᠦ ᠳᠤ ᠣᠶᠢᠮᠣᠰᠣᠨ ᠠᠴᠠ ᠦᠨᠦᠬᠢ ᠲᠠᠪᠤᠨ ᠲᠦᠭᠦᠷᠢᠭ ᠭᠠᠷᠣᠭᠠᠳ ᠢᠷᠡᠪᠡ᠃ ᠮᠢᠨᠦ | ᠪᠠᠶᠠᠷᠯᠠᠭᠰᠠᠨ ᠭᠡᠵᠢ ᠡ᠃ ᠭᠡᠭᠡᠭᠰᠡᠨ ᠵᠣᠭᠤᠰ ᠢᠶᠠᠨ ᠡᠷᠭᠢᠭᠡᠳ ᠣᠯᠣᠭᠠᠳ᠂ ᠶᠠᠭ ᠯᠡ ᠰᠠᠨᠠᠭᠠᠨ ᠠᠴᠠ ᠭᠠᠳᠠᠭᠤᠷ ᠣᠯᠵᠠ ᠣᠯᠣᠭᠰᠠᠨ ᠰᠢᠭ ᠪᠠᠶᠠᠷᠯᠠᠪᠠ᠃ | ᠲᠡᠭᠡᠭᠡᠳ ᠰᠣᠷᠭᠠᠭᠤᠯᠢ ᠶᠢᠨ ᠬᠠᠵᠠᠭᠤᠳᠠᠬᠢ ᠳᠡᠯᠭᠡᠭᠦᠷ ᠲᠤ ᠬᠦᠷᠴᠦ᠂ ᠶᠡᠷᠣ ᠳᠡᠭᠡᠨ ᠠᠪᠴᠤ ᠢᠳᠡᠳᠡᠭ ᠦᠭᠡᠢ ᠮᠢᠬ᠎ᠠ ᠲᠠᠢ ᠪᠤᠤᠵᠠ ᠠᠴᠠ ᠬᠤᠶᠠᠷ ᠢ ᠬᠤᠳᠠᠯᠳᠣᠨ | ᠠᠪᠤᠭᠠᠳ ᠡᠭᠡᠴᠢ ᠶᠢᠨ ᠠᠪᠴᠣ ᠢᠷᠡᠭᠰᠡᠨ ᠳᠠᠪᠤᠰᠣᠯᠠᠭᠰᠠᠨ ᠨᠣᠭᠤᠭ᠎ᠠ ᠲᠠᠢ ᠢᠳᠡᠭᠰᠡᠨ ᠢᠶᠠᠨ ᠣᠳᠣ ᠴᠦ ᠴᠡᠭᠡᠵᠢᠯᠡᠭᠰᠡᠭᠡᠷ ᠪᠠᠶᠢᠨ᠎ᠠ᠂ ᠲᠡᠷᠡ ᠠᠮᠳᠠ ᠶᠢ ᠬᠡᠯᠡᠬᠦ ᠶᠢᠨ | ᠠᠷᠭ᠎ᠠ ᠦᠭᠡᠢ᠃ | ᠶᠡᠭᠡ ᠰᠣᠷᠭᠠᠭᠤᠯᠢ ᠲᠡᠭᠦᠰᠦᠨ ᠲᠡᠭᠦᠰᠳᠡᠯ᠎ᠡ ᠣᠳᠠᠭ᠎ᠠ ᠪᠤᠯᠭᠠᠨ ᠠᠮᠠᠷᠠᠯᠳᠠ ᠲᠠᠭᠤᠰᠴᠣ ᠰᠣᠷᠭᠠᠭᠤᠯᠢ ᠳᠠᠭᠠᠨ ᠶᠠᠪᠤᠬᠤ ᠦᠶ᠎ᠡ ᠳᠤ ᠡᠵᠢ ᠮᠢᠨᠢ ᠳᠠᠪᠤᠰᠣᠯᠠᠭᠰᠠᠨ | ᠨᠣᠭᠤᠭ᠎ᠠ ᠶᠢ ᠪᠤᠭᠴᠣ ᠳᠦᠭᠦᠷᠳᠡᠯ᠎ᠡ ᠰᠠᠪᠠᠯᠠᠵᠤ ᠦᠭᠳᠡᠭ ᠪᠠᠶᠢᠭᠰᠠᠨ ᠪᠦᠭᠡᠳ ᠣᠳᠣ ᠴᠦ ᠭᠡᠷ ᠲᠡᠭᠡᠨ ᠬᠠᠷᠢᠬᠤ ᠪᠤᠯᠭᠠᠨ ᠪᠠᠰᠠ ᠯᠠ ᠳᠠᠪᠤᠰᠣᠯᠠᠭᠰᠠᠨ ᠨᠣᠭᠤᠭ᠎ᠠ ᠶᠢ | ᠰᠠᠪᠠᠯᠠᠵᠣ ᠦᠭᠭᠦ ᠵᠣᠷᠰᠢᠯ ᠢᠶᠠᠨ ᠬᠠᠶᠠᠭ᠎ᠠ ᠦᠭᠡᠢ᠃ | ᠨᠢᠳᠣᠨᠣᠨ ᠪᠢ ᠠᠪᠤ ᠡᠵᠢ ᠲᠠᠢ ᠪᠠᠨ ᠴᠤᠬ ᠰᠢᠨᠡᠯᠡᠭᠰᠡᠨ ᠪᠢᠯᠡ᠃ ᠰᠢᠨ᠎ᠡ ᠵᠢᠯ ᠴᠠᠭᠠᠨ ᠰᠠᠷ᠎ᠠ ᠰᠢᠷᠡᠭᠡ ᠲᠦᠭᠦᠷᠳᠡᠯ᠎ᠡ ᠬᠤᠭᠤᠯᠠ ᠵᠠᠭᠤᠰᠢ ᠪᠡᠯᠡᠳᠭᠡᠳᠡᠭ ᠴᠦ᠂ | ᠳᠠᠪᠤᠰᠣᠯᠠᠭᠰᠠᠨ ᠨᠣᠭᠤᠭ᠎ᠠ ᠳᠣᠳᠠᠵᠣ ᠪᠤᠯᠬᠤ ᠦᠭᠡᠢ᠃ ᠡᠵᠢ ᠮᠢᠨᠢ ᠠᠰᠠᠷ ᠲᠤ ᠨᠡᠭᠦᠵᠦ ᠣᠷᠣᠭᠰᠠᠨ ᠠᠴᠠ ᠬᠤᠶᠢᠰᠢ᠂ ᠰᠠᠨᠠᠭᠠᠨ ᠳᠠᠭᠠᠨ ᠲᠣᠯᠳᠠᠯ᠎ᠠ ᠨᠣᠭᠤᠭ᠎ᠠ | ᠳᠠᠷᠣᠵᠣ ᠲᠡᠶᠢᠯᠬᠦ ᠪᠠᠨ ᠪᠤᠯᠢᠵᠠᠢ ᠭᠡᠵᠦ ᠭᠤᠮᠣᠳᠠᠯ ᠲᠣᠭᠠᠴᠢᠨ᠎ᠠ᠃ ᠠᠪᠤ ᠡᠵᠢ ᠪᠠᠨ ᠬᠤᠳᠠ ᠳᠤ ᠨᠡᠭᠦᠯᠭᠡᠭᠰᠡᠨ ᠤ ᠳᠠᠷᠠᠭ᠎ᠠ ᠪᠢ ᠬᠤᠳᠠ ᠶᠢᠨ ᠠᠮᠢᠳᠣᠷᠠᠯ ᠳᠤ ᠲᠠᠰᠬᠤ | ᠡᠰᠡᠬᠦ ᠶᠢᠨ ᠲᠣᠬᠠᠢ ᠰᠠᠨᠠᠭᠠᠰᠢᠷᠠᠵᠦ᠂ ᠵᠠᠷᠢᠮ ᠳᠠᠭᠠᠨ ᠣᠳᠠᠰᠣ ᠪᠠᠷ ᠡᠵᠢ ᠠᠴᠠ ᠪᠠᠨ ᠬᠦᠳᠡᠭᠡ ᠪᠠᠨ ᠰᠠᠨᠠᠵᠣ ᠪᠠᠶᠢᠨ᠎ᠠ ᠦᠦ︖ ᠭᠡᠵᠦ ᠠᠰᠠᠭᠤᠪᠠᠯ᠂ ᠦᠭᠡᠢ᠂ | ᠶᠠᠭᠤᠨ ᠳᠤ ᠰᠠᠨᠠᠬᠤ ᠶᠣᠮ ᠳ᠋ᠠ᠂ ᠠᠳᠡ ᠡᠪᠤᠯ ᠳᠡᠭᠡᠨ ᠳᠠᠭᠠᠷᠠᠬᠤ ᠦᠭᠡᠢ᠂ ᠵᠣᠨ ᠳᠠᠭᠠᠨ ᠬᠠᠯᠠᠬᠤ ᠦᠭᠡᠢ᠂ ᠦᠢᠯᠡ ᠲᠠᠮᠣ ᠪᠠᠨ ᠦᠵᠡᠬᠦ ᠦᠭᠡᠢ᠂ ᠰᠠᠨᠠᠭ᠎ᠠ ᠠᠮᠣᠷ | ᠬᠡᠳᠣᠢ ᠰᠠᠶᠢᠬᠠᠨ ᠪᠤᠢ ᠭᠡᠬᠦ ᠪᠠᠷ ᠨᠢ ᠲᠠᠯᠪᠢᠭᠤᠷᠠᠳᠠᠭ᠃ ᠦᠨᠡᠨᠳᠡᠭᠡᠨ ᠪᠢ ᠳᠠᠪᠤᠰᠣᠯᠠᠭᠰᠠᠨ ᠨᠣᠭᠤᠭ᠎ᠠ ᠪᠠᠨ ᠴᠠᠭ ᠦᠷᠭᠦᠯᠵᠢ ᠳᠣᠷᠠᠰᠳᠠᠭ ᠲᠠᠢ ᠠᠳᠠᠯᠢ ᠠᠪᠤ ᠡᠵᠢ | ᠮᠢᠨᠢ ᠴᠦ ᠬᠦᠳᠡᠭᠡ ᠶᠢᠨ ᠠᠮᠢᠳᠣᠷᠠᠯ ᠢᠶᠠᠨ ᠳᠣᠷᠠᠰᠣᠯ ᠦᠭᠡᠢ ᠶᠠᠭᠠᠬᠢᠬᠤᠪ᠃ | ᠨᠢᠳᠣᠨᠣᠨ ᠡᠭᠡᠴᠢ ᠮᠢᠨᠢ ᠪᠡᠭᠡᠵᠢᠩ ᠳᠤ ᠢᠷᠡᠬᠦ ᠳᠡᠭᠡᠨ ᠬᠡᠳᠣᠨ ᠯᠣᠩᠬᠤ ᠳᠠᠪᠤᠰᠣᠯᠠᠭᠰᠠᠨ ᠨᠣᠭᠤᠭ᠎ᠠ᠂ ᠨᠣᠳᠤᠭ ᠤᠨ ᠲᠠᠬᠢᠶᠠᠨ ᠦᠨᠳᠡᠭᠡ ᠨᠢᠭᠡ ᠬᠠᠶᠢᠷᠴᠠᠭ | ᠡᠭᠦᠷᠦᠭᠡᠳ ᠢᠷᠡᠪᠡ᠃ ᠡᠶᠢᠮᠦ ᠬᠤᠯᠠ ᠲᠡᠶᠢᠮᠦ ᠬᠦᠨᠳᠣ ᠶᠠᠭᠤᠮ᠎ᠠ ᠶᠢ ᠡᠭᠦᠷᠦᠭᠡᠳ ᠶᠠᠭᠠᠬᠢᠬᠤ ᠭᠡᠰᠡᠨ᠋ ᠶᠣᠮ ᠪᠤᠢ ᠭᠡᠵᠤ ᠪᠢ ᠡᠭᠡᠴᠢ ᠪᠠᠨ ᠵᠢᠮᠡᠯᠡᠪᠡ᠃ ᠡᠭᠡᠴᠢ | ᠬᠡᠳᠣᠨ ᠡᠳᠣᠷ ᠪᠤᠯᠤᠭᠠᠳ ᠬᠠᠷᠢᠪᠠ᠃ ᠬᠠᠷᠢᠨ ᠣᠳᠠᠭ᠎ᠠ ᠪᠤᠯᠭᠠᠨ ᠬᠦᠯᠳᠡᠭᠡᠭᠦᠷ ᠤᠨ ᠡᠭᠦᠳᠡ ᠶᠢ ᠨᠡᠭᠡᠭᠡᠬᠦ ᠲᠠᠢ ᠵᠡᠷᠭᠡ ᠳᠠᠪᠤᠰᠣᠯᠠᠭᠰᠠᠨ ᠨᠣᠭᠤᠭ᠎ᠠ ᠶᠢᠨ ᠦᠨᠦᠷ | ᠬᠠᠩᠬᠤᠯᠵᠣ᠂ ᠡᠭᠡᠴᠢ ᠮᠢᠨᠢ᠂ ᠡᠵᠢ ᠮᠢᠨᠢ ᠬᠠᠵᠠᠭᠤ ᠳᠤ ᠪᠠᠶᠢᠭ᠎ᠠ ᠶᠤᠮ ᠰᠢᠭ ᠰᠠᠨᠠᠭᠳᠠᠭᠤᠯᠤᠨ᠎ᠠ᠃ | | |