ᠪᠡᠭᠡᠵᠢᠩ ᠶᠡᠭᠡ ᠰᠤᠷᠭᠠᠭᠤᠯᠢ ᠶᠢᠨ ᠱᠧᠨᠵᠧᠨ ᠡᠮᠨᠡᠯᠭᠡ ᠶᠢᠨ ᠬᠤᠷᠢᠶᠠᠨ ᠤ ᠵᠢᠷᠦᠬᠡᠨ ᠤ ᠳᠣᠲᠣᠷ ᠰᠠᠯᠠᠭᠠᠨ ᠤ ᠡᠷᠬᠢᠯᠡᠭᠴᠢ ᠡᠮᠴᠢ ᠦ᠋ ᠴᠦᠨ ᠲᠠᠨᠢᠯᠴᠠᠭᠤᠯᠤᠨ | ᠬᠡᠯᠡᠬᠦ ᠳᠡᠭᠡᠨ᠂ ᠲᠦᠷᠭᠡᠨ ᠤᠶᠢᠯᠡᠳᠦᠯᠳᠦ ᠵᠢᠷᠦᠬᠡᠨ ᠤ ᠦᠷᠢᠯ ︵速效救心丸︶᠂ ᠠᠽᠣᠲ ᠬᠦᠴᠢᠯ ᠤᠨ ᠭᠯᠢᠼᠧᠷᠢᠨ ᠬᠠᠪᠲᠠᠭᠠᠶ ᠦᠷᠢᠯ ︵硝酸甘 | 油片︶᠂ ᠤᠯᠠᠭᠠᠨ ᠬᠢᠵᠢᠮᠢ ᠶᠢᠨ ᠨᠡᠶᠢᠯᠡᠮᠡᠯ ᠦᠷᠢᠯ ︵复方丹参滴丸︶ ᠪᠣᠯ ᠴᠥᠮ ᠢᠳᠡᠷ ᠥᠲᠡᠯᠦᠭᠡ ᠨᠠᠰᠤᠨ ᠤ ᠬᠥᠮᠦᠰ ᠤᠨ ᠦᠷᠭᠦᠯᠵᠢ | ᠬᠡᠷᠡᠭᠯᠡᠳᠡᠭ ︽ᠠᠮᠢ ᠠᠪᠤᠷᠬᠠᠤ ᠡᠮ︾ ᠪᠤᠯᠤᠨ᠎ᠠ᠃ | 1. ᠲᠦᠷᠭᠡᠨ ᠦᠢᠯᠡᠳᠦᠯᠳᠦ ᠵᠢᠷᠦᠬᠡᠨ ᠤ ᠦᠷᠢᠯ | ᠵᠢᠷᠦᠬᠡᠨ ᠪᠤᠯᠴᠢᠩ ᠤᠨ ᠴᠢᠰᠤ ᠳᠤᠲᠠᠬᠤ ᠶᠢ ᠠᠨᠠᠭᠠᠵᠤ᠂ ᠵᠢᠷᠦᠬᠡ ᠶᠢ ᠬᠠᠮᠠᠭᠠᠯᠠᠵᠦ᠂ ᠴᠢᠰᠤᠨ ᠤ ᠨᠢᠯᠴᠠᠭᠠᠢ ᠶᠢᠨ ᠬᠡᠮᠵᠢᠶ᠎ᠡ ᠶᠢ ᠪᠠᠭᠤᠷᠠᠭᠤᠯᠵᠤ᠂ ᠪᠤᠷᠤ ᠶᠢ | ᠬᠦᠭᠡᠭᠡᠵᠦ ᠡᠪᠡᠳᠬᠦ ᠶᠢ ᠵᠣᠭᠰᠣᠭᠠᠨ᠎ᠠ᠂ ᠪᠠᠰᠠ ᠵᠢᠷᠦᠬᠡ ᠲᠠᠷᠢᠬᠢᠨ ᠤ ᠴᠢᠰᠤᠨ ᠰᠤᠳᠠᠯ ᠤᠨ ᠡᠪᠡᠳᠴᠢᠨ ᠢ ᠰᠡᠷᠭᠡᠶᠢᠯᠡᠨ ᠵᠠᠰᠠᠨ᠎ᠠ᠂ ᠭᠡᠪᠡᠴᠦ ᠲᠤᠰᠬᠠᠢ ᠡᠮᠴᠢ ᠪᠤᠶᠤ | ᠡᠮ ᠨᠠᠶᠢᠷᠠᠭᠴᠢ ᠶᠢᠨ ᠵᠢᠯᠣᠭᠤᠳᠤᠯᠭ᠎ᠠ ᠳᠣᠣᠷ᠎ᠠ ᠤᠤᠭᠤᠬᠤ ᠬᠡᠷᠡᠭᠲᠡᠢ᠃ | 2.ᠠᠽᠣᠲ ᠬᠦᠴᠢᠯ ᠤᠨ ᠭᠯᠢᠼᠧᠷᠢᠨ ᠬᠠᠪᠲᠠᠭᠠᠶ ᠦᠷᠢᠯ | ᠲᠢᠳᠢᠮᠯᠢᠭ ᠯᠤᠬᠰᠢᠭᠤᠨ ᠰᠤᠳᠠᠯ ᠤᠨ ᠴᠢᠨᠠᠷᠳᠠᠢ ᠵᠢᠷᠦᠬᠡᠨ ᠡᠪᠡᠳᠴᠢᠨ ᠲᠠᠢ ᠬᠦᠮᠦᠰ ᠤᠨ ᠦᠷᠭᠦᠯᠵᠢ ᠠᠪᠴᠤ ᠶᠠᠪᠤᠳᠠᠭ ᠨᠢᠭᠡ ᠵᠤᠶᠢᠯ ᠤᠨ ᠡᠮ ᠪᠤᠯᠤᠨ᠎ᠠ᠂ | ᠲᠡᠷᠡ ᠨᠢ ᠵᠢᠷᠦᠬᠡ ᠪᠠᠵᠠᠯᠠᠵᠤ ᠡᠪᠡᠳᠬᠦ ᠶᠢ ᠲᠦᠷᠭᠡᠨ ᠨᠠᠮᠳᠠᠭᠠᠳᠠᠭ᠂ ᠭᠡᠪᠡᠴᠦ ᠵᠠᠪᠠᠯ ᠠᠩᠬᠠᠷᠬᠤ ᠬᠡᠷᠡᠭᠲᠡᠶ ᠵᠤᠶᠢᠯ ᠪᠤᠯ ᠲᠢᠳᠢᠮᠯᠢᠭ ᠯᠤᠬᠰᠢᠭᠤᠨ ᠰᠤᠳᠠᠯ ᠤᠨ | ᠴᠢᠨᠠᠷᠳᠠᠢ ᠵᠢᠷᠦᠬᠡᠨ ᠡᠪᠡᠳᠴᠢᠨ ᠢᠶᠠᠷ ᠤᠨᠤᠰᠢᠯᠠᠬᠳᠠᠬᠰᠠᠨ ᠬᠦᠮᠦᠰ ᠰᠠᠶ᠋ᠢ ᠪᠡᠯᠡᠳᠬᠡᠬᠦ ᠬᠡᠷᠡᠭᠲᠡᠶ᠃ | 3. ᠤᠯᠠᠭᠠᠨ ᠬᠢᠵᠢᠮᠢ ᠶᠢᠨ ᠨᠡᠶᠢᠯᠡᠮᠡᠯ ᠦᠷᠢᠯ | ᠲᠢᠳᠢᠮᠯᠢᠭ ᠯᠤᠬᠰᠢᠭᠤᠨ ᠰᠤᠳᠠᠯ ᠤᠨ ᠴᠢᠨᠠᠷᠳᠠᠢ ᠵᠢᠷᠦᠬᠡᠨ ᠡᠪᠡᠳᠴᠢᠨ ᠢ ᠵᠠᠰᠠᠬᠤ ᠳᠤ ᠦᠷᠭᠦᠯᠵᠢ ᠬᠡᠷᠡᠭᠯᠡᠳᠡᠭ ᠨᠢᠭᠡ ᠵᠤᠶᠢᠯ ᠤᠨ ᠪᠤᠯᠤᠨ᠎ᠠ᠂ ᠲᠡᠷᠡ ᠨᠢ | ᠦᠢᠯᠡᠳᠦᠯ ᠢᠶᠠᠷ ᠲᠦᠷᠭᠡᠨ ᠪᠠᠶᠢᠳᠠᠭ᠂ ᠲᠡᠭᠦᠨ ᠢ ᠵᠢᠷᠦᠬᠡ ᠴᠢᠰᠤᠨ ᠰᠤᠳᠠᠯ ᠤᠨ ᠡᠪᠡᠳᠴᠢᠨ ᠢ ᠰᠡᠷᠭᠡᠶᠢᠯᠡᠬᠦ ᠪᠠ ᠵᠠᠰᠠᠬᠤ ᠳᠤ ᠬᠡᠷᠡᠭᠯᠡᠵᠦ ᠪᠣᠯᠤᠨ᠎ᠠ᠃ | ᠠᠩᠬᠠᠷᠬᠤ ᠵᠤᠶᠢᠯ᠄ ᠪᠡᠶ᠎ᠡ ᠮᠠᠬᠠᠪᠣᠳ ᠨᠢ ᠡᠪ ᠥᠬᠡᠶ ᠪᠠᠶᠢᠳᠠᠯ ᠭᠠᠷᠪᠠᠯ ᠴᠠᠭ ᠲᠤᠬᠠᠶ ᠳᠤᠨᠢ ᠵᠢᠩᠬᠢᠨᠢ ᠡᠮᠨᠡᠯᠭᠡ ᠶᠢᠨ ᠬᠤᠷᠢᠶ᠎ᠠ ᠳᠤ ᠣᠴᠢᠵᠤ ᠡᠮᠨᠡᠭᠦᠯᠵᠦ᠂ | ᠲᠤᠰᠬᠠᠶ ᠡᠮᠴᠢ ᠪᠤᠶᠤ ᠡᠮ ᠨᠠᠶᠢᠷᠠᠭᠴᠢ ᠶᠢᠨ ᠵᠢᠯᠣᠭᠤᠳᠣᠯᠭ᠎ᠠ ᠳᠤᠤᠷ᠎ᠠ ᠲᠣᠰ ᠪᠡᠶ᠎ᠡ ᠶᠢᠨ ᠡᠪᠡᠳᠴᠢᠨ ᠤ ᠪᠠᠶᠢᠳᠠᠯ ᠢᠶᠠᠨ ᠦᠨᠳᠦᠰᠦᠯᠡᠨ ᠲᠤᠳᠤᠯᠠᠭᠤᠯᠤᠨ ᠵᠠᠰᠠᠭᠤᠯᠵᠤ | ᠂ ᠡᠮᠴᠢ ᠶᠢᠨ ᠵᠢᠭᠠᠪᠤᠷᠢ ᠪᠠᠷ ᠡᠮ ᠢ ᠵᠥᠪ ᠬᠡᠷᠡᠭᠯᠡᠬᠦ ᠬᠡᠷᠡᠭᠳᠡᠢ᠂ ᠬᠠᠷᠢᠨ ᠰᠣᠬᠤᠷ ᠪᠠᠯᠠᠶ ᠪᠠᠷ ᠡᠮ ᠬᠡᠷᠡᠭᠯᠡᠵᠦ ᠪᠣᠯᠬᠤ ᠥᠬᠡᠶ᠃ | |