ᠮᠠᠯ ᠤᠨ ᠠᠷᠠᠰᠤᠨ ᠤ ᠨᠡᠷᠡᠶᠢᠳᠦᠯ
ᠨᠡᠶᠢᠲᠡᠯᠡᠭᠰᠡᠨ ᠴᠠᠭ᠄
2025/4/18
      1. ᠨᠡᠬᠡᠢ — ᠦᠰᠦ ᠨᠢ ᠬᠦᠢᠴᠡᠭᠰᠡᠨ ᠬᠤᠨᠢ ᠶᠢ ᠲᠦᠬᠦᠭᠡᠷᠡᠭᠡᠳ ᠨᠤᠮ ᠤᠨ ᠶᠤᠰᠤ ᠪᠠᠷ ᠦᠪᠴᠢᠵᠦ ᠠᠪᠤᠭᠰᠠᠨ ᠪᠦᠷᠢᠨ ᠪᠦᠲᠦᠨ ᠠᠷᠠᠰᠤ᠃ ᠮᠦᠨ ᠡᠪᠦᠯ ᠤᠨ ᠴᠠᠭ ᠲᠤ ᠡᠰᠡᠪᠡᠯ ᠨᠠᠮᠤᠷ ᠤᠷᠤᠢ᠂ ᠬᠠᠪᠤᠷ ᠡᠷᠲᠡ ᠦᠬᠦᠭᠰᠡᠨ ᠮᠠᠯ ᠠᠴᠠ ᠦᠪᠴᠢᠵᠦ ᠠᠪᠤᠭᠰᠠᠨ ᠰᠠᠬᠤᠯᠢᠭ ᠦᠰᠦ ᠲᠠᠢ ᠠᠷᠠᠰᠤ᠃       2. ᠰᠢᠷᠢ — ᠦᠬᠡᠷ᠂ ᠠᠳᠤᠭᠤ᠂ ᠲᠡᠮᠡᠭᠡ᠂ ᠲᠤᠷᠤᠭ ᠬᠦᠷᠦᠭᠡᠰᠦᠨ ᠤ ᠠᠷᠠᠰᠤ᠃       3. ᠲᠤᠷᠠᠰᠭ᠎ᠠ — ᠲᠤᠷᠠᠵᠤ ᠦᠬᠦᠭᠰᠡᠨ ᠪᠣᠭ ᠮᠠᠯ ᠤᠨ ᠬᠦᠷᠦᠰᠦ ᠮᠠᠭᠤᠲᠠᠢ ᠬᠡᠪᠡᠷᠡᠭ ᠠᠷᠠᠰᠤ᠃       4. ᠠᠳᠠᠰᠭ᠎ᠠ — ᠡᠪᠡᠳᠴᠢᠨ ᠢᠶᠠᠷ ᠡᠰᠡᠭᠦᠯ᠎ᠡ ᠦᠯᠪᠡᠷᠴᠦ ᠦᠬᠦᠭᠰᠡᠨ ᠮᠠᠯ ᠤᠨ ᠠᠷᠠᠰᠤ ᠰᠢᠷᠢ᠃ ᠠᠳᠠᠰᠭ᠎ᠠ ᠶᠢ ᠨᠣᠬᠠᠢ ᠳᠤ ᠳᠡᠪᠢᠰᠭᠦ᠂ ᠠᠷᠭᠠᠯ ᠬᠤᠷᠭᠤᠯ ᠪᠦᠲᠡᠭᠡᠬᠦ᠂ ᠦᠨᠡᠰᠦ ᠬᠤᠭ ᠵᠦᠭᠡᠭᠡᠬᠦ ᠳᠤ ᠬᠡᠷᠡᠭᠯᠡᠳᠡᠭ᠃       5. ᠬᠦᠳᠦᠰᠦ — ᠡᠯᠳᠡᠭᠰᠡᠨ ᠨᠡᠬᠡᠢ ᠠᠷᠠᠰᠤᠨ ᠤ ᠬᠠᠭᠤᠴᠢᠷᠠᠭᠰᠠᠨ ᠪᠠᠭᠠᠬᠠᠨ ᠬᠡᠰᠡᠭ᠃       6. ᠢᠯᠬᠢ — ᠮᠠᠯ ᠬᠦᠷᠦᠭᠡᠰᠦᠨ ᠤ ᠠᠷᠠᠰᠤ ᠶᠢ ᠡᠯᠳᠡᠵᠦ ᠦᠰᠦ ᠶᠢ ᠨᠢ ᠵᠤᠮᠠᠭᠠᠯᠠᠭᠰᠠᠨ ᠨᠡᠬᠡᠢ ᠶᠢ ᠬᠡᠯᠡᠨ᠎ᠡ᠃       7. ᠰᠡᠪᠬᠢ — ᠦᠢᠯᠡᠳᠪᠦᠷᠢ ᠶᠢᠨ ᠠᠷᠭ᠎ᠠ ᠪᠠᠷ ᠵᠤᠮᠠᠭᠠᠯᠠᠵᠤ᠂ ᠪᠣᠳᠤᠭᠰᠠᠨ ᠢᠯᠬᠢ ᠶᠢ ᠬᠡᠯᠡᠨ᠎ᠡ᠃       8. ᠬᠦᠮ — ᠲᠦᠯ ᠠᠴᠠ ᠳᠡᠭᠡᠭᠰᠢ ᠨᠠᠰᠤᠨ ᠤ ᠪᠣᠳᠠ ᠮᠠᠯ ᠤᠨ ᠡᠯᠳᠡᠵᠦ ᠵᠦᠭᠡᠯᠡᠷᠡᠭᠦᠯᠦᠭᠰᠡᠨ ᠠᠷᠠᠰᠤ᠃       9. ᠰᠣᠷᠰᠣᠨ — ᠵᠦᠷ ᠤᠨ ᠠᠷᠠᠰᠤ᠃ ᠪᠣᠷᠣ ᠬᠦᠷᠦᠭᠡᠰᠦᠨ ᠤ ᠡᠮᠡᠭᠴᠢᠨ ᠢ ᠨᠢ ᠵᠦᠷ ᠭᠡᠨ᠎ᠡ᠃       10. ᠰᠠᠭᠠᠷᠢ — ᠠᠳᠤᠭᠤ ᠵᠡᠷᠭᠡ ᠮᠠᠯ ᠤᠨ ᠵᠤ᠂ ᠬᠤᠨᠳᠤᠯᠠᠢ ᠶᠢᠨ ᠠᠷᠠᠰᠤ ᠶᠢ ᠪᠣᠯᠪᠠᠰᠤᠷᠠᠭᠤᠯᠵᠤ ᠠᠪᠤᠭᠰᠠᠨ ᠢ ᠬᠡᠯᠡᠨ᠎ᠡ᠃ ᠠᠳᠣᠭᠤᠰᠣᠨ ᠤ ᠴᠤᠯᠭᠤᠢ ᠠᠷᠠᠰᠤ ᠶᠢ ᠪᠠᠰᠠ ᠰᠠᠭᠠᠷᠢ ᠭᠡᠳᠡᠭ ᠴᠦ ᠪᠤᠢ᠃       11. ᠦᠳᠡᠭᠡᠷᠢ — ᠶᠠᠭᠤᠮ᠎ᠠ ᠶᠢ ᠦᠳᠡᠬᠦ ᠳᠤ ᠬᠡᠷᠡᠭᠯᠡᠬᠦ ᠨᠠᠷᠢᠨ ᠵᠦᠰᠦᠭᠰᠡᠨ ᠰᠢᠷᠢ᠃       12. ᠰᠠᠷᠢᠰᠤ — ᠬᠤᠨᠢ ᠢᠮᠠᠭᠠᠨ ᠤ ᠠᠷᠠᠰᠤ ᠶᠢ ᠪᠣᠯᠪᠠᠰᠤᠷᠠᠭᠤᠯᠵᠤ ᠬᠢᠭᠰᠡᠨ ᠨᠢᠮᠭᠡᠨ ᠢᠯᠬᠢ᠃       13. ᠰᠠᠷᠮᠠᠢ — ᠦᠰᠦ ᠨᠢ ᠵᠢᠭᠳᠡ ᠪᠣᠰᠣ ᠲᠠᠴᠢᠷ᠂ ᠵᠠᠷᠢᠮ ᠬᠡᠰᠡᠭ ᠲᠡᠭᠡᠨ ᠬᠠᠯᠴᠠᠭᠠᠢ ᠠᠷᠠᠰᠤ ᠶᠢ ᠬᠡᠯᠡᠨ᠎ᠡ       14. ᠲᠠᠷᠵᠠ — ᠲᠠᠴᠢᠷ ᠦᠰᠦ ᠲᠠᠢ ᠬᠤᠨᠢ ᠢᠮᠠᠭᠠᠨ ᠤ ᠠᠷᠠᠰᠤ᠃       15. ᠰᠡᠭᠰᠡᠭᠦᠷᠭᠡ — ᠬᠦᠷᠦᠪᠡᠵᠢᠭᠰᠡᠨ᠂ ᠰᠡᠭᠰᠡᠯᠵᠡᠭᠰᠡᠨ ᠶᠡᠭᠡ ᠦᠰᠦ ᠲᠠᠢ ᠬᠤᠷᠠᠭᠠᠨ ᠤ ᠠᠷᠠᠰᠤ᠃       16. ᠦᠵᠦᠬᠦᠷᠰᠡᠭ — ᠬᠠᠪᠤᠷ ᠤᠷᠲᠤ ᠶᠢᠨ ᠦᠰᠦ ᠶᠢ ᠬᠢᠷᠭᠠᠭᠰᠠᠨ ᠠᠴᠠ ᠬᠤᠶᠢᠰᠢ ᠤᠷᠭᠤᠵᠤ ᠠᠬᠤᠷ ᠲᠠᠢ ᠪᠣᠯᠣᠭᠰᠠᠨ ᠬᠤᠨᠢᠨ ᠤ ᠠᠷᠠᠰᠤ ᠶᠢ ᠬᠡᠯᠡᠨ᠎ᠡ᠃
ᠢᠷᠡᠯᠲᠡ᠄ ᠳᠤᠮᠳᠠᠳᠤ ᠤᠯᠤᠰ ᠤᠨ ᠮᠣᠩᠭᠤᠯ ᠬᠡᠯᠡᠨ ᠤ ᠰᠣᠨᠢᠨ ᠮᠡᠳᠡᠭᠡ ᠶᠢᠨ ᠰᠦᠯᠵᠢᠶ᠎ᠡ