︽ᠠᠪᠤ ᠶᠢᠨ ᠬᠦᠦ ᠠᠳᠠᠯᠢ ᠦᠭᠡᠢ᠂ ᠠᠷᠪᠠᠨ ᠬᠤᠷᠤᠭᠤ ᠲᠡᠭᠰᠢ ᠦᠭᠡᠢ︾ ᠭᠡᠳᠡᠭᠴᠢᠯᠡᠨ ᠬᠦᠮᠦᠰ ᠵᠠᠩ ᠠᠭᠠᠰᠢ᠂ ᠦᠵᠡᠯᠳᠠ ᠳᠠᠨᠢᠯᠳᠠ᠂ ᠤᠴᠠᠷᠠᠯ | ᠲᠤᠬᠢᠶᠠᠯᠳᠤᠯ ᠠᠳᠠᠯᠢ ᠪᠤᠰᠤ ᠠᠴᠠ ᠪᠤᠯᠵᠤ ᠬᠤᠭᠤᠷᠤᠨᠳᠤ ᠪᠠᠨ ᠬᠠᠶᠠ ᠵᠦᠷᠢᠴᠡᠯ ᠮᠦᠷᠭᠦᠯᠳᠦᠭᠡᠨ ᠡᠭᠦᠰᠬᠦ ᠨᠢ ᠲᠠᠮᠵᠢᠭ ᠦᠭᠡᠢ᠃ ︽ᠡᠪᠯᠡᠪᠡᠯ ᠪᠦᠳᠦᠨ᠎ᠡ ᠬᠤᠪᠯᠠᠪᠠᠯ | ᠭᠤᠳᠤᠨᠠ︾ ᠭᠡᠳᠡᠭ ᠢᠶᠠᠷ ᠵᠦᠷᠢᠴᠡᠯ ᠵᠠᠭᠤᠷᠠᠭᠠᠨ ᠢ ᠡᠪᠯᠢᠭ ᠰᠶᠢᠳᠪᠦᠷᠢᠯᠡᠬᠦ ᠳᠤ ᠬᠠᠷᠢᠯᠴᠠᠨ ᠡᠶ᠎ᠡ ᠨᠠᠶᠢᠷ ᠢ ᠡᠷᠬᠢᠮᠯᠡᠵᠦ᠂ ᠬᠠᠷᠢᠯᠴᠠᠨ ᠤᠶᠢᠯᠠᠭᠠᠵᠤ᠂ ᠤᠴᠢᠷ ᠶᠠᠪᠤᠳᠠᠯ ᠢ | ᠤᠯᠠᠨ ᠲᠠᠯ᠎ᠠ ᠠᠴᠠ ᠰᠡᠳᠭᠢᠨ ᠪᠤᠳᠤᠯᠬᠢᠯᠠᠬᠤ ᠨᠢ ᠮᠠᠰᠢ ᠴᠢᠬᠤᠯᠠ ᠶᠤᠮ᠃ | ᠦᠪᠡᠷ ᠪᠤᠰᠤᠳ ᠲᠤ ᠡᠶ᠎ᠡ ᠨᠠᠶᠢᠷ ᠲᠠᠢ ᠬᠠᠨᠳᠤᠬᠤ ᠪᠤᠯ ᠨᠢᠭᠡ ᠵᠦᠢᠯ ᠤᠨ ᠡᠷᠬᠢᠮ ᠰᠤᠷᠳᠠᠯ ᠮᠦᠨ᠃ ᠪᠢᠳᠡ ᠡᠶ᠎ᠡ ᠨᠠᠶᠢᠷᠳᠠᠢ ᠤᠷᠴᠢᠨ ᠲᠤᠭᠤᠷᠢᠨ ᠢ | ᠴᠤᠭᠴᠠᠯᠠᠬᠤ ᠳᠤ ᠪᠤᠰᠤᠳ ᠤᠨ ᠲᠦᠯᠦᠭᠡ ᠪᠤᠳᠤᠯᠬᠢᠯᠠᠵᠤ᠂ ᠯᠠᠪᠳᠠᠭᠤᠨ ᠬᠢᠨᠠᠭᠤᠷ᠂ ᠠᠭᠤᠳᠠᠮᠴᠢ ᠪᠤᠳᠤᠯ ᠢᠶᠠᠷ ᠬᠠᠷᠢᠯᠴᠠᠨ ᠨᠠᠶᠢᠷ ᠲᠠᠯᠪᠢᠬᠤ ᠰᠠᠶᠢᠬᠠᠨ ᠵᠠᠩᠰᠢᠯ ᠲᠠᠢ | ᠪᠠᠶᠢᠪᠠᠯ ᠵᠤᠬᠢᠨ᠎ᠠ᠃ ᠡᠭᠦᠨ ᠳᠤ ᠵᠠᠷᠢᠮ ᠬᠦᠮᠦᠨ ᠨᠠᠶᠢᠷ ᠲᠠᠯᠪᠢᠬᠤ ᠨᠢ ᠨᠢᠭᠤᠷ ᠢᠶᠠᠨ ᠪᠠᠷᠠᠭᠰᠠᠨ ᠲᠤᠷᠤᠢ ᠨᠤᠮᠤᠢ ᠵᠠᠩ ᠴᠢᠨᠠᠷ ᠤᠨ ᠢᠯᠡᠷᠡᠯ᠂ ᠬᠠᠷᠢᠨ ᠨᠢᠳᠤᠷᠭ᠎ᠠ | ᠡᠷᠭᠢᠭᠦᠯᠵᠤ ᠬᠦᠴᠤ ᠪᠠᠷ ᠢᠯᠠᠬᠤ ᠶᠢ ᠬᠦᠴᠦᠨ ᠴᠢᠳᠠᠯ᠂ ᠠᠷᠭ᠎ᠠ ᠤᠬᠠᠭᠠᠨ ᠤ ᠲᠡᠭᠡᠳᠦ ᠭᠡᠮᠡᠨ ᠦᠵᠡᠳᠡᠭ᠃ ︽ᠬᠦᠴᠦ ᠪᠠᠷ ᠮᠢᠩᠭᠠᠨ ᠯᠠᠩ᠂ ᠤᠬᠠᠭᠠᠨ ᠢᠶᠠᠷ | ᠲᠦᠮᠡᠨ ᠯᠠᠩ︾ ᠭᠡᠳᠡᠭ ᠢᠶᠠᠷ ᠤᠬᠠᠭᠠᠨᠳᠤ ᠬᠦᠮᠦᠰ ᠠᠮᠢᠳᠤᠷᠠᠯ ᠳᠤᠮᠳᠠ ᠳᠤᠬᠢᠶᠠᠯᠳᠤᠭᠰᠠᠨ ᠵᠦᠷᠢᠴᠡᠯ ᠢ ᠨᠠᠶᠢᠷᠰᠠᠭ ᠰᠢᠯᠤᠭᠤᠬᠠᠨ ᠰᠶᠢᠳᠪᠦᠷᠢᠯᠡᠵᠦ ᠴᠢᠳᠠᠳᠠᠭ᠃ | ᠨᠢᠭᠡ ᠬᠦᠮᠦᠨ ᠤᠯᠤᠰ ᠤᠷᠤᠨ᠂ ᠬᠠᠮᠳᠤ ᠨᠡᠶᠢᠳᠡ ᠪᠠ ᠪᠤᠰᠤᠳ ᠤᠨ ᠠᠰᠢᠭ ᠲᠤᠰᠠ ᠶᠢᠨ ᠲᠦᠯᠦᠭᠡ ᠨᠠᠶᠢᠷ ᠲᠠᠯᠪᠢᠬᠤ ᠰᠤᠷᠳᠠᠯ ᠲᠠᠢ ᠪᠠᠶᠢᠬᠤ ᠨᠢ ᠮᠦᠨ ᠴᠢᠨᠠᠷ | ᠲᠡᠭᠡᠷ᠎ᠡ ᠪᠠᠨ ᠲᠡᠭᠦᠨ ᠤ ᠦᠵᠡᠯ ᠤᠬᠠᠮᠰᠡᠷ ᠦᠨᠳᠦᠷ᠂ ᠶᠤᠰᠤ ᠰᠤᠷᠳᠡᠬᠤᠨ ᠰᠠᠶᠢᠨ ᠪᠠᠶᠢᠬᠤ᠂ ᠵᠠᠩ ᠴᠢᠨᠠᠷ ᠡᠭᠡᠯᠢ ᠲᠠᠷᠤᠤ ᠪᠠᠶᠢᠬᠤ ᠶᠢᠨ ᠢᠯᠡᠷᠡᠯ ᠶᠤᠮ᠃ | ᠬᠦᠮᠦᠨ ᠤ ᠬᠠᠷᠢᠯᠴᠠᠭᠠᠨ ᠳᠤ ᠠᠭᠤᠴᠢᠯᠠᠬᠤ᠂ ᠬᠦᠨᠳᠦᠳᠬᠡᠬᠦ᠂ ᠬᠠᠪᠰᠤᠷᠤᠯᠴᠠᠬᠤ ᠨᠢ ᠮᠠᠰᠢ ᠴᠢᠬᠤᠯᠠ ᠪᠠᠶᠢᠳᠠᠭ ᠪᠤᠯ ᠬᠦᠴᠦᠷᠬᠡᠬᠯᠡᠬᠦ᠂ ᠶᠤᠵᠤᠯᠠᠬᠤ᠂ ᠬᠤᠱᠤᠩᠨᠠᠬᠤ | ᠵᠡᠷᠭᠡ ᠨᠢ ᠲᠦᠢᠯ ᠤᠨ ᠮᠠᠭᠤ ᠪᠠᠶᠢᠵᠤ᠂ ᠬᠦᠮᠦᠰ ᠢ ᠡᠪ ᠨᠠᠶᠢᠷ ᠢᠶᠠᠨ ᠠᠯᠳᠠᠬᠤ ᠳᠤ ᠬᠦᠷᠭᠡᠨ᠎ᠡ᠃ | ᠦᠪᠡᠷ ᠪᠤᠰᠤᠳ ᠲᠤ ᠡᠶ᠎ᠡ ᠨᠠᠶᠢᠷ ᠲᠠᠢ ᠬᠠᠨᠳᠤᠬᠤ ᠪᠤᠯ ᠤᠶᠤᠨ ᠤᠬᠠᠭᠠᠨ ᠰᠠᠶᠢᠳᠠᠢ ᠶᠢᠨ ᠢᠯᠡᠷᠡᠯ ᠮᠦᠨ᠃ ᠬᠦᠮᠦᠰ ᠦᠵᠡᠯᠳᠡ ᠲᠠᠨᠢᠯᠳᠠ ᠨᠢᠭᠡᠳᠬᠦ ᠦᠭᠡᠢ | ᠪᠤᠶᠤ ᠠᠰᠢᠭ ᠲᠤᠰᠠ ᠬᠤᠬᠢᠷᠠᠯ ᠤᠴᠠᠷᠠᠭᠰᠠᠨ ᠦᠶᠡᠰ ᠵᠦᠷᠢᠴᠡᠯ ᠡᠭᠦᠰᠳᠡᠭ᠃ ᠡᠭᠦᠨ ᠳᠤ ᠤᠶᠤᠨ ᠤᠬᠠᠭᠠᠨ ᠰᠠᠶᠢᠳᠠᠢ ᠬᠦᠮᠦᠨ ᠪᠤᠯ ᠬᠦᠯᠢᠴᠡᠩᠭᠦᠢ ᠪᠠᠷ ᠪᠤᠳᠠᠳᠤ | ᠤᠴᠢᠷ ᠲᠤ ᠬᠠᠨᠳᠤᠨ᠂ ᠶᠤᠰᠤ ᠤᠴᠢᠷ ᠢ ᠲᠡᠯᠭᠡᠨ ᠶᠠᠷᠢᠵᠤ᠂ ᠠᠰᠠᠭᠤᠳᠠᠯ ᠢ ᠴᠠᠭ ᠲᠤᠬᠠᠢ ᠳᠤᠨᠢ ᠰᠶᠢᠳᠪᠦᠷᠢᠯᠡᠬᠦ ᠶᠢ ᠵᠤᠷᠢᠳᠠᠭ ᠠᠴᠠ ᠪᠢᠰᠢ ᠬᠡᠷᠡᠬᠦᠯ ᠴᠤᠤᠬᠢᠶᠠᠨ | ᠭᠠᠷᠭᠠᠬᠤ ᠠᠴᠠ ᠶᠡᠬᠡᠳᠡ ᠬᠢᠴᠢᠶᠡᠳᠡᠭ᠃ ᠡᠭᠦᠨ ᠤ ᠡᠰᠡᠷᠭᠦ ᠪᠠᠷ ᠤᠶᠤᠨ ᠤᠬᠠᠭᠠᠨ ᠮᠦᠴᠢᠳ ᠨᠢᠭᠡ ᠨᠢ ᠬᠡᠨ ᠳᠤ ᠴᠦ ᠨᠠᠶᠢᠷ ᠬᠠᠶᠠᠬᠤ ᠦᠬᠡᠢ᠂ ᠬᠦᠵᠦᠭᠦᠦ | ᠰᠤᠩᠭᠠᠨ ᠬᠡᠷᠡᠬᠦᠯ ᠱᠤᠤᠬᠢᠶᠠᠨ ᠲᠡᠭᠳᠡᠬᠡᠵᠦ ᠡᠪ ᠢᠶᠠᠨ ᠪᠠᠷᠠᠳᠠᠭ᠃ ᠶᠠᠭ ᠡᠶᠢᠮᠤᠷᠬᠦᠤ ᠦᠶ᠎ᠡ ᠨᠢ ᠨᠢᠭᠡ ᠬᠦᠮᠦᠨ ᠤ ᠬᠡᠪ ᠪᠤᠯᠪᠠᠰᠤᠷᠠᠯ᠂ ᠵᠢᠷᠤᠬᠡᠨ ᠲᠠᠮᠢᠷ᠂ ᠮᠤᠷᠠᠯ | ᠰᠤᠷᠳᠡᠯ ᠤᠨ ᠬᠠᠳᠠᠭᠤ ᠰᠢᠯᠭᠠᠯᠳᠠ ᠪᠤᠯᠳᠠᠭ᠃ ᠵᠠᠩᠭᠢᠯᠠᠭ᠎ᠠ ᠶᠢᠨ ᠦᠶᠡᠰ ᠶᠡᠭᠡ ᠲᠠᠯ᠎ᠠ ᠶᠢ ᠪᠤᠳᠤᠯᠬᠢᠯᠠᠵᠤ᠂ ᠠᠭᠤᠷ ᠤᠮᠤᠭ ᠢᠶᠠᠨ ᠲᠠᠷᠤᠵᠤ᠂ ᠡᠶ᠎ᠡ ᠨᠠᠶᠢᠷ ᠢ | ᠡᠷᠬᠢᠮᠯᠡᠵᠦ᠂ ᠤᠶᠠᠨ ᠵᠦᠭᠡᠯᠡᠨ ᠢᠶᠠᠷ ᠭᠠᠩ ᠬᠠᠳᠠᠭᠤ ᠶᠢ ᠢᠯᠠᠭᠰᠠᠨ ᠵᠢᠱᠢᠶ᠎ᠡ ᠡᠳᠦᠷ ᠲᠤᠳᠤᠮ ᠤᠨ ᠠᠮᠢᠳᠤᠷᠠᠯ ᠲᠤᠮᠳᠠ ᠮᠤᠩ ᠦᠭᠡᠢ ᠤᠯᠠᠨ ᠪᠠᠶᠢᠳᠠᠭ᠃ | ᠡᠶ᠎ᠡ ᠨᠠᠶᠢᠷ ᠠᠮᠢᠳᠤᠷᠠᠯ ᠤᠨ ᠴᠢᠮᠡᠭ᠃ ᠠᠮᠢᠳᠤᠷᠠᠯ ᠳᠤ ᠡᠶ᠎ᠡ ᠨᠠᠶᠢᠷ ᠪᠠᠶᠢᠳᠠᠭ ᠠᠴᠠ ᠦᠯᠡᠮᠵᠢ ᠶᠢᠨ ᠵᠢᠷᠭᠠᠯ ᠲᠠᠢ᠂ ᠤᠳᠬ᠎ᠠ ᠠᠭᠤᠯᠭ᠎ᠠ ᠲᠠᠢ᠂ ᠢᠯᠭᠤᠮ | ᠤᠷᠤᠭᠰᠢᠳᠠᠢ ᠪᠠᠶᠢᠳᠠᠭ᠃ ᠡᠶᠢᠮᠦ ᠠᠴᠠ ︽ᠦᠨᠦᠳᠦᠷ ᠴᠢ ᠢᠨᠢᠶᠡᠵᠦ᠂ ᠨᠦᠭᠦᠭᠡᠳᠡᠬᠢ ᠤᠭᠢᠯᠠᠳᠠᠭ ᠴᠤ᠂ ᠦᠭᠡᠷ᠎ᠡ ᠨᠢᠭᠡ ᠡᠳᠤᠷ ᠴᠢ ᠭᠤᠨᠢᠵᠤ᠂ ᠴᠠᠭᠠᠳᠤᠬᠢ ᠴᠢᠨᠢ | ᠲᠠᠭᠤᠯᠠᠨ᠎ᠠ᠃ ᠦᠯᠦᠭᠡᠢ ᠠᠪᠰᠠ ᠬᠤᠶᠠᠷ ᠢ ᠬᠦᠮᠦᠨ ᠪᠦᠬᠦᠨ ᠲᠡᠮᠵᠢᠳᠡᠭ ᠪᠤᠯᠬᠤᠷ᠂ ᠦᠭᠡᠷ᠎ᠡ ᠶᠠᠭᠤ ᠴᠤ ᠬᠡᠷᠡᠭ ᠦᠭᠡᠢ᠂ ᠪᠡᠶ᠎ᠡ ᠪᠡᠶ᠎ᠡ ᠪᠠᠨ ᠯᠡ ᠬᠠᠶᠢᠷᠠᠯᠨ︕ | ᠦᠷᠭᠡᠨ ᠬᠤᠷᠸ᠎ᠠ ᠳᠤ ᠬᠦᠮᠦᠨ ᠬᠠᠶᠢᠷ᠎ᠠ ᠪᠠᠷ ᠯᠠ ᠲᠤᠳᠠᠵᠤ ᠪᠤᠯᠬᠤ ᠦᠭᠡᠢ︕︾ ᠭᠡᠳᠡᠭ ᠰᠢᠭ ᠢᠶᠠᠷ ᠬᠠᠷᠢᠯᠴᠠᠨ ᠠᠭᠤᠴᠢᠯᠠᠨ ᠪᠠᠭᠳᠠᠭᠠᠵᠤ᠂ ᠬᠠᠷᠢᠯᠴᠠᠨ ᠢᠳᠡᠭᠡᠨ | ᠲᠡᠮᠵᠢᠵᠦ᠂ ᠡᠶ᠎ᠡ ᠨᠠᠶᠢᠷ ᠢ ᠲᠡᠭᠡᠳᠦᠯᠡᠨ ᠶᠠᠪᠤᠵᠠᠭᠠᠶ᠎ᠠ ᠬᠦᠮᠦᠰ ᠡ᠃ |