ᠰᠦᠨᠢ ᠤᠨᠳᠠᠵᠤ ᠡᠳᠤᠷ ᠠᠵᠤ ᠲᠦᠷᠤᠬᠦ ᠨᠢ ᠠᠮᠢᠳᠤᠷᠠᠯ ᠤᠨ ᠵᠢᠮ᠎ᠠ
ᠨᠡᠶᠢᠲᠡᠯᠡᠭᠰᠡᠨ ᠴᠠᠭ᠄
2025/4/14
      ᠨᠦᠢᠷ ᠪᠤᠯ ᠪᠦᠬᠦ ᠬᠦᠴᠤᠨ ᠤ ᠡᠬᠢ ᠪᠤᠯᠠᠭ᠂ ᠡᠪᠡᠳᠴᠢᠯᠡᠭᠰᠡᠡ ᠰᠡᠳᠬᠢᠯ ᠢ ᠠᠨᠠᠭᠠᠬᠤ ᠷᠠᠰᠢᠶᠠᠨ ᠮᠦᠨ᠃ ᠵᠢᠬᠦᠷᠳᠡᠨ ᠰᠢᠪᠠᠭᠤᠳ᠂ ᠮᠠᠯ ᠠᠳᠤᠭᠤᠰᠤ᠂ ᠠᠮᠢᠳᠠᠨ ᠠᠴᠠ ᠡᠬᠢᠯᠡᠬᠡᠳ ᠤᠷᠭᠤᠮᠠᠯ ᠪᠤᠳᠠᠰ ᠴᠦᠮ ᠪᠠᠶᠢᠭᠠᠯᠢ ᠶᠢᠨ ᠵᠢᠮ᠎ᠠ ᠶᠤᠰᠤ ᠪᠠᠷ ᠰᠦᠨᠢ ᠤᠨᠳᠠᠵᠤ᠂ ᠡᠳᠤᠷ ᠠᠮᠢᠳᠤᠷᠠᠯ ᠤᠨ ᠢᠶᠠᠨ ᠵᠠᠮ ᠮᠦᠷ ᠢ ᠬᠦᠬᠡᠬᠡᠳᠡᠭ᠃ ᠬᠦᠮᠤᠨ ᠡᠷᠡᠬᠦᠯ ᠴᠢᠬᠢᠷᠠᠭ ᠡᠩᠬᠡ ᠳᠤᠩᠬ᠎ᠠ ᠠᠮᠢᠳᠤᠷᠠᠬᠤ ᠶᠢᠨ ᠳᠤᠯᠠᠳᠠ ᠰᠦᠨᠢ ᠤᠨᠳᠠᠵᠤ ᠰᠠᠶᠢᠨ ᠠᠮᠠᠷᠠᠭᠠᠳ ᠡᠳᠤᠷ ᠨᠢ ᠠᠵᠢᠯ ᠲᠦᠷᠤᠯ ᠢᠶᠠᠨ ᠠᠮᠵᠢᠭᠤᠯᠳᠠᠭ ᠵᠦᠢ ᠳᠤᠭᠳᠠᠭᠠᠯ ᠲᠠᠢ᠃       ᠮᠠᠯᠴᠢᠳ ᠨᠠᠷᠠ ᠰᠢᠩᠬᠡᠭᠰᠡᠡ ᠬᠤᠶᠢᠨ᠎ᠠ ᠤᠨᠳᠠᠵᠤ ᠠᠯᠢ ᠴᠤ ᠤᠯᠠᠷᠢᠯ ᠳᠤ ᠢᠯᠭᠠᠭ᠎ᠠ ᠦᠬᠡᠢ ᠨᠠᠷᠠ ᠮᠠᠨᠳᠤᠬᠤ ᠠᠴᠠ ᠡᠮᠤᠨ᠎ᠠ ᠪᠤᠰᠴᠤ ᠠᠵᠢᠯ ᠲᠦᠷᠤᠯ ᠳᠡᠭᠡᠨ ᠤᠷᠤᠳᠠᠭ᠃ ᠡᠳᠤᠷ ᠤᠨ ᠤᠷᠳᠤ ᠦᠷᠯᠦᠬᠡᠨ ᠤ ᠰᠡᠷᠢᠬᠦᠨ ᠠᠴᠠ ᠡᠬᠢᠯᠠᠨ ᠮᠠᠯ ᠰᠦᠷᠦᠭ ᠢᠶᠠᠨ ᠰᠠᠶᠢᠨ ᠢᠳᠡᠬᠦᠯᠵᠤ ᠲᠠᠷᠭᠤ ᠬᠦᠴᠤ ᠠᠪᠤᠭᠤᠯᠬᠤ ᠶᠢᠨ ᠳᠤᠯᠠᠳᠠ ᠵᠤᠨ ᠤ ᠪᠤᠭᠤᠨᠢᠬᠠᠨ ᠰᠦᠨᠢ ᠳᠤᠩ ᠪᠠᠭ᠎ᠠ ᠤᠨᠳᠠᠳᠠᠭ᠃ ᠤᠷᠴᠢᠨ ᠴᠠᠭ ᠤᠨ ᠬᠤᠳᠠ ᠭᠠᠵᠡᠷ ᠤᠨ ᠬᠦᠮᠤᠰ ᠴᠠᠭ ᠢ ᠪᠠᠷᠢᠮᠳᠡᠯᠡᠠ ᠤᠨᠳᠠᠵᠤ ᠪᠤᠰᠴᠤ ᠠᠵᠢᠯᠯᠠᠳᠠᠭ᠃ ᠬᠦᠮᠤᠰ ᠲᠠᠪᠠᠳᠠᠢ ᠰᠠᠶᠢᠬᠠᠨ ᠤᠨᠳᠠᠵᠤ ᠠᠮᠠᠷᠠᠵᠤ ᠴᠢᠳᠠᠪᠠᠯ ᠴᠤᠭ ᠵᠢᠪᠬᠤᠯᠠᠩ ᠲᠠᠬᠦᠯᠳᠡᠷ ᠤᠶᠤᠨ ᠤᠬᠠᠭᠠᠨ ᠰᠡᠷᠬᠦᠯᠠᠩ᠂ ᠬᠦᠳᠡᠯᠬᠡᠬᠡᠨ ᠲᠦᠷᠬᠡᠨ᠂ ᠠᠵᠢᠯ ᠤᠨ ᠡᠷᠴᠢ ᠬᠦᠴᠤ ᠲᠠᠢ ᠪᠠᠶᠢᠳᠠᠭ᠃ ᠶᠠᠷᠤ ᠨᠢ ᠤᠬᠤᠷ ᠰᠢᠬ ᠬᠤᠭᠤᠴᠠᠭᠠᠨ ᠳᠤ ᠪᠦᠬᠡ ᠤᠨᠳᠠᠬᠤ ᠨᠢ ᠡᠷᠡᠬᠦᠯ ᠪᠠᠶᠢᠭ᠎ᠠ ᠶᠢᠨ ᠨᠢᠬᠡᠨ ᠰᠢᠨᠵᠢ ᠪᠤᠯᠤᠨ᠎ᠠ᠃       ᠬᠦᠮᠤᠨ ᠤ ᠰᠦᠷ ᠵᠢᠪᠬᠤᠯᠠᠩ᠂ ᠪᠠᠶ᠎ᠠ ᠶᠢᠨ ᠡᠷᠡᠬᠦᠯ ᠮᠠᠨᠳᠤ᠂ ᠮᠢᠬ᠎ᠠ ᠮᠠᠷᠢᠶ᠎ᠠ᠂ ᠤᠬᠠᠭᠠᠨ ᠪᠤᠳᠤᠯ ᠤᠢ ᠰᠠᠨᠠᠮᠵᠢ᠂ ᠬᠦᠴᠤ ᠴᠢᠳᠠᠯ᠂ ᠲᠠᠮᠢᠷ ᠲᠡᠩᠬᠡᠬᠡ ᠴᠦᠮ ᠨᠦᠢᠷ ᠲᠠᠢ ᠬᠤᠯᠪᠤᠭ᠎ᠠ ᠲᠠᠢ᠂ ᠦᠳᠡᠰᠢ 22 ᠴᠠᠭ ᠠᠴᠠ ᠨᠢᠬᠡ ᠶᠡᠭᠡ ᠬᠡᠳᠤᠷᠡᠬᠦᠯᠬᠦ ᠦᠬᠡᠢ ᠳᠤᠭᠳᠠᠮᠠᠯ ᠴᠠᠭ ᠲᠤ ᠤᠳᠠᠵᠤ᠂ ᠦᠷᠯᠦᠬᠡ 6 — 7 ᠴᠠᠭ ᠲᠤ ᠪᠤᠰᠴᠤ ᠪᠠᠶᠢᠪᠠᠯ ᠴᠠᠭ ᠲᠠᠭᠠᠨ ᠤᠨᠳᠠᠵᠤ᠂ ᠴᠠᠭ ᠲᠠᠭᠠᠨ ᠰᠡᠷᠢᠳᠡᠭ ᠪᠤᠯᠵᠤ ᠵᠠᠩᠰᠢᠨ᠎ᠠ᠃ ᠶᠠᠷᠤ ᠨᠢ 6 — 8 ᠴᠠᠭ ᠤᠨ ᠨᠦᠢᠷ ᠪᠤᠯ ᠬᠡᠪ ᠤᠨ ᠪᠠᠶᠢᠬᠤ ᠬᠡᠮᠵᠢᠶ᠎ᠠ᠃       ᠤᠷᠴᠢᠨ ᠴᠠᠭ ᠲᠤ ᠵᠠᠯᠠᠭᠤᠴᠤᠳ ᠪᠠᠭᠠᠷ᠂ ᠴᠡᠩᠬᠡᠬᠦᠨ᠂ ᠳᠤᠭᠯᠠᠭᠠᠮ ᠬᠦᠬᠡᠬᠡᠴᠡᠯᠳᠤᠬᠡᠳ ᠰᠦᠨᠢᠵᠢᠨ ᠨᠠᠭᠠᠳᠴᠤ ᠦᠤᠷ ᠰᠦᠨᠢ ᠪᠠᠷ ᠬᠡᠷ ᠲᠡᠭᠡᠨ ᠢᠷᠡᠵᠤ ᠡᠳᠤᠷᠵᠢᠨ ᠤᠨᠳᠠᠬᠤ᠂ ᠠᠵᠢᠯ ᠲᠠᠢ ᠨᠢᠬᠡ ᠨᠢ ᠨᠦᠢᠷ ᠲᠠᠢ ᠨᠦᠢᠷ ᠦᠬᠡᠢ ᠠᠵᠢᠯ ᠳᠠᠭᠠᠨ ᠶᠠᠪᠤᠬᠤ ᠨᠢ ᠤᠯᠠᠨ ᠪᠤᠯᠵᠠᠢ᠃       ᠪᠠᠶᠢᠭᠠᠯᠢ ᠶᠢᠨ ᠲᠦᠮᠡᠨ ᠪᠤᠳᠠᠰ᠂ ᠠᠮᠢᠳᠤ ᠠᠮᠢᠳᠠᠨ ᠪᠦᠬᠦᠨ ᠵᠢᠷᠳᠢᠨᠴᠤ ᠶᠢᠨ ᠰᠦᠨᠢ ᠬᠡᠳᠡᠭ ᠨᠠᠷᠠ ᠦᠬᠡᠢ ᠬᠠᠷᠠᠩᠭᠤᠢ ᠦᠶ᠎ᠠ ᠳᠤ ᠨᠦᠢᠷᠰᠤᠳᠠᠭ ᠪᠠᠶᠢᠬᠤ ᠳᠤ ᠬᠦᠮᠤᠨ ᠲᠡᠬᠦᠨ ᠢ ᠰᠦᠷᠴᠤ ᠪᠠᠶᠢᠭᠠᠯᠢ ᠶᠢᠨ ᠵᠢᠮ᠎ᠠ ᠶᠤᠰᠤ ᠲᠠᠢ ᠲᠡᠷᠰᠯᠡᠵᠤ ᠪᠠᠶᠢᠭ᠎ᠠ ᠨᠢ ᠳᠦᠢᠯ ᠤᠨ ᠪᠤᠷᠤᠭᠤ᠂ ᠠᠵᠢᠯ ᠤᠨ ᠠᠴᠢᠶᠠᠯᠠᠯ ᠶᠡᠬᠡᠳᠡᠢ᠂ ᠦᠳᠡᠰᠢ ᠰᠦᠨᠢ ᠤᠷᠤᠢ ᠪᠤᠯᠳᠠᠯ᠎ᠠ ᠰᠠᠭᠤᠵᠤ ᠠᠵᠢᠯᠯᠠᠳᠠᠭ ᠬᠦᠮᠤᠰ ᠦᠳᠡ ᠶᠢᠨ ᠴᠠᠭ ᠢᠶᠠᠷ 1 ᠴᠠᠭ 30 ᠮᠢᠨᠦ᠋ᠲ ᠠᠴᠠ ᠬᠡᠳᠤᠷᠡᠬᠦᠯᠬᠦ ᠦᠬᠡᠢ ᠤᠨᠳᠠᠵᠤ ᠠᠮᠠᠷᠠᠬᠤ ᠶᠢ ᠰᠢᠨᠵᠢᠯᠡᠬᠦ ᠤᠬᠠᠭᠠᠨ ᠵᠦᠪᠰᠢᠶᠡᠷᠡᠳᠡᠭ᠃       ᠠᠮᠤᠷ ᠲᠠᠶᠢᠪᠤᠩ᠂ ᠠᠶᠠᠳᠠᠢ ᠰᠠᠶᠢᠬᠠᠨ ᠬᠠᠨᠳᠠᠯ᠎ᠠ ᠤᠨᠳᠠᠵᠤ ᠠᠮᠠᠷᠠᠨ᠎ᠠ ᠬᠡᠳᠡᠭ ᠪᠤᠯ ᠪᠠᠶ᠎ᠠ ᠮᠠᠬᠠᠪᠤᠳ ᠲᠠᠭᠠᠨ ᠦᠭᠴᠤ ᠪᠤᠢ ᠬᠠᠮᠤᠭ ᠤᠨ ᠴᠢᠬᠤᠯᠠ ᠲᠡᠵᠢᠬᠡᠯ ᠮᠦᠨ᠃ ᠬᠦᠮᠤᠨ ᠬᠡᠪᠳᠡᠵᠤ ᠤᠨᠳᠠᠬᠤ ᠬᠠᠮᠤᠭ ᠤᠨ ᠵᠤᠬᠢᠮᠵᠢᠳᠡᠢ ᠬᠡᠯᠪᠡᠷᠢ ᠪᠤᠯ ︽ᠨᠤᠮᠤ︾ ᠮᠠᠶ᠋ᠢᠬ ᠤᠨ ᠬᠡᠯᠪᠡᠷᠢ ᠬᠡᠳᠡᠭ᠃ ᠡᠨᠡ ᠨᠢ ᠬᠦᠮᠤᠨ ᠤ ᠠᠮᠢ ᠨᠠᠰᠤᠨ ᠤ ᠬᠡᠯᠪᠡᠷᠢ ᠲᠠᠢ ᠳᠤᠬᠢᠷᠠᠳᠠᠭ ᠪᠦᠬᠡᠳ ᠬᠦᠮᠤᠨ ᠤ ᠪᠠᠶ᠎ᠠ ᠶᠢᠨ ᠳᠤᠳᠤᠭᠠᠳᠤ ᠴᠤᠯᠤ ᠡᠷᠬᠡᠳᠡᠨ ᠨᠦᠭᠦᠳ ᠬᠠᠮᠤᠭ ᠤᠨ ᠵᠦᠪ ᠪᠠᠶᠢᠷᠢᠰᠢᠵᠤ᠂ ᠪᠦᠬᠦ ᠪᠡᠶ᠎ᠠ ᠶᠢᠨ ᠪᠤᠯᠴᠢᠩ᠂ ᠦᠶ᠎ᠠ ᠮᠦᠴᠢ ᠨᠦᠭᠦᠳ ᠰᠤᠯᠠᠷᠠᠵᠤ᠂ ᠠᠮᠠᠷᠠᠵᠤ ᠪᠠᠶᠢᠳᠠᠭ ᠳᠤᠯᠠ ᠪᠠᠶ᠎ᠠ ᠶᠢᠨ ᠦᠰᠦᠯᠳᠠ ᠪᠤᠶᠢᠵᠢᠯᠳᠠ᠂ ᠤᠷᠳᠤ ᠤᠳᠠᠭᠠᠨ ᠨᠠᠰᠤᠯᠠᠬᠤ ᠳᠤ ᠨᠠᠩ ᠳᠤᠰᠠᠲᠠᠢ᠃       ᠬᠦᠮᠤᠨ ᠤᠨᠳᠠᠬᠤ ᠳᠠᠭᠠᠨ ᠰᠡᠷᠢᠬᠦᠨ᠂ ᠬᠠᠷᠠᠩᠭᠤᠢ ᠦᠷᠬᠦᠬᠡᠨ ᠳᠤ ᠨᠢᠮᠬᠡᠨ ᠵᠦᠬᠡᠯᠡᠨ ᠬᠤᠪᠴᠠᠰᠤ ᠲᠠᠢ᠂ ᠬᠦᠩᠬᠡᠪᠳᠦᠷ ᠬᠤᠴᠢᠯᠭ᠎ᠠ ᠲᠠᠢ ᠬᠠᠳᠠᠭᠤ ᠲᠡᠭᠰᠢ ᠤᠷᠤ ᠲᠠᠪᠢᠰᠬᠡᠷ ᠲᠡᠬᠡᠷ᠎ᠡ ᠤᠨᠳᠠᠬᠤ ᠨᠢ ᠵᠦᠪ ᠬᠡᠳᠡᠭ᠃       ᠬᠦᠮᠤᠨ ᠤ ᠵᠢᠷᠤᠬᠡ ᠴᠡᠬᠡᠵᠢᠨ ᠤ ᠵᠡᠬᠦᠨ ᠲᠠᠯ᠎ᠠ ᠳᠤ ᠪᠠᠶᠢᠳᠠᠭ ᠳᠤᠯᠠ ᠪᠠᠷᠠᠭᠤᠨ ᠲᠠᠯ᠎ᠠ ᠪᠠᠷ ᠢᠶᠠᠨ ᠬᠡᠪᠳᠡᠵᠤ ᠤᠨᠳᠠᠬᠤ ᠳᠤ ᠵᠢᠷᠤᠬᠡᠨ ᠤ ᠲᠠᠷᠤᠯᠳᠠ ᠴᠢᠯᠤᠬᠡᠳᠡᠢ ᠪᠠᠶᠢᠵᠤ᠂ ᠴᠢᠰᠤᠨ ᠤ ᠡᠷᠬᠢᠯᠳᠠ ᠴᠢᠯᠦᠬᠡᠳᠡᠢ ᠶᠠᠪᠤᠭᠳᠠᠵᠤ᠂ ᠵᠢᠷᠤᠬᠡᠨ ᠤ ᠤᠶᠢᠯᠠ ᠠᠵᠢᠯᠯᠠᠭ᠎ᠠ ᠶᠢ ᠬᠦᠩᠬᠡᠪᠴᠢᠯᠠᠵᠤ ᠦᠭᠳᠡᠭ ᠠᠵᠢ᠂ ᠡᠬᠦᠨ ᠠᠴᠠ ᠭᠠᠳᠠᠨ᠎ᠠ ᠡᠯᠢᠬᠡ ᠬᠡᠪᠡᠯᠢ ᠶᠢᠨ ᠪᠠᠷᠠᠭᠤᠨ ᠲᠠᠯ᠎ᠠ ᠳᠤ ᠪᠠᠶᠢᠷᠢᠰᠢᠳᠠᠭ ᠳᠤᠯᠠ ᠪᠠᠷᠠᠭᠤᠨ ᠲᠠᠯ᠎ᠠ ᠪᠠᠷ ᠢᠶᠠᠨ ᠬᠡᠪᠳᠡᠵᠤ ᠤᠨᠳᠠᠬᠤ ᠦᠶ᠎ᠠ ᠳᠤ ᠦᠯᠠᠮᠵᠢ ᠬᠡᠮᠵᠢᠶᠠᠨ ᠤ ᠴᠢᠰᠤ ᠡᠯᠢᠬᠡᠨ ᠳᠤ ᠤᠴᠢᠵᠤ ᠡᠯᠢᠬᠡᠨ ᠤ ᠤᠶᠢᠯᠠ ᠠᠵᠢᠯᠯᠠᠭ᠎ᠠ ᠶᠢ ᠰᠠᠶᠢᠵᠢᠷᠠᠭᠤᠯᠤᠨ ᠴᠢᠨᠠᠭᠰᠢᠳᠠ ᠬᠤᠳᠤᠭᠤᠳᠤᠨ ᠳᠤ ᠰᠠᠶᠢᠨ ᠨᠦᠯᠦᠬᠡ ᠦᠵᠡᠬᠦᠯᠳᠡᠭ ᠪᠠᠶᠢᠨ᠎ᠠ᠃       ᠬᠦᠮᠤᠨ ᠵᠡᠬᠦᠨ ᠲᠠᠯ᠎ᠠ ᠪᠠᠷ ᠢᠶᠠᠨ ᠬᠡᠪᠳᠡᠵᠤ ᠪᠠᠶᠢᠬᠤ ᠳᠠᠭᠠᠨ ᠬᠠᠮᠠᠷ ᠤᠨ ᠢᠶᠠᠨ ᠪᠠᠷᠠᠭᠤᠨ ᠨᠦᠬᠡ ᠪᠠᠷ ᠭᠤᠤᠯᠯᠠᠨ ᠠᠮᠢᠰᠬᠤᠯᠯᠠᠵᠤ ᠪᠠᠶᠢᠳᠠᠭ᠃ ᠪᠠᠷᠠᠭᠤᠨ ᠲᠠᠯ᠎ᠠ ᠪᠠᠷ ᠢᠶᠠᠨ ᠬᠡᠪᠳᠡᠪᠡᠯ ᠬᠠᠮᠠᠷ ᠤᠨ ᠢᠶᠠᠨ ᠵᠡᠬᠦᠨ ᠨᠦᠬᠡ ᠪᠠᠷ ᠭᠤᠤᠯᠯᠠᠨ ᠠᠮᠢᠰᠬᠤᠬᠤ ᠪᠤᠯᠳᠠᠭ᠃ ᠶᠠᠷᠤ ᠨᠢ ᠬᠠᠮᠠᠷ ᠤᠨ ᠢᠶᠠᠨ ᠬᠤᠶᠠᠷ ᠨᠦᠬᠡ ᠪᠠᠷ ᠡᠬᠡᠯᠵᠢᠯᠡᠨ ᠠᠮᠢᠰᠬᠤᠯᠯᠠᠵᠤ ᠪᠠᠶᠢᠬᠤ ᠨᠢ ᠵᠦᠪ᠂ ᠡᠪᠰᠢᠶᠡᠬᠦ ᠨᠢ ᠴᠢᠰᠤᠨ ᠳᠠᠬᠢ ᠬᠦᠴᠢᠯᠳᠦ᠋ᠷᠦᠭᠴᠢ ᠶᠢᠨ ᠬᠡᠮᠵᠢᠶ᠎ᠠ ᠠᠯᠳᠠᠭᠳᠠᠭᠰᠠᠠ ᠢ ᠪᠠᠶ᠎ᠠ ᠮᠡᠳᠡᠷᠡᠵᠤ ᠪᠠᠶᠢᠭ᠎ᠠ ᠬᠡᠷᠡᠭ ᠪᠦᠬᠡᠳ ᠨᠠᠮᠠᠯᠳᠠ ᠬᠦᠴᠢᠯᠳᠦ᠋ᠷᠦᠭᠴᠢ ᠵᠠᠯᠬᠢᠳᠠᠭ ᠤᠴᠢᠷᠲᠠᠢ᠃       ᠠᠵᠢᠯ ᠶᠡᠬᠡᠳᠡᠢ ᠬᠦᠮᠤᠨ ᠤᠨᠳᠠᠬᠤ ᠵᠠᠪ ᠮᠠᠭᠤᠳᠠᠢ ᠳᠤᠯᠠ ᠬᠦᠮᠤᠰ ᠶᠠᠩᠵᠤ ᠪᠦᠷᠢ ᠪᠠᠷ ᠨᠦᠢᠷ ᠠᠪᠴᠤ ᠰᠤᠷᠤᠭᠰᠠᠠ ᠪᠠᠶᠢᠳᠠᠭ᠂ ᠬᠡᠳᠤᠬᠡᠨ ᠮᠢᠨᠦ᠋ᠲ ᠳᠤᠭ ᠬᠢᠬᠦ ᠳᠤ ᠰᠠᠶᠢᠬᠠᠨ ᠤᠨᠳᠠᠭᠰᠠᠠ ᠪᠠᠶᠢᠳᠠᠭ᠂ ᠨᠦᠢᠷ ᠢ ᠤᠨᠳᠠᠵᠤ ᠬᠠᠨᠤᠨ᠎ᠠ ᠬᠡᠵᠤ ᠪᠠᠶᠢᠳᠠᠭ ᠦᠬᠡᠢ᠃ ᠶᠡᠭᠡ ᠨᠦᠢᠷ ᠲᠠᠢ ᠬᠦᠮᠤᠰ ᠠᠳᠤᠭᠤᠨ ᠤ ᠳᠤᠯᠤᠭᠠᠢ ᠶᠢ ᠳ᠋ᠠᠩ ᠢᠶᠠᠷ ᠴᠢᠨᠡᠵᠤ ᠱᠦᠯᠤ ᠶᠢ ᠨᠢ ᠡᠮᠴᠢᠯᠡᠬᠡᠨ ᠤ ᠵᠢᠷᠤᠮ ᠢᠶᠠᠷ ᠤᠤᠭᠤᠪᠠᠯ ᠨᠦᠢᠷ ᠰᠡᠷᠬᠡᠭ ᠪᠤᠯᠳᠠᠭ ᠬᠡᠵᠤ ᠨᠠᠰᠤᠳᠠᠳ ᠶᠠᠷᠢᠳᠠᠭ᠂ ᠤᠴᠢᠷ ᠨᠢ ᠠᠳᠤᠭᠤ ᠳᠤᠩ ᠪᠠᠭ᠎ᠠ ᠤᠨᠳᠠᠵᠤ ᠨᠦᠢᠷ ᠨᠢ ᠬᠠᠨᠳᠠᠭ᠂ ᠤᠨᠳᠠᠵᠤ ᠪᠠᠶᠢᠬᠤ ᠳᠠᠭᠠᠨ ᠮᠠᠰᠢ ᠰᠡᠷᠬᠡᠭ ᠪᠠᠶᠢᠳᠠᠭ ᠠᠮᠢᠳᠠᠨ ᠶᠤᠮ᠃       ᠬᠦᠮᠤᠨ ᠤᠨᠳᠠᠬᠤ ᠳᠠᠭᠠᠨ ᠤᠷᠤ ᠲᠡᠪᠢᠰᠬᠡᠷ ᠬᠦᠨᠵᠢᠯᠠ ᠭᠤᠳᠤᠰ ᠬᠡᠳ ᠮᠠᠰᠢ ᠤᠯᠠᠨ ᠶᠠᠭᠤᠮ᠎ᠠ ᠬᠡᠷᠡᠭᠯᠡᠳᠡᠭ᠃ ᠤᠨᠳᠠᠯᠭ᠎ᠠ ᠶᠢᠨ ᠬᠡᠷᠡᠭᠰᠡᠯ ᠠᠯᠢ ᠪᠤᠯᠬᠤ ᠪᠠᠷ ᠬᠦᠩᠬᠡᠨ᠂ ᠠᠭᠠᠷ ᠰᠡᠯᠬᠢ ᠨᠡᠪᠳᠡᠷᠡᠬᠦᠯᠵᠤ᠂ ᠴᠡᠪᠡᠷ ᠰᠠᠶᠢᠬᠠᠨ ᠪᠠᠶᠢᠬᠤ ᠨᠢ ᠵᠦᠪ᠃       ᠬᠡᠳᠤ ᠳᠤᠯᠠᠭᠠᠨ ᠬᠡᠷ ᠲᠤ ᠳᠤᠯᠤᠭᠠᠢ ᠪᠠᠨ ᠪᠢᠳᠡᠬᠦᠤ ᠬᠤᠴᠢᠵᠤ ᠤᠨᠳᠠᠬᠤ ᠨᠢ ᠰᠠᠶᠢᠨ ᠪᠢᠰᠢ᠂ ᠤᠨᠳᠠᠬᠤ ᠳᠠᠭᠠᠨ ᠲᠡᠭᠡᠭᠰᠢ ᠬᠠᠷᠠᠵᠤ ᠬᠡᠪᠳᠡᠬᠦ ᠦᠬᠡᠢ᠂ ᠠᠮᠠ ᠪᠠᠨ ᠠᠩᠭᠠᠶᠢᠬᠤ ᠦᠬᠡᠢ ᠪᠠᠶᠢᠬᠤ ᠶᠢ ᠬᠢᠴᠢᠶᠡᠬᠦ ᠬᠡᠷᠡᠭᠳᠡᠢ᠃       ᠤᠨᠳᠠᠬᠤ ᠠᠴᠠ ᠪᠠᠨ ᠡᠮᠤᠨ᠎ᠠ ᠬᠤᠭᠤᠯᠠ ᠶᠡᠭᠡ ᠢᠳᠡᠬᠦ᠂ ᠠᠶᠢᠳᠠᠰ ᠲᠠᠢ ᠺᠢᠨᠤ᠋ ᠦᠵᠡᠬᠦ ᠶᠢ ᠠᠯᠢ ᠪᠤᠯᠬᠤ ᠪᠠᠷ ᠲᠠᠪᠴᠢᠵᠤ᠂ ᠤᠷᠤᠨ ᠳᠠᠭᠠᠨ ᠤᠷᠤᠭᠰᠠᠠ ᠤ ᠲᠠᠷᠠᠭ᠎ᠠ ᠠᠯᠢ ᠪᠤᠯᠬᠤᠷ ᠢᠶᠠᠷ ᠲᠦᠷᠬᠡᠨ ᠤᠨᠳᠠᠬᠤ ᠨᠢ ᠰᠠᠶᠢᠨ᠃
ᠢᠷᠡᠯᠲᠡ᠄ ᠳᠤᠮᠳᠠᠳᠤ ᠤᠯᠤᠰ ᠤᠨ ᠮᠣᠩᠭᠤᠯ ᠬᠡᠯᠡᠨ ᠤ ᠰᠣᠨᠢᠨ ᠮᠡᠳᠡᠭᠡ ᠶᠢᠨ ᠰᠦᠯᠵᠢᠶ᠎ᠡ