ᠬᠤᠩᠭᠤᠷᠵᠤᠯᠠ — ᠡᠷᠡᠭᠲᠡᠢ ᠬᠦᠮᠦᠨ ᠳᠤ ᠪᠡᠯᠡᠭᠯᠡᠬᠦ ᠳᠤ ᠲᠣᠬᠢᠷᠠᠮᠵᠢᠲᠠᠢ᠃ | ᠠᠷᠰᠢ ᠶᠢᠨ ᠠᠯᠠᠭ᠎ᠠ — ᠬᠦᠮᠦᠨ ᠳᠤ ᠪᠡᠯᠡᠭᠯᠡᠳᠡᠭ ᠦᠭᠡᠢ᠃ | ᠵᠢᠭᠠᠷ ᠡᠪᠡᠰᠦ — ᠨᠠᠶᠢᠵᠠ ᠪᠦᠰᠡᠭᠦᠢ ᠳᠡᠭᠡᠨ ᠪᠡᠯᠡᠭᠯᠡᠬᠦ ᠳᠤ ᠲᠣᠬᠢᠷᠠᠮᠵᠢᠲᠠᠢ᠂ ᠠᠩᠬᠠᠨ ᠤ ᠪᠣᠯᠵᠤᠭᠠᠨ ᠳᠤ ᠪᠠᠷᠢᠬᠤ ᠴᠡᠴᠡᠭ᠃ | ᠤᠳᠪᠠᠯᠠ — ᠬᠦᠨᠳᠦᠳᠭᠡᠯ ᠢ ᠢᠯᠡᠷᠬᠡᠶᠢᠯᠡᠳᠡᠭ᠂ ᠠᠯᠪᠠᠨ ᠵᠣᠷᠢᠭᠤᠯᠤᠯᠲᠠ ᠲᠠᠢ᠃ | ᠭᠤᠣᠯᠲᠤ ᠪᠣᠷᠤ ᠶᠢᠨ ᠴᠡᠴᠡᠭ — ᠠᠩᠬᠠᠨ ᠤ ᠤᠴᠠᠷᠠᠯ ᠳᠤ ᠪᠡᠯᠡᠭᠯᠡᠪᠡᠯ ᠲᠤᠩ ᠲᠣᠬᠢᠷᠠᠮᠵᠢᠲᠠᠢ᠂ ᠭᠭᠢᠷ ᠦᠭᠡᠢ ᠠᠷᠢᠭᠤᠨ ᠰᠡᠳᠭᠢᠯ ᠤᠨ ᠪᠡᠯᠭᠡᠳᠡᠯ ᠪᠣᠯᠳᠠᠭ | ᠃ | ᠰᠠᠷᠠᠨᠠᠢ ᠴᠡᠴᠡᠭ — ᠬᠦᠨᠳᠦᠳᠭᠡᠯ ᠤᠨ ᠴᠡᠴᠡᠭ᠂ ᠱᠠᠩᠨᠠᠯ ᠠᠪᠤᠭᠰᠠᠨ ᠬᠦᠮᠦᠨ ᠳᠤ ᠬᠠᠰ ᠬᠠᠳᠬᠤᠭᠤᠷ ᠴᠡᠴᠡᠭ ᠲᠠᠢ ᠬᠠᠮᠲᠤ ᠪᠠᠭᠯᠠᠵᠤ ᠦᠭᠳᠡᠭ᠃ | ᠰᠢᠷ᠎ᠠ ᠰᠠᠷᠭᠠᠢ — ᠤᠶᠤᠨ ᠤᠬᠠᠭᠠᠨ ᠢ ᠢᠯᠡᠷᠬᠡᠶᠢᠯᠡᠳᠡᠭ᠃ ᠪᠠᠭᠰᠢ ᠳᠠᠭᠠᠨ ᠦᠭᠬᠦ ᠳᠤ ᠬᠡᠷᠡᠭᠯᠡᠳᠡᠭ᠂ ᠰᠢᠷ᠎ᠠ ᠰᠠᠷᠭᠠᠢ ᠶᠢ ᠬᠠᠶᠢᠷᠠᠲᠠᠢ ᠪᠦᠰᠡᠭᠦᠢ ᠳᠡᠭᠡᠨ | ᠦᠭᠳᠡᠭ ᠦᠭᠡᠢ᠂ ᠤᠴᠢᠷ ᠨᠢ ᠰᠠᠯᠵᠤ ᠬᠠᠭᠠᠴᠠᠬᠤ ᠤᠴᠢᠷ ᠲᠠᠢ᠃ | ᠤᠯᠠᠭᠠᠨ ᠰᠠᠷᠭᠠᠢ — ᠨᠢᠭᠡ ᠰᠢᠷᠬᠡᠭ ᠨᠢ ᠬᠠᠶᠢᠷ᠎ᠠ ᠰᠡᠳᠭᠢᠯ ᠤᠨ ᠪᠡᠯᠭᠡ ᠲᠡᠮᠳᠡᠭ᠂ ᠬᠠᠷᠢᠨ ᠣᠯᠠᠨ ᠰᠢᠷᠬᠡᠭ ᠢ ᠪᠡᠯᠡᠭᠯᠡᠬᠦ ᠨᠢ ᠬᠦᠨᠳᠦᠳᠭᠡᠯ ᠤᠨ ᠢᠯᠡᠷᠡᠯ᠂ | ᠭᠤᠷᠪᠠᠨ ᠤᠯᠠᠭᠠᠨ ᠰᠠᠷᠭᠠᠢ ᠨᠢ ᠬᠠᠶᠢᠷ᠎ᠠ ᠬᠦᠨᠳᠦᠳᠭᠡᠯ᠂ ᠮᠦᠩᠬᠡ ᠶᠢᠨ ᠵᠠᠯᠠᠭᠤ ᠨᠠᠰᠤ ᠶᠢ ᠪᠡᠯᠭᠡᠳᠡᠳᠡᠭ᠃ | ᠴᠠᠭᠠᠨ ᠰᠠᠷᠭᠠᠢ — ᠡᠷᠡᠭᠦᠯ ᠮᠡᠨᠳᠦ ᠶᠢ ᠪᠡᠯᠭᠡᠳᠡᠳᠡᠭ᠃ ᠮᠦᠨ ᠬᠤᠷᠢᠮ ᠳᠤ ᠶᠠᠭᠠᠨ ᠰᠠᠷᠭᠠᠢ ᠲᠠᠢ ᠬᠠᠮᠲᠤ ᠬᠡᠷᠡᠭᠯᠡᠳᠡᠭ᠂ ᠲᠠᠩ ᠢᠶᠠᠷ ᠴᠦ ᠪᠠᠶᠢᠵᠤ | ᠪᠣᠯᠣᠨ᠎ᠠ᠃ | ᠬᠡᠯᠡᠭᠡᠢ ᠰᠠᠷᠠᠨ᠎ᠠ — ᠡᠶ᠎ᠡ ᠡᠪ ᠲᠠᠢ᠂ ᠵᠤᠯ ᠵᠢᠷᠭᠠᠯ ᠲᠠᠢ ᠭᠡᠷ ᠪᠦᠯᠢ ᠶᠢ ᠲᠦᠯᠦᠭᠡᠯᠡᠳᠡᠭ ᠤᠴᠢᠷ ᠠᠴᠠ ᠬᠤᠷᠢᠮ ᠤᠨ ᠰᠢᠨ᠎ᠠ ᠬᠤᠣᠰ ᠲᠤ ᠬᠦᠷᠬᠡᠭᠦ ᠳᠤ | ᠮᠠᠰᠢ ᠲᠣᠬᠢᠷᠠᠮᠵᠢᠲᠠᠢ᠃ | ᠠᠯᠲᠠᠨ ᠵᠤᠯᠠ ᠴᠡᠴᠡᠭ — ᠲᠦᠪ ᠶᠡᠬᠡᠮᠰᠦᠭ᠂ ᠦᠷᠦᠰᠢᠶᠡᠯ ᠡᠨᠡᠷᠢᠯ᠂ ᠨᠡᠷ᠎ᠡ ᠬᠦᠨᠳᠦ᠂ ᠦᠨᠢ ᠡᠭᠦᠷᠢᠳᠡ ᠵᠡᠷᠭᠡ ᠶᠢ ᠲᠦᠯᠦᠭᠡᠯᠡᠵᠦ᠂ ᠠᠮᠵᠢᠯᠲᠠ ᠶᠢ | ᠪᠡᠯᠭᠡᠯᠡᠵᠦ ᠬᠦᠷᠭᠡᠬᠦ ᠳᠤ ᠲᠣᠬᠢᠷᠠᠮᠵᠢᠲᠠᠢ᠃ | ᠬᠡᠯᠲᠡᠭᠡᠢ ᠴᠡᠴᠡᠭ — ᠰᠡᠳᠭᠢᠯ ᠳᠤ ᠬᠦᠰᠢᠭᠡᠯᠡᠭᠰᠡᠨ ᠭᠤᠨᠢᠭ ᠵᠤᠪᠠᠯ ᠢᠶᠠᠨ ᠮᠠᠷᠲᠠᠵᠤ᠂ ᠰᠢᠨ᠎ᠡ ᠠᠮᠢᠳᠤᠷᠠᠯ ᠢᠶᠠᠨ ᠡᠬᠢᠯᠡᠭᠦᠯᠬᠦ ᠤᠳᠭ᠎ᠠ ᠶᠢ ᠢᠯᠡᠳᠭᠡᠨ᠎ᠡ᠃ | | ᠲᠡᠷᠢᠭᠦᠯᠡᠭᠴᠢ ᠴᠡᠴᠡᠭ — ᠴᠡᠪᠡᠷ ᠠᠷᠢᠭᠤᠨ᠂ ᠡᠷᠡᠰ ᠵᠣᠷᠢᠭ ᠢ ᠢᠯᠡᠳᠭᠡᠵᠦ᠂ ᠠᠬᠠᠮᠠᠳ ᠲᠣᠮᠣᠭᠠᠲᠠᠳ ᠲᠤ ᠬᠦᠷᠬᠡᠬᠦ ᠳᠤ ᠲᠣᠬᠢᠷᠠᠮᠵᠢᠲᠠᠢ᠃ | ᠴᠠᠩᠬᠤᠢ ᠴᠡᠴᠡᠭ — ᠵᠣᠷᠢᠭ ᠲᠠᠢ ᠪᠠᠢ᠂ ᠴᠢᠩᠭᠠᠯᠠᠭᠠᠷᠠᠢ ᠭᠡᠬᠦ ᠤᠳᠭ᠎ᠠ ᠲᠠᠢ᠂ ᠡᠪᠡᠳᠴᠢᠲᠡᠨ ᠳᠤ ᠬᠦᠷᠭᠡᠬᠦ ᠳᠤ ᠲᠣᠬᠢᠷᠠᠮᠵᠢᠲᠠᠢ᠃ | ᠮᠠᠨᠳᠠᠷᠠᠸ᠎ᠠ ᠴᠡᠴᠡᠭ — ᠪᠠᠶᠠᠨ ᠡᠷᠬᠢᠮᠰᠦᠭ ᠤᠨ ᠪᠡᠯᠭᠡᠳᠡᠯ ᠪᠣᠯᠳᠠᠭ ᠴᠦ ᠬᠦᠮᠦᠨ ᠳᠤ ᠪᠡᠯᠡᠭᠯᠡᠬᠦ ᠳᠤ ᠲᠣᠬᠢᠷᠠᠮᠵᠢ ᠦᠭᠡᠢ᠂ ᠬᠠᠷᠢᠨ ᠠᠵᠢᠯ ᠦᠢᠯᠡᠰ | ᠡᠷᠬᠢᠯᠡᠵᠦ ᠡᠭᠦᠳᠡ ᠡᠷᠦᠬᠡ ᠰᠡᠬᠦᠭᠰᠡᠨ ᠦᠯᠵᠡᠶᠢᠲᠦ ᠪᠠᠶᠠᠷ ᠢ ᠪᠡᠯᠭᠡᠯᠡᠬᠦ ᠳᠤ ᠲᠣᠬᠢᠷᠠᠨ᠎ᠠ᠃ |