ᠬᠦᠮᠦᠨ ᠠᠬ᠎ᠠ ᠲᠠᠢ ᠳᠡᠪᠡᠯ ᠵᠠᠬ᠎ᠠ ᠲᠠᠢ
ᠨᠡᠶᠢᠲᠡᠯᠡᠭᠰᠡᠨ ᠴᠠᠭ᠄
2025/4/25
      ᠤᠷᠴᠢᠮ ᠵᠢᠭᠤᠯᠴᠢᠯᠠᠵᠤ ᠶᠠᠪᠤᠭᠠᠳ ᠭᠠᠳᠠᠭᠠᠳᠤ ᠤᠯᠤᠰ ᠤᠨ ᠬᠢᠯᠢ ᠪᠠᠷ ᠤᠷᠤᠬᠤ ᠦᠶᠡᠰ ᠬᠦᠴᠢᠷᠳᠡᠯ ᠳᠤ ᠲᠤᠯᠭᠠᠷᠠᠭᠰᠠᠨ 3 ᠡᠪᠦᠭᠡᠵᠢᠶᠠᠷ ᠬᠦᠮᠦᠨ ᠢ ᠲᠤᠰᠠᠯᠠᠭᠰᠠᠨ ᠬᠤᠷᠢᠭᠠᠳ ᠨᠠᠰᠤᠨ ᠤ ᠥᠬᠢᠨ ᠤ ᠸᠢᠳᠢᠤ᠋ ᠳ᠋ᠤᠭᠠᠷ ᠲᠠᠭᠠᠨ ᠨᠡᠶᠢᠲᠡᠯᠡᠭᠰᠡᠨ ᠰᠢᠩᠭᠡᠭᠡᠯᠲᠡ ᠶᠢ ᠦᠵᠡᠯ᠎ᠡ᠃ ᠨᠢᠭᠡ ᠤᠳᠠᠭ᠎ᠠ ᠶᠢᠨ ᠬᠠᠪᠰᠤᠷᠤᠯᠭ᠎ᠠ ᠪᠠᠷ ᠳᠠᠮᠵᠢᠨ ᠲᠡᠳᠡ ᠨᠠᠰᠤᠨ ᠤ ᠬᠢᠵᠠᠭᠠᠷ ᠢ ᠳᠠᠪᠠᠭᠰᠠᠨ ᠨᠥᠭᠦᠷᠯᠡᠯ ᠪᠠᠶᠢᠭᠤᠯᠤᠭᠰᠠᠨ ᠪᠦᠭᠡᠳ ᠦᠷᠭᠦᠯᠵᠢ ᠬᠠᠪᠰᠤᠷᠤᠯᠴᠠᠬᠤ ᠪᠤᠯᠤᠭᠰᠠᠨ ᠭᠡᠯᠴᠡᠨ᠎ᠡ᠃       ᠡᠨᠡ ᠬᠦ ᠸᠢᠳᠢᠤ᠋ ᠰᠢᠩᠭᠡᠭᠡᠯᠲᠡ ᠳᠤ᠂ ︽ᠭᠠᠳᠠᠭᠰᠢ ᠭᠠᠷᠬᠤ ᠳᠤ ᠠᠪᠤ ᠡᠵᠢ ᠪᠠᠨ ᠬᠠᠷᠢᠯᠴᠠᠨ ᠬᠠᠪᠰᠤᠷᠬᠤ ᠬᠡᠯᠡᠯᠴᠡᠭᠡᠷ︾ ᠳᠤᠭᠲᠠᠭᠰᠠᠨ ᠳᠤᠬᠠᠢ ᠳᠤᠷᠠᠳᠴᠠᠢ ᠃ ᠰᠦᠯᠵᠢᠶᠡᠨ ᠠᠴᠠ ᠡᠷᠢᠵᠦ ᠦᠵᠡᠭᠰᠡᠨ ᠳᠤ ᠡᠨᠡ ᠬᠦ ᠰᠠᠨᠠᠭᠠᠴᠢᠯᠠᠭ᠎ᠠ ᠶᠢ ᠨᠢᠭᠡ ᠪᠦᠯᠦᠭ ᠵᠠᠯᠠᠭᠤᠴᠤᠳ ᠨᠡᠶᠢᠭᠡᠮ ᠤᠨ ᠬᠠᠷᠢᠯᠴᠠᠭᠠᠨ ᠤ ᠰᠦᠯᠵᠢᠶᠡᠨ ᠳᠡᠭᠡᠷ᠎ᠡ ᠠᠩᠬ᠎ᠠ ᠡᠭᠢᠯᠡᠭᠦᠯᠵᠦ᠂ ︽ᠪᠢᠳᠡᠨ ᠤ ᠠᠬᠠᠰ ᠵᠠᠬᠠᠰ ᠭᠠᠳᠠᠭᠰᠢ ᠭᠠᠷᠤᠭᠠᠳ ᠳᠦᠪᠡᠭᠳᠡᠵᠦ ᠭᠠᠴᠢᠭᠳᠠᠬᠤ ᠦᠶᠡᠰ ᠬᠠᠯᠠᠭᠤᠨ ᠭᠠᠷ ᠢᠶᠠᠨ ᠰᠤᠩᠭᠠᠬᠤ ᠬᠦᠮᠦᠨ ᠪᠠᠶᠢᠭᠠᠰᠠᠢ︔ ᠡᠨᠡ ᠤᠳᠠᠭ᠎ᠠ ᠲᠠ ᠠᠪᠤ ᠡᠵᠢ ᠶᠢ ᠮᠢᠨᠢ ᠬᠠᠪᠰᠤᠷᠤᠭᠰᠠᠨ ᠪᠤᠯ᠂ ᠳᠠᠷᠠᠭ᠎ᠠ ᠤᠳᠠᠭ᠎ᠠ ᠪᠢ ᠠᠪᠤ ᠡᠵᠢ ᠶᠢ ᠲᠠᠨᠢ ᠬᠠᠪᠰᠤᠷᠤᠶ᠎ᠠ︾ ᠭᠡᠵᠦ ᠰᠦᠯᠵᠢᠶᠡᠨ ᠳᠡᠭᠡᠷ᠎ᠡ ᠪᠤᠯᠵᠤᠬᠤ ᠠᠵᠢᠯᠯᠠᠭ᠎ᠠ ᠥᠷᠨᠢᠭᠦᠯᠵᠡᠢ᠃ ᠡᠨᠡ ᠬᠦ ︽ᠭᠠᠳᠠᠭᠰᠢ ᠭᠠᠷᠬᠤ ᠳᠤ ᠠᠪᠤ ᠡᠵᠢ ᠪᠠᠨ ᠬᠠᠷᠢᠯᠴᠠᠨ ᠬᠠᠪᠰᠤᠷᠬᠤ ᠬᠡᠯᠡᠯᠴᠡᠭᠡᠷ︾ ᠨᠢ ︽ᠪᠢ ᠰᠠᠶᠢᠨ ᠳᠤᠷ᠎ᠠ ᠠᠴᠠ ᠪᠠᠨ ᠭᠠᠳᠠᠭᠰᠢ ᠭᠠᠷᠬᠤ ᠳᠤ ᠬᠠᠷᠢᠯᠴᠠᠨ ᠬᠠᠪᠰᠤᠷᠤᠯᠴᠠᠬᠤ ᠬᠡᠯᠡᠯᠴᠡᠭᠡᠷ ᠲᠧ ᠭᠠᠷ ᠤᠨ ᠦᠰᠦᠭ ᠵᠢᠷᠤᠪᠠ᠂ ᠬᠦᠴᠢᠷᠳᠡᠯ ᠳᠤ ᠲᠤᠯᠭᠠᠷᠠᠭᠰᠠᠨ ᠠᠬᠠᠰ ᠵᠠᠬᠠᠰ ᠢᠶᠠᠨ ᠬᠠᠷᠢᠯᠴᠠᠨ ᠬᠠᠪᠰᠤᠷᠤᠯᠴᠠᠵᠠᠭᠠᠶ᠎ᠠ︾ ᠭᠡᠵᠦ ᠰᠠᠨᠠᠭᠠᠴᠢᠯᠡᠨ᠂ ᠦᠳᠡᠭᠦᠰ ᠨᠠᠰᠤᠲᠠᠶᠢᠴᠦᠳ ᠢ ᠬᠠᠯᠠᠮᠵᠢᠯᠠᠵᠤ ᠬᠠᠪᠰᠤᠷᠬᠤ ᠰᠢᠨ᠎ᠡ ᠠᠷᠭ᠎ᠠ ᠬᠡᠯᠪᠡᠷᠢ ᠶᠢ ᠪᠤᠢ ᠪᠤᠯᠭᠠᠭᠰᠠᠨ ᠪᠠᠶᠢᠨ᠎ᠠ᠃       ᠨᠠᠰᠤᠵᠢᠯ ᠤᠨ ᠨᠡᠶᠢᠭᠡᠮ ᠳᠤ ᠤᠷᠤᠭᠰᠠᠨ ᠥᠨᠥᠳᠦᠷ ᠨᠠᠰᠤᠲᠠᠶᠢᠴᠦᠳ ᠢ ᠬᠠᠯᠠᠮᠵᠢᠯᠠᠵᠤ ᠳᠡᠮᠵᠢᠬᠦ ᠠᠰᠠᠭᠤᠳᠠᠯ ᠪᠢᠳᠡ ᠪᠦᠬᠦᠨ ᠳᠤ ᠬᠤᠯᠪᠤᠭᠳᠠᠵᠤ᠂ ᠲᠠᠯ᠎ᠠ ᠲᠠᠯ᠎ᠠ ᠠᠴᠠ ᠪᠤᠳᠤᠯᠬᠢᠯᠠᠨ ᠨᠠᠰᠤᠲᠠᠶᠢᠴᠦᠳ ᠢ ᠬᠠᠶᠢᠷᠠᠯᠠᠵᠤ ᠬᠠᠯᠠᠮᠵᠢᠯᠠᠬᠤ ᠨᠡᠶᠢᠭᠡᠮ ᠤᠨ ᠬᠠᠯᠠᠭᠤᠨ ᠳᠤᠯᠠᠭᠠᠨ ᠤᠷᠴᠢᠨ ᠲᠤᠭᠤᠷᠢᠨ ᠢ ᠪᠦᠷᠢᠯᠳᠦᠭᠦᠯᠬᠦ ᠴᠢᠬᠤᠯᠠᠲᠠᠢ ᠪᠤᠯᠵᠠᠢ᠃ ᠴᠠᠭ ᠤᠨ ᠤᠷᠤᠰᠬᠠᠯ ᠢ ᠳᠠᠭᠠᠵᠤ᠂ ᠨᠡᠶᠢᠭᠡᠮ ᠤᠨ ᠭᠤᠤᠯᠯᠠᠬᠤ ᠬᠦᠴᠦᠨ ᠪᠤᠯᠤᠭᠰᠠᠨ ᠵᠠᠯᠠᠭᠤᠴᠤᠳ ᠡᠨᠡ ᠳᠤᠬᠠᠢ ᠶᠠᠭᠤᠨ ᠤ ᠤᠷᠢᠳ ᠪᠤᠳᠤᠯᠬᠢᠯᠡᠵᠤ᠂ ᠢᠨᠲ᠋ᠤᠷ ᠰᠦᠯᠵᠢᠶᠡᠨ ᠤ ᠬᠤᠷᠳᠤᠨ ᠲᠡᠷᠭᠡ ᠶᠢ ᠠᠰᠢᠭᠯᠠᠨ ︽ᠠᠪᠤ ᠡᠵᠢ ᠪᠠᠨ ᠬᠠᠷᠢᠯᠴᠠᠨ ᠬᠠᠪᠰᠤᠷᠬᠤ ᠬᠡᠯᠡᠯᠴᠡᠭᠡᠷ ᠳᠤᠭᠲᠠᠬᠤ︾ ᠰᠢᠨ᠎ᠡ ᠰᠠᠨᠠᠭᠠᠴᠢᠯᠠᠭ᠎ᠠ ᠭᠠᠷᠭᠠᠵᠠᠢ ᠃ ᠡᠨᠡᠬᠦ ᠬᠡᠯᠡᠯᠴᠡᠭᠡᠷ ᠨᠢ ᠬᠠᠤᠯᠢ ᠴᠠᠭᠠᠵᠠ ᠶᠢᠨ ᠬᠦᠴᠦᠨ ᠦᠭᠡᠢ ᠪᠤᠯᠪᠠᠴᠤ ᠵᠠᠯᠠᠭᠤᠴᠤᠳ ᠤᠨ ᠬᠦᠷᠢᠶᠡᠯᠡᠯ ᠢ ᠶᠡᠬᠡᠲᠡ ᠣᠯᠵᠤ᠂ ᠤᠯᠠᠨ ᠭᠠᠵᠠᠷ ᠤᠨ ᠵᠠᠯᠠᠭᠤᠴᠤᠳ ᠴᠤᠤᠷᠢᠶᠠᠳᠤᠨ ᠳᠠᠭᠠᠵᠠᠢ᠃ ᠬᠤᠸᠠ ᠱᠠᠩ ᠰᠤᠨᠢᠨ ᠤ ᠳᠠ ᠹᠤᠩ ᠰᠤᠨᠢᠨ ᠮᠡᠳᠡᠭᠡ ᠳᠠᠪᠴᠠᠩ ᠤᠨ ᠰᠤᠷᠪᠤᠯᠵᠢᠯᠠᠭᠴᠢ ᠶᠢᠨ ᠮᠡᠳᠡᠭᠡᠯᠡᠯ ᠳᠤ᠂ ᠲᠡᠳᠡ ᠰᠢ ᠠᠨ ᠬᠤᠲᠠ ᠳᠤ 50 ᠤᠶᠤᠲᠠᠨ ᠢ ᠰᠤᠷᠪᠤᠯᠵᠢᠯᠠᠭᠰᠠᠨ ᠳᠤ᠂ 90% ᠶᠢᠨ ᠤᠶᠤᠲᠠᠨ ᠡᠨᠡᠬᠦ ᠬᠡᠯᠡᠯᠴᠡᠭᠡᠷ ᠢ ᠰᠦᠯᠵᠢᠶᠡᠨ ᠠᠴᠠ ᠣᠯᠵᠤ ᠬᠠᠷᠠᠵᠠᠢ ᠭᠡᠰᠡᠨ ᠪᠠ ᠤᠯᠠᠩᠬᠢ ᠨᠢ ᠡᠨᠡ ᠬᠦ ᠬᠡᠯᠡᠯᠴᠡᠭᠡᠷ ᠲᠧ ᠤᠷᠤᠯᠴᠠᠬᠤ ᠪᠠᠷ ᠰᠦᠯᠵᠢᠶᠡᠨ ᠳᠡᠭᠡᠷ᠎ᠡ ᠦᠭᠡ ᠦᠯᠡᠳᠡᠭᠡᠭᠰᠡᠨ ᠭᠡᠵᠡᠢ᠃ ᠰᠦᠯᠵᠢᠶᠡᠨ ᠳᠡᠭᠡᠷᠡᠬᠢ ᠵᠠᠯᠠᠭᠤᠴᠤᠳ ᠤᠨ ᠦᠭᠡ ᠦᠯᠡᠳᠡᠭᠡᠭᠰᠡᠨ ᠠᠴᠠ ᠦᠵᠡᠬᠦ ᠳᠤ᠂ ᠲᠠᠳᠡ ᠴᠦᠮ ᠭᠠᠳᠠᠭᠰᠢ ᠭᠠᠷᠬᠤ ᠦᠶᠡᠰ᠂ ᠡᠰᠡᠭᠦᠯ᠎ᠡ ᠵᠡᠭᠡᠯᠢ ᠳᠡᠭᠡᠷ᠎ᠡ ᠭᠠᠴᠢᠭᠳᠠᠵᠤ ᠪᠠᠶᠢᠭ᠎ᠠ ᠨᠠᠰᠤᠲᠠᠶᠢᠴᠤᠳ ᠲᠠᠢ ᠲᠠᠭᠠᠷᠠᠪᠠᠯ᠂ ᠦᠨ᠎ᠡ ᠲᠦᠯᠥᠪᠥᠷᠢ ᠦᠭᠡᠢ ᠪᠠᠷ ᠶᠠᠮᠠᠷᠪᠠ ᠬᠠᠪᠰᠤᠷᠤᠯᠭ᠎ᠠ ᠳᠡᠮᠵᠢᠯᠭᠡ ᠬᠠᠩᠭᠠᠨ᠎ᠠ ᠭᠡᠵᠦ ᠢᠯᠡᠳᠭᠡᠵᠡᠢ᠃ ᠵᠢᠱᠢᠶᠡᠯᠡᠬᠦ ᠳᠤ ᠵᠠᠮ ᠠᠰᠠᠭᠤᠬᠤ᠂ ᠳᠦᠷᠢᠶᠡᠰᠦᠨ ᠮᠠᠰᠢᠨ ᠳᠠᠭᠤᠳᠠᠬᠤ᠂ ᠬᠤᠭᠤᠯᠠᠨ ᠭᠡᠷ ᠡᠷᠢᠬᠦ᠂ ᠡᠮ ᠲᠡᠩ ᠠᠪᠬᠤ ᠵᠡᠷᠭᠡ ᠪᠤᠯᠤᠨ᠎ᠠ᠃       ᠡᠨᠡ ᠬᠦ ᠰᠠᠨᠠᠭᠠᠴᠢᠯᠠᠭ᠎ᠠ ᠨᠢ ︽ᠮᠢᠨᠦ ᠠᠪᠤ ᠡᠵᠢ᠂ ᠲᠠᠨ ᠤ ᠠᠪᠤ ᠡᠵᠢ︾ ᠭᠡᠵᠦ ᠪᠢᠳᠡᠨ ᠤ ᠬᠦᠮᠦᠨ ᠨᠢᠭᠡᠪᠦᠷᠢ ᠳᠤ ᠰᠢᠭᠤᠳ ᠤᠶᠢᠷᠠᠲᠤᠭᠤᠯᠵᠤ ᠬᠡᠯᠡᠭᠰᠡᠨ ᠢᠶᠠᠷ ᠢᠶᠠᠨ ᠤᠷᠢᠶᠠᠯᠠᠭ᠎ᠠ ᠨᠢ ᠬᠦᠴᠦᠨ ᠲᠠᠢ ᠪᠤᠯᠵᠤ᠂ ᠨᠠᠰᠤᠲᠠᠶᠢᠴᠤᠳ ᠢ ᠳᠤᠰᠠᠯᠠᠶ᠎ᠠ ᠭᠡᠵᠦ ᠭᠠᠭᠴᠠ ᠲᠠᠯ᠎ᠠ ᠠᠴᠠ ᠤᠷᠢᠶᠠᠯᠠᠭᠰᠠᠨ ᠠᠴᠠ ᠢᠯᠡᠭᠦᠦ ᠦᠷ᠎ᠡ ᠪᠦᠲᠦᠮᠵᠢ ᠲᠠᠢ ᠪᠤᠯᠵᠠᠢ᠃ ᠮᠤᠩᠭᠤᠯ ᠠᠷᠠᠳ ᠤᠨ ᠦᠭᠡᠨ ᠳᠤ ︽ᠬᠦᠮᠦᠨ ᠠᠬ᠎ᠠ ᠲᠠᠢ᠂ ᠳᠡᠪᠡᠯ ᠵᠠᠬ᠎ᠠ ᠲᠠᠢ︾ ᠭᠡᠳᠡᠭ᠂ ᠦᠳᠡᠭᠦᠰ ᠨᠠᠰᠤᠲᠠᠶᠢᠴᠤᠳ ᠢᠶᠠᠨ ᠬᠦᠨᠳᠦᠯᠡᠵᠦ᠂ ᠲᠡᠳᠡᠨ ᠤ ᠭᠠᠴᠢᠭᠳᠠᠵᠤ ᠪᠠᠶᠢᠬᠤ ᠶᠢ ᠦᠵᠡᠪᠡᠯ ᠪᠢᠳᠡ ᠬᠠᠯᠠᠭᠤᠨ ᠭᠠᠷ ᠢᠶᠠᠨ ᠰᠤᠩᠭᠠᠨ ᠬᠠᠪᠰᠤᠷᠪᠠᠯ ᠵᠤᠬᠢᠨ᠎ᠠ᠃ ᠦᠨᠦᠳᠦᠷ ᠪᠢ ᠬᠡᠨ ᠨᠢᠭᠡᠨ ᠤ ᠠᠪᠤ ᠡᠵᠢ ᠶᠢ ᠬᠠᠪᠰᠤᠷᠤᠭᠰᠠᠨ ᠪᠠᠶᠢᠬᠤ ᠳᠤ᠂ ᠳᠠᠷᠠᠭ᠎ᠠ ᠤᠳᠠᠭ᠎ᠠ ᠠᠪᠤ ᠡᠵᠢ ᠶᠢ ᠮᠢᠨᠢ ᠭᠡᠨ ᠨᠢᠭᠡ ᠨᠢ ᠬᠠᠪᠰᠤᠷᠴᠤ ᠮᠡᠳᠡᠨ᠎ᠡ᠂ ᠨᠠᠰᠤᠵᠢᠯ ᠤᠨ ᠨᠡᠶᠢᠭᠡᠮ ᠳᠤ ᠢᠩᠬᠢᠵᠦ ᠨᠢᠭᠡ ᠨᠢᠭᠡᠨ ᠢᠶᠠᠨ ᠬᠠᠪᠰᠤᠷᠬᠤ ᠶᠠᠪᠤᠳᠠᠯ ᠲᠤᠩ ᠱᠠᠭᠠᠷᠳᠠᠭᠳᠠᠨ᠎ᠠ᠃
ᠢᠷᠡᠯᠲᠡ᠄ ᠳᠤᠮᠳᠠᠳᠤ ᠤᠯᠤᠰ ᠤᠨ ᠮᠣᠩᠭᠤᠯ ᠬᠡᠯᠡᠨ ᠤ ᠰᠣᠨᠢᠨ ᠮᠡᠳᠡᠭᠡ ᠶᠢᠨ ᠰᠦᠯᠵᠢᠶ᠎ᠡ