ᠮᠤᠩᠭᠤᠯᠴᠣᠳ ᠤᠨ ᠨᠠᠢᠮᠠᠨ ᠶᠡᠭᠡ ᠴᠡᠭᠡᠷ ᠶᠣᠰᠤᠨ ᠳᠤ ᠭᠠᠯ ᠤᠨ ᠲᠤᠬᠠᠢ ᠴᠡᠭᠡᠷ ᠶᠣᠰᠤᠨ᠂ ᠣᠰᠤᠨ ᠤ ᠲᠣᠬᠠᠢ ᠴᠡᠭᠡᠷ᠂ ᠡᠪᠡᠳᠴᠢᠨ ᠤ ᠲᠣᠬᠠᠢ ᠴᠡᠭᠡᠷ | ᠶᠣᠰᠤᠨ᠂ ᠲᠦᠷᠦᠵᠤ ᠮᠡᠨᠳᠦᠯᠡᠬᠦ ᠶᠢᠨ ᠴᠡᠭᠡᠷ ᠶᠣᠰᠤᠨ᠂ ᠡᠭᠦᠳᠡᠨ ᠪᠣᠱᠤᠭᠠᠨ ᠤ ᠲᠣᠬᠠᠢ ᠴᠡᠭᠡᠷ ᠶᠣᠰᠤᠨ᠂ ᠲᠤᠯᠤᠭᠠᠢ ᠢᠯᠪᠢᠵᠤ ᠪᠤᠯᠳᠠᠭ ᠦᠭᠡᠢ ᠴᠡᠭᠡᠷ ᠶᠣᠰᠣᠨ᠂ | ᠨᠤᠬᠠᠢ ᠵᠤᠳᠤᠳᠠᠭ ᠦᠭᠡᠢ ᠴᠡᠭᠡᠷ ᠶᠣᠰᠤᠨ᠂ ᠵᠤᠴᠢᠯᠠᠭᠤᠯᠬᠤ ᠴᠡᠭᠡᠷ ᠶᠣᠰᠤᠨ ᠵᠡᠷᠬᠡ ᠪᠤᠢ᠃ | ᠭᠠᠯ ᠤᠨ ᠲᠤᠬᠠᠢ ᠴᠡᠭᠡᠷ ᠶᠣᠰᠤᠨ | ᠮᠤᠩᠭᠤᠯᠴᠣᠳ ᠭᠠᠯ ᠤᠨ ᠪᠤᠷᠬᠠᠨ᠂ ᠭᠤᠯᠤᠮᠳᠠ ᠲᠤᠯᠭ᠎ᠠ ᠪᠠᠨ ᠲᠡᠭᠡᠳᠦᠯᠡᠨ ᠰᠢᠳᠦᠵᠤ᠂ ᠭᠠᠯ ᠢ ᠠᠯᠢᠪᠠ ᠮᠠᠭᠤ ᠮᠠᠭᠤᠬᠠᠢ ᠶᠠᠭᠤᠮ᠎ᠠ᠂ ᠭᠠᠢ ᠪᠠᠷᠴᠢᠳ ᠢ | ᠵᠠᠶᠢᠯᠠᠭᠤᠯᠳᠠᠭ ᠭᠡᠵᠤ ᠦᠵᠡᠳᠡᠭ᠃ ᠡᠶᠢᠮᠤ ᠠᠴᠠ ᠮᠤᠩᠭᠤᠯ ᠭᠡᠷ ᠲᠤ ᠣᠷᠤᠭᠰᠠᠨ ᠤ ᠳᠠᠷᠠᠭ᠎ᠠ᠂ ᠲᠣᠯᠭ᠎ᠠ ᠶᠢᠨ ᠳᠡᠭᠡᠷ᠎ᠡ ᠬᠦᠯ ᠢᠶᠠᠨ ᠰᠢᠷᠠᠬᠤ ᠶᠢ ᠴᠡᠭᠡᠷᠯᠡᠬᠦ ᠪᠦᠭᠡᠳ | ᠭᠠᠯ ᠲᠣᠯᠭ᠎ᠠ ᠶᠢᠨ ᠬᠠᠵᠠᠭᠤ ᠳᠤ ᠨᠦᠢᠳᠠᠨ ᠭᠤᠳᠤᠯ ᠱᠠᠬᠠᠢ ᠪᠠᠨ ᠡᠭᠡᠭᠡᠵᠤ ᠬᠠᠳᠠᠭᠠᠬᠤ ᠶᠢ ᠨᠡᠩ ᠶᠡᠭᠡ ᠴᠡᠭᠡᠷᠯᠡᠳᠡᠭ᠃ ᠪᠠᠰᠠ ᠲᠤᠯᠭ᠎ᠠ ᠶᠢᠨ ᠳᠡᠭᠡᠭᠦᠷ ᠠᠯᠬᠤᠬᠤ᠂ | ᠲᠤᠯᠭᠠᠨ ᠳᠡᠭᠡᠷ᠎ᠡ ᠭᠢᠰᠭᠢᠬᠦ᠂ ᠲᠠᠮᠠᠬᠢᠨ ᠭᠠᠩᠰᠠ ᠪᠠᠨ ᠲᠣᠯᠭ᠎ᠠ ᠶᠢᠨ ᠳᠡᠭᠡᠷ᠎ᠡ ᠭᠦᠪᠢᠬᠦ᠂ ᠶᠠᠭᠤᠮ᠎ᠠ ᠴᠣᠬᠢᠬᠤ᠂ ᠪᠣᠵᠠᠷ ᠪᠤᠷᠳᠠᠭ ᠶᠠᠭᠤᠮ᠎ᠠ ᠬᠢᠬᠦ ᠶᠢ ᠴᠡᠭᠡᠷᠯᠡᠳᠡᠭ᠃ | ᠬᠢᠳᠤᠭ᠎ᠠ ᠪᠠᠷ ᠭᠠᠯ ᠭᠤᠴᠢᠯᠠᠬᠤ᠂ ᠬᠢᠳᠤᠭ᠎ᠠ ᠶᠢ ᠭᠠᠯ ᠳᠣᠳᠣᠷ᠎ᠠ ᠣᠷᠤᠭᠤᠯᠬᠤ᠂ ᠲᠤᠭᠤᠭᠠᠨ ᠠᠴᠠ ᠬᠢᠳᠤᠭ᠎ᠠ ᠪᠠᠷ ᠮᠢᠬ᠎ᠠ ᠠᠪᠬᠤ ᠶᠢ ᠴᠡᠭᠡᠷᠯᠡᠳᠡᠭ᠃ | ᠣᠰᠤᠨ ᠤ ᠲᠣᠬᠠᠢ ᠴᠡᠭᠡᠷ | ᠮᠤᠩᠭᠤᠯᠴᠣᠳ ᠣᠰᠤ ᠶᠢ ᠷᠠᠰᠢᠶᠠᠨ ᠤ ᠳᠡᠭᠡᠳᠤ ᠭᠡᠵᠤ ᠦᠵᠡᠳᠡᠭ᠃ ᠡᠶᠢᠮᠤ ᠠᠴᠠ ᠭᠤᠣᠯ ᠤᠨ ᠣᠰᠤᠨ ᠳᠤ ᠭᠠᠷ ᠬᠦᠯ᠂ ᠪᠡᠶ᠎ᠡ ᠪᠠᠨ ᠤᠬᠢᠶᠠᠳᠠᠭ ᠦᠭᠡᠢ᠃ | ᠨᠡᠩ ᠴᠦ ᠭᠤᠣᠯ ᠮᠦᠷᠡᠨ ᠳᠤ ᠪᠣᠵᠠᠷ ᠪᠣᠷᠳᠠᠭ ᠬᠤᠭ ᠨᠤᠪᠰᠢ ᠬᠠᠶᠠᠬᠤ ᠶᠢ ᠴᠡᠭᠡᠷᠯᠡᠳᠡᠭ ᠪᠦᠭᠡᠳ ᠭᠤᠤᠯ ᠮᠦᠷᠡᠨ ᠤ ᠬᠠᠵᠠᠭᠤ ᠳᠤ ᠪᠡᠶ᠎ᠡ ᠪᠠᠨ ᠵᠠᠰᠠᠬᠤ ᠶᠢ ᠨᠡᠩ | ᠴᠦ ᠴᠡᠭᠡᠷᠯᠡᠳᠡᠭ᠃ ᠮᠤᠩᠭᠤᠯ ᠨᠤᠳᠤᠭ ᠭᠠᠩ ᠬᠠᠭᠤᠷᠠᠢ᠂ ᠣᠰᠤᠨ ᠤ ᠡᠬᠢ ᠰᠣᠷᠪᠤᠯᠵᠢ ᠲᠣᠳᠠᠮᠠᠭ᠂ ᠣᠰᠤ ᠡᠪᠡᠰᠣ ᠪᠠᠨ ᠲᠠᠭᠠᠨ ᠨᠡᠭᠦᠳᠡᠯᠯᠡᠨ ᠮᠠᠯᠵᠢᠵᠤ ᠠᠵᠤ | ᠲᠦᠷᠦᠨ ᠠᠮᠢᠳᠣᠷᠠᠳᠠᠭ᠃ ᠮᠤᠩᠭᠤᠯᠴᠣᠳ ᠲᠤ ᠠᠪᠴᠣ ᠬᠡᠯᠡᠪᠡᠯ᠂ ᠣᠰᠤ ᠪᠤᠯ ᠬᠦᠮᠦᠨ ᠮᠠᠯ ᠤᠨ ᠬᠢᠨᠢ ᠠᠮᠢ ᠨᠠᠰᠣᠨ ᠤ ᠡᠬᠢ ᠰᠣᠷᠪᠤᠯᠵᠢ ᠪᠤᠯᠳᠠᠭ ᠪᠤᠯᠬᠤᠷ | ᠣᠰᠤᠨ ᠤ ᠠᠷᠢᠭᠤᠨ ᠴᠡᠪᠡᠷ ᠢ ᠬᠠᠮᠠᠭᠠᠯᠠᠵᠤ᠂ ᠠᠷᠪᠢᠯᠠᠨ ᠭᠠᠮᠨᠠᠳᠠᠭ ᠶᠤᠮ᠃ ᠬᠡᠳᠦ᠋ᠪᠡᠷ ᠣᠰᠤ ᠶᠢ ᠠᠷᠪᠢᠯᠠᠨ ᠭᠠᠮᠨᠠᠳᠠᠭ ᠪᠤᠯᠪᠠᠴᠣ ᠬᠠᠷ᠎ᠠ ᠣᠰᠤ ᠬᠠᠷᠠᠮᠨᠠᠬᠤ ᠶᠢ | ᠴᠡᠭᠡᠷᠯᠡᠳᠡᠭ᠂ ᠪᠠᠰᠠ ᠬᠠᠷ᠎ᠠ ᠣᠰᠤ ᠶᠢ ᠰᠠᠮᠤᠷᠳᠠᠭ ᠦᠭᠡᠢ᠂ ᠬᠤᠳᠳᠤᠭ ᠠᠴᠠ ᠲᠠᠳᠠᠵᠤ ᠭᠠᠷᠭᠠᠭᠰᠠᠨ ᠬᠤᠪᠤᠭᠤ ᠲᠠᠢ ᠣᠰᠤ ᠶᠢ ᠬᠤᠳᠳᠤᠭ ᠤᠷᠤᠭᠤ ᠪᠠᠨ | ᠪᠣᠴᠠᠭᠠᠵᠤ ᠬᠢᠳᠡᠭ ᠦᠭᠡᠢ ᠴᠡᠭᠡᠷ ᠶᠣᠰᠤᠨ ᠪᠤᠢ᠃ ᠠᠶᠢᠯ ᠳᠤ ᠬᠦᠮᠦᠨ ᠠᠮᠢᠳᠠᠨ ᠢᠷᠡᠬᠦ ᠦᠶ᠎ᠡ ᠳᠤ ᠬᠠᠷ᠎ᠠ ᠣᠰᠤ ᠨᠡᠷᠡᠬᠦ ︵ᠲᠣᠳᠣᠷ᠎ᠠ ᠨᠢ ᠶᠠᠭᠤᠮ᠎ᠠ ᠬᠢᠬᠦ ᠦᠭᠡᠢ︶ | ᠂ ᠣᠳᠠᠭᠠᠨ ᠪᠣᠴᠠᠯᠭᠠᠬᠤ ᠶᠢ ᠴᠡᠭᠡᠷᠯᠡᠳᠡᠭ᠃ | ᠡᠪᠡᠳᠴᠢᠨ ᠤ ᠲᠣᠬᠠᠢ ᠴᠡᠭᠡᠷ ᠶᠣᠰᠤᠨ | ᠠᠶᠢᠯ ᠳᠤ ᠬᠡᠷᠪᠡ ᠬᠦᠨᠳᠤ ᠡᠪᠡᠳᠴᠢᠳᠡᠨ ᠪᠤᠶᠤ ᠠᠶᠤᠯᠳᠤ ᠠᠷᠬᠠᠭ ᠲᠤ ᠨᠡᠷᠪᠡᠭᠳᠡᠭᠰᠡᠨ ᠬᠦᠮᠦᠨ ᠪᠠᠶᠢᠬᠤ ᠳᠤ ᠬᠦᠷᠪᠡᠯ᠂ ᠭᠡᠷ ᠤᠨ ᠵᠡᠭᠦᠨ ᠲᠠᠯ᠎ᠠ ᠳᠤ ᠳᠡᠭᠡᠰᠤ | ᠡᠯᠭᠦᠳᠡᠭ᠃ ᠡᠨᠡ ᠨᠢ ᠠᠶᠢᠯ ᠤᠨ ᠭᠡᠷ ᠲᠤ ᠡᠪᠡᠳᠴᠢᠨ ᠲᠠᠢ ᠬᠦᠮᠦᠨ ᠪᠠᠶᠢᠭ᠎ᠠ᠂ ᠵᠤᠴᠢᠨ ᠵᠤᠴᠢᠯᠠᠬᠤ ᠲᠦᠭᠦᠮ ᠦᠭᠡᠢ ᠭᠡᠳᠡᠭ ᠢ ᠢᠯᠡᠳᠭᠡᠵᠤ ᠪᠠᠶᠢᠳᠠᠭ᠃ | ᠲᠦᠷᠦᠵᠤ ᠮᠡᠨᠳᠦᠯᠡᠬᠦ ᠶᠢᠨ ᠴᠡᠭᠡᠷ ᠶᠣᠰᠤᠨ | ᠪᠦᠰᠡᠬᠦ᠋ᠴᠣᠳ ᠬᠡᠤᠬᠡᠳ ᠲᠦᠷᠤᠵᠤ᠂ ᠰᠠᠷ᠎ᠠ ᠳᠤ ᠰᠠᠭᠤᠭᠰᠠᠨ ᠦᠶ᠎ᠡ ᠳᠡᠭᠡᠨ ᠭᠠᠳᠠᠨ᠎ᠠ ᠶᠢᠨ ᠬᠦᠮᠦᠨ ᠢ ᠣᠷᠤᠭᠤᠯᠳᠠᠭ ᠦᠭᠡᠢ᠃ ᠡᠭᠦᠳᠡᠨ ᠤ ᠳᠡᠷᠭᠡᠳᠡ | ᠢᠯᠡ ᠬᠠᠷᠠᠭᠳᠠᠬᠤ ᠳᠡᠮᠳᠡᠭ ᠲᠠᠯᠪᠢᠳᠠᠭ᠃ ᠬᠡᠷᠪᠡ ᠬᠦᠪᠡᠭᠦᠨ ᠲᠦᠷᠦᠭᠰᠡᠨ ᠪᠤᠯ ᠨᠤᠮᠤ ᠰᠤᠮᠤ ᠡᠯᠭᠦᠬᠦ᠂ ᠦᠬᠢᠨ ᠲᠦᠷᠦᠭᠰᠡᠨ ᠪᠤᠯ ᠣᠯᠠᠭᠠᠨ ᠪᠦᠰ ᠣᠶᠠᠳᠠᠭ᠃ | ᠵᠤᠴᠢᠨ ᠡᠨᠡ ᠬᠦ ᠳᠡᠮᠳᠡᠭ ᠢ ᠦᠵᠡᠪᠡᠯ ᠡᠨᠡ ᠠᠶᠢᠯ ᠤᠨ ᠪᠦᠰᠡᠬᠦᠢ ᠬᠡᠤᠬᠡᠳ ᠲᠦᠷᠦᠵᠤ᠂ ᠰᠠᠷ᠎ᠠ ᠳᠤ ᠰᠠᠭᠤᠭᠰᠠᠨ ᠪᠠᠶᠢᠨ᠎ᠠ ᠭᠡᠵᠤ ᠮᠡᠳᠡᠭᠡᠳ ᠭᠡᠷ ᠲᠤᠨᠢ ᠣᠷᠣᠳᠠᠭ | ᠦᠭᠡᠢ᠃ | ᠡᠭᠦᠳᠡᠨ ᠪᠣᠱᠤᠭᠠᠨ ᠤ ᠲᠣᠬᠠᠢ ᠴᠡᠭᠡᠷ ᠶᠣᠰᠤᠨ | ᠡᠭᠦᠳᠡᠨ ᠪᠣᠱᠣᠭᠠᠨ ᠳᠡᠭᠡᠷ᠎ᠡ ᠭᠢᠰᠭᠢᠳᠡᠭ ᠦᠭᠡᠢ᠂ ᠭᠡᠷ ᠲᠤ ᠣᠷᠤᠵᠤ ᠭᠠᠷᠬᠤ ᠳᠠᠭᠠᠨ ᠡᠭᠦᠳᠡᠨ ᠪᠣᠱᠤᠭᠠᠨ ᠳᠡᠭᠡᠷ᠎ᠡ ᠶᠠᠭᠠᠬᠢᠭᠰᠠᠨ ᠴᠦ ᠭᠢᠰᠭᠢᠳᠡᠭ ᠦᠭᠡᠢ᠃ | ᠲᠠᠷᠢᠶᠠᠯᠠᠬᠤ ᠣᠷᠤᠨ᠂ ᠬᠠᠭᠠᠰ ᠲᠠᠷᠢᠶᠠᠯᠠᠬᠤ ᠣᠷᠤᠨ ᠪᠤᠶᠤ ᠬᠠᠭᠠᠰ ᠮᠠᠯᠵᠢᠬᠤ ᠣᠷᠤᠨ ᠤ ᠮᠤᠩᠭᠤᠯᠴᠣᠳ ᠡᠨᠡ ᠬᠦ ᠴᠡᠭᠡᠷ ᠢ ᠶᠡᠬᠡᠳᠡ ᠡᠷᠬᠢᠮᠯᠡᠳᠡᠭ᠃ ᠡᠷᠳᠡᠨ ᠳᠤ | ᠵᠠᠷᠢᠮ ᠬᠦᠮᠦᠨ ᠬᠢᠴᠢᠶᠡᠮᠵᠢ ᠦᠭᠡᠢ ᠠᠴᠠ ᠪᠤᠯᠵᠤ ᠮᠤᠩᠭᠤᠯ ᠤᠨ ᠬᠠᠭᠠᠨ ᠤ ᠣᠷᠳᠤᠨ ᠤ ᠡᠭᠦᠳᠡᠨ ᠪᠤᠱᠣᠭᠠᠨ ᠳᠡᠭᠡᠷ᠎ᠡ ᠭᠢᠰᠭᠢᠭᠰᠡᠨ ᠠᠴᠠ ᠪᠤᠯᠵᠤ | ᠴᠠᠭᠠᠵᠠᠯᠠᠭᠤᠯᠤᠭᠰᠠᠨ ᠶᠠᠪᠣᠳᠠᠯ ᠪᠤᠢ᠃ ᠡᠭᠦᠳᠡᠨ ᠪᠣᠱᠤᠭ᠎ᠠ ᠶᠢᠨ ᠴᠡᠭᠡᠷ ᠶᠣᠰᠤ ᠶᠢ ᠴᠢᠩᠭᠢᠰ ᠬᠠᠭᠠᠨ ᠤ ︽ᠶᠡᠭᠡ ᠵᠠᠰᠠᠭ︾ ᠲᠤ ᠲᠣᠭᠳᠠᠭᠠᠭᠰᠠᠨ ᠪᠠᠶᠢᠳᠠᠭ᠃ ᠡᠨᠡ | ᠬᠦ ᠴᠡᠭᠡᠷ ᠶᠣᠰᠤᠨ ᠣᠳᠤ ᠪᠤᠯᠳᠠᠯ᠎ᠠ ᠣᠯᠠᠮᠵᠢᠯᠠᠭᠳᠠᠭᠰᠠᠭᠠᠷ ᠪᠠᠶᠢᠨ᠎ᠠ᠃ | ᠲᠤᠯᠤᠭᠠᠢ ᠢᠯᠪᠢᠵᠤ ᠪᠤᠯᠳᠠᠭ ᠦᠭᠡᠢ ᠴᠡᠭᠡᠷ ᠶᠣᠰᠣᠨ | ᠮᠤᠩᠭᠤᠯᠴᠣᠳ ᠤᠨ ᠲᠣᠮᠳᠠ ᠦᠯᠤ ᠲᠠᠨᠢᠬᠤ ᠬᠦᠮᠦᠨ᠂ ᠬᠡᠤᠬᠡᠳ ᠤᠨ ᠲᠣᠯᠣᠭᠠᠢ ᠶᠢ ᠵᠯᠪᠢᠵᠤ ᠪᠤᠯᠳᠠᠭ ᠦᠭᠡᠢ ᠶᠣᠰᠤᠨ ᠪᠤᠢ᠃ ᠬᠠᠭᠤᠴᠢᠨ ᠤ | ᠦᠵᠡᠯᠳᠡ ᠪᠠᠷ ᠪᠤᠯ ᠦᠯᠤ ᠲᠠᠨᠢᠬᠤ ᠬᠦᠮᠦᠨ ᠤ ᠭᠠᠷ ᠪᠣᠵᠠᠷ᠂ ᠭᠠᠢ ᠪᠠᠷᠴᠢᠳ ᠲᠠᠢ ᠪᠠᠶᠢᠳᠠᠭ᠃ ᠡᠶᠢᠮᠤ ᠠᠴᠠ ᠦᠯᠤ ᠲᠠᠨᠢᠬᠤ ᠬᠦᠮᠦᠨ ᠬᠡᠤᠬᠡᠳ ᠤᠨ ᠲᠣᠯᠤᠭᠠᠢ ᠶᠢ | ᠢᠯᠪᠢᠪᠠᠯ ᠬᠡᠤᠬᠡᠳ ᠤᠨ ᠡᠷᠡᠭᠦᠯ ᠮᠡᠨᠳᠣ ᠳᠤ ᠠᠰᠢᠭ ᠦᠭᠡᠢ ᠭᠡᠵᠤ ᠦᠵᠡᠳᠡᠭ᠃ | ᠨᠤᠬᠠᠢ ᠵᠤᠳᠤᠳᠠᠭ ᠦᠭᠡᠢ ᠴᠡᠭᠡᠷ ᠶᠣᠰᠤᠨ | ᠮᠠᠯᠴᠢᠨ ᠠᠶᠢᠯ ᠳᠤ ᠣᠴᠢᠬᠤ ᠳᠠᠭᠠᠨ ᠠᠶᠢᠯ ᠤᠨ ᠭᠡᠷ ᠤᠨ ᠭᠠᠳᠠᠨ᠎ᠠ ᠠᠭᠤᠵᠢᠭᠤ ᠬᠦᠷᠴᠤ ᠠᠨᠢᠷ ᠴᠢᠮᠡᠭᠡ ᠦᠭᠴᠤ᠂ ᠭᠡᠷ ᠤᠨ ᠡᠵᠡᠨ ᠭᠠᠷᠴᠣ ᠢᠷᠡᠭᠡᠳ | ᠣᠭᠳᠣᠬᠤ ᠶᠢ ᠬᠦᠯᠢᠶᠡᠬᠦ ᠶᠢᠨ ᠬᠠᠮᠳᠤ ᠨᠣᠬᠠᠢ ᠶᠢᠨ ᠪᠠᠶᠢᠳᠠᠯ ᠢ ᠰᠠᠶᠢᠳᠣᠷ ᠠᠩᠬᠠᠷᠤᠭᠰᠠᠨ ᠤ ᠳᠠᠷᠠᠭ᠎ᠠ ᠰᠠᠶ᠋ᠢ ᠤᠨᠤᠭᠠᠨ ᠠᠴᠠ ᠪᠠᠨ ᠪᠠᠭᠤᠳᠠᠭ᠃ ᠡᠨᠡ ᠨᠢ ᠠᠶᠢᠯ ᠤᠨ | ᠨᠤᠬᠠᠢ ᠳᠤ ᠬᠠᠵᠠᠭᠳᠠᠬᠤ ᠠᠴᠠ ᠰᠡᠷᠭᠡᠶᠢᠯᠡᠵᠤ ᠪᠠᠶᠢᠭ᠎ᠠ ᠶᠢᠨ ᠬᠡᠷᠡᠭ᠃ ᠠᠶᠢᠯ ᠤᠨ ᠨᠤᠬᠠᠢ ᠶᠢ ᠵᠤᠳᠤᠵᠤ ᠴᠣᠬᠢᠬᠤ ᠪᠤᠶᠤ ᠬᠠᠷᠢᠶᠠᠵᠤ ᠵᠦᠬᠡᠬᠦ ᠶᠢ ᠴᠡᠭᠡᠷᠯᠡᠳᠡᠭ᠃ | ᠣᠴᠢᠷ ᠨᠢ ᠮᠤᠩᠭᠤᠯᠴᠣᠳ ᠨᠤᠬᠠᠢ ᠶᠢ ᠨᠦᠬᠦᠷ ᠢᠶᠠᠨ ᠭᠡᠵᠤ ᠦᠵᠡᠳᠡᠭ ᠪᠦᠭᠡᠳ ᠡᠷᠳᠡᠨ ᠳᠤ ᠨᠤᠬᠠᠢ ᠶᠢ ᠠᠶᠢᠯ ᠤᠨ ᠨᠢᠭᠡ ᠪᠦᠯᠢ ᠪᠠᠷ ᠪᠣᠳᠣᠳᠠᠭ ᠪᠠᠶᠢᠭᠰᠡᠨ ᠭᠡᠳᠡᠭ | ᠃ | ᠵᠤᠴᠢᠯᠠᠭᠤᠯᠬᠤ ᠴᠡᠭᠡᠷ ᠶᠣᠰᠤᠨ | ᠵᠤᠴᠢᠨ ᠭᠡᠷ ᠲᠤ ᠣᠷᠤᠬᠤ ᠦᠶ᠎ᠡ ᠳᠤ ᠲᠡᠪᠡᠯ ᠬᠤᠪᠴᠠᠰᠣ ᠪᠠᠨ ᠠᠩᠬᠠᠷᠴᠤ ᠲᠡᠷᠢ ᠲᠡᠭᠰᠢ ᠪᠠᠶᠢᠯᠭᠠᠬᠤ᠂ ᠠᠶᠢᠯ ᠤᠨ ᠭᠡᠷ ᠲᠤ ᠲᠠᠰᠢᠭᠤᠷ ᠰᠢᠯᠪᠢᠭᠦᠷ᠂ | ᠲᠡᠭᠡᠰᠤ ᠠᠪᠴᠤ ᠣᠷᠣᠳᠠᠭ ᠦᠭᠡᠢ᠂ ᠲᠠᠰᠢᠭᠤᠷ ᠢᠶᠠᠨ ᠠᠶᠢᠯ ᠤᠨ ᠭᠡᠷ ᠤᠨ ᠪᠠᠷᠠᠭᠤᠨ ᠲᠠᠯ᠎ᠠ ᠳᠤ ᠭᠡᠷ ᠲᠦᠰᠢᠭᠦᠯᠦᠨ ᠪᠣᠰᠤᠭ᠎ᠠ ᠲᠠᠯᠪᠢᠳᠠᠭ᠃ ᠭᠡᠷ ᠲᠤ | ᠣᠷᠤᠭᠰᠠᠨ ᠤ ᠳᠠᠷᠠᠭ᠎ᠠ ᠪᠤᠷᠬᠠᠨ ᠤ ᠬᠢᠨᠢ ᠡᠮᠦᠨ᠎ᠡ ᠰᠠᠭᠤᠳᠠᠭ ᠦᠭᠡᠢ᠂ ᠪᠠᠷᠠᠭᠤᠨ ᠲᠠᠯ᠎ᠠ ᠳᠤᠨᠢ ᠰᠠᠭᠤᠳᠠᠭ᠃ ᠬᠡᠷᠪᠡ ᠴᠡᠭᠡᠷ ᠶᠣᠰᠤ ᠶᠢ ᠲᠠᠭᠠᠬᠤ ᠦᠭᠡᠢ ᠪᠤᠯ | ᠠᠶᠢᠯ ᠤᠨ ᠬᠦᠮᠦᠨ ᠢ ᠬᠦᠨᠳᠦᠳᠭᠡᠵᠤ ᠦᠭᠡᠢ ᠳᠤ ᠲᠣᠭᠠᠴᠢᠭᠳᠠᠨ᠎ᠠ᠃ | | |