ᠡᠬᠢᠨ ᠬᠠᠪᠤᠷ ᠪᠤᠶᠤ ᠤᠬᠠᠭᠠᠷᠡᠵᠦ ᠠᠮᠢᠳᠤᠷᠠᠬᠤᠢ
ᠨᠡᠶᠢᠲᠡᠯᠡᠭᠰᠡᠨ ᠴᠠᠭ᠄
2025/4/21
      ᠬᠦᠢ ᠰᠠᠶᠢᠬᠠᠨ ᠪᠠᠶᠢᠭᠠᠯᠢ ᠶᠢᠨ ᠤᠯᠡᠷᠢᠯ ᠤᠨ ᠡᠬᠢ ᠨᠢ ᠬᠠᠪᠤᠷ ᠴᠠᠭ ᠪᠤᠯ ᠬᠦᠮᠦᠨ ᠤ ᠰᠠᠶᠢᠬᠠᠨ ᠠᠮᠢᠳᠤᠷᠡᠯ ᠤᠨ ᠡᠬᠢᠯᠡᠯ ᠨᠢ ᠵᠠᠯᠠᠭᠤ ᠨᠠᠰᠤ ᠶᠤᠮ᠃ ᠤᠷᠭᠤᠬᠤ ᠳᠦᠯᠵᠢᠬᠦ᠂ ᠠᠮᠢᠯᠠᠯ ᠰᠡᠷᠬᠦᠯ ᠤᠨ ᠪᠡᠯᠬᠡᠳᠡᠯ ᠪᠤᠯᠤᠭᠰᠠᠨ ᠬᠠᠪᠤᠷ ᠤᠨ ᠤᠷᠢᠨ ᠢᠶᠠᠷ ᠤᠬᠠᠭᠠᠷᠡᠯ ᠵᠦᠡᠭᠨᠡᠯ᠂ ᠮᠦᠷᠦᠬᠡᠳᠦᠯ ᠡᠷᠢᠯᠬᠢᠯᠡᠯ ᠴᠤ ᠪᠤᠱᠤᠭ᠎ᠠ ᠳᠠᠪᠠᠨ ᠴᠤᠭ ᠰᠠᠭᠠᠳᠠᠳᠠᠭ᠃       ᠵᠠᠯᠠᠭᠤ ᠽᠠᠨᠳᠠᠨ ᠨᠠᠰᠤ ᠨᠢ ᠬᠦᠮᠦᠨ ᠤ ᠠᠮᠢᠳᠤᠷᠠᠯ ᠤᠨ ᠬᠠᠮᠤᠭ ᠤᠨ ᠨᠠᠨᠳᠢᠨ ᠴᠠᠭ᠂ ᠡᠷᠬᠢᠮ ᠮᠦᠴᠡ ᠪᠤᠯ ᠬᠦᠮᠦᠨ ᠤ ᠠᠮᠢᠳᠤᠷᠠᠯ ᠨᠢ ᠨᠠᠰᠤᠨ ᠤ ᠵᠠᠯᠠᠭᠤ ᠳᠤ ᠵᠦᠪ ᠢ ᠰᠡᠳᠬᠢᠬᠦ᠂ ᠤᠬᠠᠭᠠᠷᠡᠵᠦ ᠠᠮᠢᠳᠤᠷᠡᠬᠤ ᠳᠤ ᠤᠷᠤᠰᠢᠳᠠᠭ᠃       ᠭᠠᠯ ᠵᠠᠯᠠᠭᠤ ᠨᠠᠰᠤᠨ ᠳᠤ᠂ ᠪᠢᠳᠡᠨ ᠤ ᠤᠢ ᠰᠡᠳᠬᠢᠬᠦᠢ ᠪᠠᠳᠠᠷᠠᠩᠭᠤᠢ᠂ ᠳᠠᠷ ᠳᠠᠮᠢᠷ ᠳᠡᠬᠦᠯᠳᠡᠷ᠂ ᠡᠷᠢᠯ ᠬᠠᠶᠢᠭᠤᠯ ᠳᠤ ᠰᠤᠨᠢᠭᠤᠴᠢ᠂ ᠦᠵᠡᠯ ᠪᠠᠷᠢᠮᠳᠠᠯᠠᠯ ᠰᠢᠯᠤᠭᠤᠨ᠃ ᠳᠤᠷᠠᠲᠠᠢ ᠬᠦᠰᠡᠯ ᠳᠡᠭᠡᠨ ᠬᠤᠶᠢᠷᠭᠤᠰᠢ ᠦᠬᠡᠢ᠂ ᠨᠤᠭᠤᠷᠡᠯ ᠳᠤ ᠪᠤᠴᠠᠰᠢ ᠦᠬᠡᠢ᠃ ᠠᠯᠢᠪᠠ ᠳᠤ ᠵᠤᠷᠢᠭ ᠲᠠᠢ᠂ ᠤᠷᠮ᠎ᠠ ᠲᠠᠢ᠃ ᠢᠷᠡᠬᠡᠳᠦᠢ ᠳᠡᠭᠡᠨ ᠢᠳᠡᠬᠡᠵᠦ ᠦᠨᠡᠮᠰᠢᠨ᠎ᠠ᠂ ᠵᠤᠷᠢᠵᠦ ᠵᠢᠷᠦᠬᠡᠯᠡᠨ᠎ᠠ᠃       ᠡᠨᠡ ᠨᠢ ᠶᠠᠭ ᠯᠡ᠂ ᠨᠡᠷᠡᠳᠦ ᠶᠢᠨ ᠵᠢᠮ᠎ᠠ ᠳᠠᠭᠠᠤ ᠨᠢᠯᠬ᠎ᠠ ᠰᠦᠶᠦᠬᠡ ᠭᠠᠵᠠᠷ ᠰᠦᠪᠡᠯᠡᠨ ᠵᠢᠳᠬᠦᠵᠦ ᠤᠷᠭᠤᠳᠠᠭ ᠯᠤᠭ᠎ᠠ ᠢᠵᠢᠯ ᠶᠤᠰᠤᠨ ᠪᠢᠯᠡ᠃      ᠵᠠᠯᠠᠭᠤ ᠶᠢᠨ ᠬᠦᠰᠡᠯ ᠳᠡᠭᠡᠨ ᠦᠷᠳᠦᠨ ᠶᠡᠭᠡ ᠦᠢᠯᠡ ᠶᠢ ᠪᠦᠳᠦᠬᠡᠵᠦ ᠠᠮᠵᠢᠬᠤ᠂ ᠠᠵᠢᠯᠴᠢ ᠬᠦᠳᠡᠯᠮᠤᠷᠢᠴᠢ ᠠᠴᠠ ᠪᠠᠨ ᠤᠯᠵᠠ ᠶᠢᠨ ᠠᠮᠠᠰᠠᠷ ᠢᠶᠠᠨ ᠨᠡᠬᠡᠬᠡᠵᠦ ᠴᠢᠳᠠᠬᠤ᠂ ᠰᠠᠨᠠᠭᠰᠠᠨ ᠳᠡᠮᠡᠦᠯᠦᠭᠰᠡᠨ ᠢᠶᠠᠷ ᠢᠶᠠᠨ ᠵᠤᠷᠢᠯᠳᠡ ᠳᠠᠭᠠᠨ ᠬᠦᠷᠴᠦ ᠳᠡᠶᠢᠯᠬᠦ ᠡᠰᠡᠬᠦᠯ᠎ᠠ ᠵᠠᠯᠠᠭᠤ ᠶᠢᠨ ᠠᠭᠠᠭ ᠤᠮᠤᠭ ᠢᠶᠠᠷ ᠠᠳᠡᠬᠦᠦ ᠤᠰᠤᠯ ᠭᠠᠷᠭᠠᠬᠤ᠂ ᠵᠠᠯᠬᠠᠭᠤ ᠬᠤᠶᠢᠷᠭᠤ ᠠᠴᠠ ᠬᠢᠵᠦ ᠪᠦᠳᠦᠬᠡᠬᠦ ᠶᠢᠨ ᠠᠯᠳᠠᠨ ᠴᠠᠭ ᠢᠶᠠᠨ ᠠᠯᠳᠠᠬᠤ᠂ ᠵᠠᠳᠠᠭᠠᠢ ᠰᠠᠯᠠᠩ ᠢᠶᠠᠷ ᠠᠵᠦ ᠶᠠᠪᠤᠳᠠᠯ ᠤᠨ ᠠᠵᠠ ᠳᠤᠬᠢᠶᠡᠯ ᠠᠴᠠ ᠬᠤᠵᠢᠳᠠᠬᠤ ᠵᠡᠷᠬᠡ ᠶᠢᠨ ᠠᠯᠢ ᠠᠯᠢ ᠨᠢ ᠴᠤ ᠦᠶ᠎ᠠ ᠦᠶ᠎ᠠ ᠶᠢᠨ ᠦᠡᠭᠭᠡ᠂ ᠴᠠᠭ ᠴᠠᠭ ᠤᠨ ᠦᠡᠭᠭᠡᠷᠡᠯᠳᠡ᠃ ᠬᠠᠷᠢᠨ ᠨᠠᠰᠤᠯᠠᠵᠦ ᠦᠳᠡᠯᠬᠦ ᠶᠢᠨ ᠡᠷᠬᠡ ᠪᠠᠷ᠂ ᠡᠷᠬᠢᠨ ᠬᠠᠷᠠᠬᠤ ᠳᠤ ᠬᠠᠷᠠᠮᠰᠠᠯ ᠭᠤᠮᠤᠳᠠᠯ ᠴᠦᠬᠦᠷᠡᠯ ᠦᠯᠡᠳᠡᠬᠡᠵᠦ ᠤᠤ᠂ ᠤᠮᠤᠭᠰᠢᠯ ᠪᠠᠭ᠋ᠠᠳᠤᠯ ᠳᠤᠷᠠᠳᠬᠠᠯ ᠪᠤᠯᠤᠨ᠎ᠠ ᠤᠤ ᠬᠡᠳᠡᠭ ᠨᠢ ᠴᠢᠬᠤᠯᠠ ᠠᠴᠠ ᠴᠢᠬᠤᠯᠡ᠃       ᠡᠨᠡ ᠨᠢ ᠶᠠᠭ ᠯᠡ ᠨᠠᠮᠤᠷ ᠤᠨ ᠬᠠᠳᠠᠭᠰᠠᠨ ᠡᠪᠡᠰᠤ ᠳᠠᠷᠠᠭ᠎ᠠ ᠬᠠᠪᠤᠷ ᠤᠨ ᠨᠢᠯᠬ᠎ᠠ ᠰᠦᠶᠦᠬᠡ ᠪᠤᠯᠤᠨ ᠤᠷᠭᠤᠵᠦ ᠪᠤᠯᠳᠠᠭ ᠯᠤᠭ᠎ᠠ ᠢᠵᠢᠯ ᠶᠤᠰᠤᠨ ᠪᠢᠯᠡ᠃       ︽ᠵᠠᠯᠠᠭᠤ ᠨᠠᠰᠤ ᠪᠡ ᠬᠠᠪᠤᠷ ᠤᠨ ᠤᠷᠢᠨ ᠢᠵᠢᠯᠬᠡᠨ︾ ᠬᠡᠯᠴᠡᠳᠡᠭ ᠨᠢ ᠦᠨᠡᠨ ᠦᠬᠡ᠂ ᠤᠷᠤ ᠲᠠᠢ ᠵᠤᠭᠤᠭ᠃ ᠬᠠᠪᠤᠷ ᠪᠤᠯ ᠡᠬᠡ ᠪᠠᠶᠢᠭᠠᠯᠢ ᠶᠢᠨ ᠵᠠᠯᠠᠭᠤ ᠨᠠᠰᠤ᠂ ᠵᠠᠯᠠᠭᠤ ᠨᠠᠰᠤ ᠪᠤᠯ ᠬᠦᠮᠦᠨ ᠵᠠᠶᠠᠭᠠᠨ ᠤ ᠬᠠᠪᠤᠷ ᠴᠠᠭ᠃ ᠤᠷᠢᠨ ᠬᠠᠪᠤᠷ ᠤᠷᠭᠤᠭ᠎ᠠ ᠨᠠᠰᠤ ᠬᠤᠶᠡᠷ ︽ᠠᠭᠤᠯᠵᠠᠬᠤ︾ ᠪᠠᠷ ᠢᠶᠠᠨ ᠠᠮᠢᠵᠢᠷᠡᠯ ᠪᠢᠯᠬᠠᠨ᠂ ᠢᠳᠡᠬᠡᠯ ᠳᠦᠷᠦᠵᠦ᠂ ᠰᠡᠳᠬᠢᠯ ᠲᠡᠩᠭᠡᠵᠢᠨ᠂ ᠵᠢᠷᠦᠬᠡ ᠳᠤᠭᠳᠤᠯᠬᠤ ᠨᠢ ᠠᠷᠭ᠎ᠠ ᠦᠬᠡᠢ᠃       ᠤᠷᠢᠨ ᠬᠠᠪᠤᠷ ᠢ ᠤᠭᠳᠤᠬᠤ ᠰᠠᠶᠢᠬᠠᠨ᠂ ᠤᠬᠠᠭᠠᠷᠡᠵᠦ ᠠᠮᠢᠳᠤᠷᠠᠬᠤ ᠨᠡᠩ ᠰᠠᠶᠢᠬᠠᠨ᠃
ᠢᠷᠡᠯᠲᠡ᠄ ᠳᠤᠮᠳᠠᠳᠤ ᠤᠯᠤᠰ ᠤᠨ ᠮᠣᠩᠭᠤᠯ ᠬᠡᠯᠡᠨ ᠤ ᠰᠣᠨᠢᠨ ᠮᠡᠳᠡᠭᠡ ᠶᠢᠨ ᠰᠦᠯᠵᠢᠶ᠎ᠡ