ᠠᠶᠢᠯ ᠤᠨ ᠠᠬ᠎ᠠ ᠴᠡᠬᠡᠵᠢ ᠪᠠᠨ ᠤᠷᠤᠭᠰᠢ ᠲᠦᠷᠢᠵᠦ ᠬᠦᠯ ᠢᠶᠠᠨ ᠴᠢᠷᠦᠭᠰᠡᠭᠡᠷ ᠠᠶᠢᠰᠤᠢ᠃ ᠭᠠᠷ ᠢᠶᠠᠨ ᠰᠠᠵᠢᠬᠤ ᠦᠭᠡᠢ ᠬᠠᠷᠢᠨ ᠠᠷᠤᠨᠰᠢ ᠪᠠᠨ | ᠲᠡᠷᠪᠠᠶᠢᠯᠬᠡᠵᠦ ᠶᠠᠪᠤᠳᠠᠭ ᠰᠤᠨᠢᠨ ᠬᠦᠮᠦᠨ᠃ | ︽ᠰᠠᠶᠢᠨ ᠤᠤ᠂ ᠲᠠ︕ ᠭᠡᠷ ᠲᠠᠶᠠᠭᠠᠷ ᠢᠶᠠᠨ ᠰᠠᠶᠢᠨ ᠪᠠᠶᠢᠵᠠᠭᠠᠨ᠎ᠠ ᠤᠤ︖︾ ᠭᠡᠰᠡᠨ ᠳᠤ᠂ ︽ᠰᠠᠶᠢᠨ᠂ ᠰᠠᠶᠢᠨ ᠤᠤ︖︾ ᠭᠡᠳ ᠶᠠᠮᠠᠷ ᠨᠢᠬᠡᠨ | ᠵᠦᠢᠯ ᠳᠤ ᠶᠠᠭᠠᠷᠠᠭᠰᠠᠨ ᠪᠤᠯᠤᠯᠳᠠᠢ ᠨᠢᠳᠦ ᠨᠢ ᠲᠤᠭᠳᠠᠵᠤ ᠶᠠᠳᠠᠨ᠎ᠠ᠃ | ︽ᠬᠠᠮᠢᠭ᠎ᠠ ᠤᠴᠢᠬᠤ ᠭᠡᠵᠤ ᠶᠠᠪᠤᠨ᠎ᠠ︖︾ ᠬᠡᠰᠡᠨ ᠳᠤ᠂ ︽ᠪᠠᠯᠭᠠᠰᠤᠨ ᠲᠡᠭᠡᠷ᠎ᠡ ᠡᠷᠦᠬᠡ ᠶᠢᠨ ᠴᠡᠷᠢᠭ ᠤᠨ ᠴᠤᠭᠯᠠᠭᠠᠨ ᠪᠤᠯᠬᠤ ᠭᠡᠳ ᠬᠦᠯ ᠭᠠᠵᠠᠷ | ᠬᠦᠷᠬᠦ ᠦᠭᠡᠢ ᠲᠡᠭᠳᠡᠵᠦ ᠶᠠᠪᠤᠨ᠎ᠠ᠃ ᠠᠶᠢᠯ ᠤᠨ ᠠᠬ᠎ᠠ ᠨᠢ ᠡᠷᠦᠬᠡ ᠶᠢᠨ ᠴᠡᠷᠢᠭ ᠤᠨ ᠪᠤᠯᠪᠠᠰᠤᠷᠠᠯ ᠳᠤ ᠲᠠᠪᠳᠠᠭᠳᠠᠵᠤ ᠶᠠᠪᠤᠭᠰᠠᠨ︾ ᠭᠡᠳ ᠮᠠᠶᠢᠵᠢᠬᠢᠨᠠᠪᠠ᠃ | ᠬᠦᠯ ᠨᠢ ᠬᠤᠮᠦ᠋ᠢᠵᠦ ᠲᠠᠮᠤᠯᠳᠤᠵᠤ ︵ᠨᠢᠬᠡ ᠬᠦᠯ ᠨᠢ ᠨᠦᠬᠦᠭᠡ ᠬᠦᠯ ᠳᠤ ᠲᠡᠭᠡᠭᠯᠡᠨ ᠤᠶᠢᠴᠢᠬᠤ︶ ᠤᠨᠠᠬᠤ ᠳᠤ ᠬᠤᠯᠠ ᠦᠭᠡᠢ ᠮᠠᠶᠢᠵᠢᠬᠢᠨᠠᠬᠤ ᠨᠢ ᠡᠮᠨᠢᠭ | ᠲᠤᠭᠰᠢᠨ ᠤᠨᠤᠵᠤ᠂ ᠠᠵᠢᠯ ᠤᠨ ᠬᠦᠨᠳᠦ ᠶᠢ ᠬᠢᠵᠦ ᠶᠠᠪᠤᠭᠰᠠᠨ ᠢᠶᠠᠨ ᠭᠡᠷᠡᠴᠢᠯᠡᠬᠦ ᠭᠡᠰᠡᠨ ᠮᠡᠳᠦ᠃ ᠨᠤᠭᠤᠭᠠᠨ ᠲᠠᠰᠠᠮ᠎ᠠ ᠲᠠᠢ ᠴᠠᠭᠠᠨ ᠪᠤᠯᠢᠭᠠᠷᠢ ᠭᠤᠳᠤᠯ ᠨᠢ | ᠤᠷᠤᠭ ᠬᠠᠯᠳᠠᠷ ᠪᠤᠯᠵᠠᠢ᠃ ᠲᠤᠭᠤᠰᠤ ᠰᠢᠷᠤᠢ ᠲᠠᠭᠠᠭᠠᠬᠤ ᠪᠠᠷ ᠬᠠᠷ᠎ᠠ ᠪᠠᠷᠠᠭᠠᠨ ᠦᠩᠭᠡᠳᠡᠢ ᠭᠤᠳᠤᠯ ᠡᠮᠦᠰᠦᠭᠰᠡᠨ ᠦᠭᠡᠢ ᠨᠢ ᠬᠠᠷᠢᠨ ᠵᠠᠯᠠᠭᠤ ᠽᠠᠨᠳᠠᠨ | ᠶᠠᠪᠤᠭᠰᠠᠨ ᠢᠶᠠᠷ ᠢᠶᠠᠨ ᠪᠠᠭᠠᠷᠬᠠᠬᠤ ᠭᠡᠰᠡᠨ ᠶᠤᠮ ᠪᠢᠵᠠ᠃ | ᠡᠷᠦᠬᠡ ᠶᠢᠨ ᠴᠡᠷᠢᠭ ᠭᠡᠰᠡᠨ ᠨᠢ ᠮᠠᠨᠤᠰ ᠢ ᠪᠠᠭ᠎ᠠ ᠳᠤ ᠬᠦᠴᠦ ᠲᠤᠷᠪᠢ ᠲᠠᠢ᠂ ᠵᠠᠯᠠᠭᠤ ᠢᠳᠡᠷᠴᠦᠳ ᠨᠢ ᠡᠷᠦᠬᠡ ᠶᠢᠨ ᠴᠡᠷᠢᠭ ᠲᠤ ᠲᠠᠳᠠᠭᠳᠠᠭᠠᠳ ᠬᠡᠦᠬᠡᠳ | ᠬᠦᠭᠰᠢᠳ ᠯᠡ ᠮᠠᠯ ᠤᠨ ᠵᠠᠬ᠎ᠠ ᠲᠡᠭᠡᠷ᠎ᠡ ᠬᠤᠴᠤᠷᠳᠠᠭ ᠪᠠᠶᠢᠯ᠎ᠠ᠃ ᠠᠪᠤ ᠬᠡᠳᠦᠨ ᠲᠡᠭᠡᠭᠡᠪᠦᠷᠢ ᠶᠢᠨ ᠲᠡᠮᠡᠭᠡ ᠬᠦᠳᠦᠯᠦᠨ᠂ ᠤᠷᠳᠤ ᠠᠭᠤᠯᠠᠨ ᠠᠴᠠ ᠡᠪᠡᠰᠦᠨ ᠬᠦᠷᠢᠶ᠎ᠡ | ᠲᠠᠳᠠᠬᠤ ᠮᠤᠳᠤ ᠪᠠᠭᠤᠯᠭᠠᠬᠤ ᠪᠠᠷ ᠶᠠᠪᠤᠭᠠᠳ ᠡᠵᠡᠬᠦᠢ᠃ | ᠮᠠᠨ ᠤ ᠬᠢ ᠬᠤᠨᠢ ᠤᠯᠠᠨ ᠲᠠᠢ᠃ ᠴᠡᠰᠤ ᠤᠷᠤᠵᠤ ᠲᠡᠭᠷᠢ ᠬᠦᠢᠳᠡᠷᠡᠨ ᠮᠠᠯ ᠢᠶᠠᠨ ᠬᠠᠰᠢᠶᠠᠯᠠᠵᠤ ᠡᠬᠢᠯᠡᠩᠬᠦᠳᠡ ᠬᠤᠷᠤᠭ᠎ᠠ ᠬᠤᠳᠠᠨ ᠤ ᠰᠢᠭᠡᠭ ᠵᠤᠵᠠᠭᠠᠷᠠᠨ | ᠬᠤᠷᠢ ᠬᠤᠨᠤᠬᠤ ᠦᠭᠡᠢ ᠯᠠ ᠬᠦᠷᠵᠡᠩ ᠬᠢᠰᠭᠢᠬᠦ ᠠᠵᠢᠯ ᠭᠠᠷᠤᠨ᠎ᠠ᠃ | ᠨᠢᠬᠡ ᠡᠳᠦᠷ ᠪᠠᠷᠪᠠᠶᠢᠭᠰᠠᠨ ᠬᠠᠷ᠎ᠠ ᠰᠠᠬᠠᠯ ᠲᠠᠢ ᠲᠠᠭᠵᠢᠭᠠᠷ ᠵᠢᠵᠢᠭᠬᠡᠨ ᠪᠡᠶ᠎ᠡ ᠲᠠᠢ ᠪᠠᠳᠤᠴᠠᠭᠠᠨ ᠭᠡᠭᠴᠢ ᠬᠦᠮᠦᠨ᠂ ᠠᠳᠤᠭᠤᠴᠢᠨ ᠠᠪᠠᠭ᠎ᠠ ᠴᠢᠮᠡᠳ ᠤᠨ | ᠬᠠᠮᠳᠤ ᠬᠦᠷᠵᠡᠩ ᠬᠢᠰᠭᠢᠯᠴᠡᠬᠦ ᠪᠠᠷ ᠢᠷᠡᠯ᠎ᠡ᠃ | ᠬᠤᠨᠢ ᠬᠤᠳᠠᠯᠠᠭᠤᠯᠵᠤ ᠶᠠᠪᠤᠩᠭᠠᠨ ᠪᠢ᠂ ᠠᠬ᠎ᠠ ᠳᠤ᠄ ︽ᠲᠡᠷᠪᠠᠶᠢᠭᠡᠳ ᠶᠠᠪᠠᠭᠠᠨ ᠭᠠᠯᠠᠭᠤ ᠰᠢᠭ ᠶᠠᠮᠠᠷ ᠬᠠᠴᠢᠨ ᠠᠯᠬᠤᠳᠠᠭ ᠬᠦᠮᠦᠨ ᠪᠤᠢ︖︾ | ᠭᠡᠰᠡᠨ ᠳᠤ᠂ ︽ᠪᠠᠷᠪᠠᠶᠢᠭᠰᠠᠨ ᠬᠠᠷ᠎ᠠ ᠰᠠᠬᠠᠯ ᠨᠢ ᠪᠠᠷᠢᠭᠤᠯ ᠵᠠᠭᠤᠴᠢᠬᠠᠭᠰᠠᠨ ᠶᠤᠮᠰᠢᠭ᠃ ᠶᠡᠷᠦ ᠨᠢ ᠡᠨᠡ ︿ᠪᠠᠷᠢᠭᠤᠯ ᠰᠠᠬᠠᠯᠳᠤ﹀ ᠴᠢᠨᠢ ᠲᠠᠭᠳᠠᠭᠠᠨᠠᠭᠠᠳ ᠬᠦᠷᠵᠡᠩ | ᠲᠠᠭᠠᠭᠠᠳᠠᠭ ᠶᠤᠮ ᠪᠤᠯ ᠤᠤ ᠳ᠋ᠠ︾ ᠭᠡᠵᠤ ᠪᠠᠶᠢᠨ᠎ᠡ᠃ ᠪᠢ ᠲᠤᠰᠴᠤ ᠠᠪᠤᠭᠠᠳ ︽ᠶᠤᠰᠤᠳᠠᠢ ᠤᠨᠤᠭᠠᠭᠰᠠᠨ ᠨᠠᠷᠠ︾ ᠬᠡᠳᠡᠯ᠎ᠡ ᠡᠵᠢ ᠬᠡᠵᠢᠶᠡᠨᠡᠢ ᠦᠭᠡᠢ ᠤᠯᠤᠭᠠᠳ | ᠰᠤᠨᠤᠰᠴᠢᠬᠠᠵᠠᠢ᠃ ︽ᠲᠡᠷᠡ ᠬᠦᠮᠦᠨ ᠤ ᠲᠠᠭᠳᠠᠭᠠᠷ ᠪᠠᠶ᠎ᠠ᠂ ᠪᠠᠷᠪᠠᠭᠠᠷ ᠰᠠᠬᠠᠯ ᠨᠢ ᠲᠠ ᠨᠠᠷ ᠲᠤ ᠶᠠᠮᠠᠷ ᠬᠠᠮᠢᠶ᠎ᠠ ᠲᠠᠢ ᠶᠤᠮ︖ ᠬᠦᠮᠦᠨ ᠤ ᠲᠦᠷᠦᠭᠰᠡᠨ | ᠲᠦᠷᠬᠦ ᠶᠢ ᠦᠯᠡᠵᠦ ᠰᠡᠪᠯᠡᠬᠦ ᠳᠡᠭᠡᠨ ᠁ ᠵᠠᠳᠠᠷᠠᠭᠰᠠᠨ ᠠᠮᠠ ᠲᠠᠢ ᠲᠤᠷᠠᠰᠭᠠ ᠨᠤᠭᠤᠳ︾ ᠭᠡᠵᠤ ᠵᠠᠩᠳᠤᠷᠪᠠ᠃ | ᠤᠷᠤᠢ ᠨᠢ ᠴᠢᠮᠠᠳ ᠠᠪᠠᠭ᠎ᠠ ᠵᠡᠬᠦᠨ ᠭᠡᠷ ᠲᠤ ᠡᠮᠡᠭᠡ᠂ ᠡᠵᠢ ᠬᠤᠶᠠᠷ ᠲᠠᠢ ᠬᠠᠭᠤᠴᠢᠯᠠᠨ᠂ ᠦᠨᠦ ︽ᠪᠠᠷᠢᠭᠤᠯ ᠰᠠᠬᠠᠯᠳᠤ︾ ᠮᠠᠨ ᠤ ᠠᠬ᠎ᠠ ᠲᠡᠬᠦᠦ | ᠭᠤᠷᠪᠠ ᠲᠠᠢ ᠪᠠᠷᠠᠭᠤᠨ ᠭᠡᠷ ᠲᠤ ᠱᠠᠭ᠎ᠠ ᠬᠠᠮᠤᠯᠠ᠃ ᠤᠷᠤᠢ ᠤᠷᠤᠢ ᠱᠠᠭ᠎ᠠ ᠬᠠᠮᠤᠳᠠᠭ ᠮᠠᠨ ᠤ ᠭᠤᠷᠪᠠ ᠱᠠᠭ᠎ᠠ ᠬᠠᠮᠤᠬᠤ ᠳᠠᠭᠠᠨ ᠤᠪᠤᠭ᠎ᠠ ᠯᠠ ᠳ᠋ᠠ᠃ ᠬᠠᠷᠢᠨ ︽ | ᠪᠠᠷᠢᠭᠤᠯ ᠰᠠᠬᠠᠯᠳᠤ︾ ᠱᠠᠭ᠎ᠠ ᠬᠠᠮᠤᠬᠤ ᠳᠠᠭᠠᠨ ᠲᠠᠭᠠᠷᠠᠤᠬᠠᠨ᠃ ᠬᠠᠷᠢᠭᠤ ᠦᠭᠡᠢ ᠰᠢᠬᠦᠭᠳᠡᠬᠦ ᠶᠢᠨ ᠲᠤᠯᠤᠭᠠᠢ ᠲᠡᠭᠡᠷ᠎ᠡ ︽ᠵᠠ᠂ ᠵᠠ᠂ ᠶᠠᠷᠰᠢᠭ︕ ᠱᠠᠭ᠎ᠠ | ᠬᠠᠮᠤᠵᠤ ᠲᠤᠭᠯᠠᠬᠤ ᠪᠠᠷ ᠶᠠᠮᠠᠷ ᠬᠡᠦᠬᠡᠳ ᠴᠦ ᠪᠢᠰᠢ᠃ ᠠᠶᠢᠯ ᠤᠨ ᠠᠪᠠᠭ᠎ᠠ ᠨᠢ ᠲᠠ ᠨᠠᠷ ᠲᠤ ᠦᠯᠢᠭᠡᠷ ᠶᠠᠷᠢᠶ᠎ᠠ︾ ᠭᠡᠯᠡ᠃ | ︽ᠠᠪᠠᠭ᠎ᠠ ᠨᠢ ᠲᠠᠪᠬᠢᠵᠤ ᠶᠠᠪᠤᠭ᠎ᠠ ᠮᠤᠷᠢᠨ ᠲᠡᠭᠡᠷ᠎ᠡ ᠠᠴᠠ ᠲᠡᠷᠡᠰᠦ ᠪᠤᠷᠭᠠᠰᠤ ᠪᠠᠷ ᠪᠦᠳᠦᠭᠡᠭᠳᠡᠭᠰᠡᠨ ᠮᠠᠭᠤᠰᠠᠶᠢᠨ ᠫᠠᠢ ᠨᠤᠭᠤᠳ ᠤᠨ ᠭᠠᠯ ᠮᠠᠩᠨᠠᠢ ᠶᠢ ᠨᠢ | ᠭᠠᠯ ᠪᠤᠳᠠᠷᠠᠳᠠᠯ᠎ᠠ ᠤᠨᠤᠭᠠᠳᠠᠭ ᠮᠡᠷᠭᠡᠨ ᠫᠤᠤᠴᠢ᠃ ᠮᠦᠯᠬᠦᠵᠦ ᠤᠷᠤᠭᠰᠢᠯᠠᠬᠤ ᠳᠠᠭᠠᠨ ᠪᠦᠷ ᠴᠦ ᠭᠠᠷᠮᠠᠭᠠᠢ᠃ ᠵᠡᠬᠦᠨ ᠰᠤᠭᠤᠨ ᠳᠠᠭᠠᠨ ᠫᠤᠤ ᠪᠠᠨ ᠰᠤᠭᠤᠪᠴᠢᠯᠠᠵᠤ᠂ | ᠪᠠᠷᠠᠭᠤᠨ ᠲᠤᠬᠤᠢ ᠪᠠᠷ ᠢᠶᠠᠨ ᠲᠤᠬᠤᠶᠢᠯᠳᠠᠨ ᠤᠷᠤᠭᠰᠢᠯᠠᠬᠤ ᠳᠤ ᠪᠤᠰᠤᠳ ᠡᠷᠦᠬᠡ ᠶᠢᠨ ᠴᠡᠷᠢᠭ ᠤᠳ ᠲᠡᠷᠳᠡᠭᠡ ᠲᠡᠨᠳᠡ ᠮᠢᠨᠦ ᠲᠤᠭᠤᠰᠤᠨ ᠳᠤ ᠪᠤᠯᠠᠭᠳᠠᠨ | ᠬᠤᠴᠤᠷᠳᠠᠭ᠃ ᠶᠡᠷᠦ ᠨᠢ ᠮᠠᠨ ᠤ ᠪᠠᠷᠢᠭᠠᠳᠠ ᠳᠤ ᠮᠢᠨᠦ ᠡᠮᠦᠨ᠎ᠡ ᠭᠠᠷᠬᠤ ᠲᠤᠷᠪᠢᠳᠠᠢ ᠡᠷ᠎ᠡ ᠪᠠᠶᠢᠭ᠎ᠠ ᠦᠭᠡᠢ ᠶᠤᠮ︾ ᠭᠡᠰᠡᠨ ᠳᠤ᠂ ︽ᠢ᠂ ᠶᠠᠮᠠᠷ ᠴᠢᠳᠠᠯ ᠲᠠᠢ | ᠶᠤᠮ︖︾ ᠭᠡᠳ ᠲᠡᠬᠦᠦ ᠮᠢᠨᠢ ᠲᠠᠭᠤ ᠠᠯᠳᠠᠨ᠎ᠠ᠃ | ︽ᠴᠢᠳᠠᠯ ᠲᠠᠢ ᠪᠠᠷ ᠵᠤᠭᠰᠤᠬᠤ ᠦᠭᠡᠢ ᠵᠤᠷᠢᠭ ᠲᠠᠢ᠃ ᠬᠠᠳᠠ ᠴᠢᠯᠠᠭᠤ᠂ ᠤᠷᠪᠤᠭ ᠪᠤᠳᠠ᠂ ᠴᠠᠰᠤ ᠮᠦᠰᠦᠨ ᠲᠡᠭᠡᠬᠦᠷ ᠵᠠᠮ ᠭᠤᠯᠤᠬᠤ ᠦᠭᠡᠢ ᠲᠡᠩᠺ ᠰᠢᠭ | ᠰᠢᠭᠤᠷᠬᠠᠢ ᠤᠷᠤᠭᠰᠢᠯᠠᠳᠠᠭ᠃ ᠲᠤᠯᠠᠭᠠᠨ ᠤ ᠴᠠᠭ ᠲᠤ ᠡᠪᠦᠳᠦᠭ᠂ ᠲᠤᠬᠤᠢ ᠬᠤᠶᠠᠷ ᠤᠯᠠᠭᠠᠨ ᠬᠠᠯᠴᠠᠭᠠᠢ ᠪᠤᠯᠤᠨ᠎ᠠ᠃ ᠬᠠᠷᠢᠨ ᠬᠦᠢᠳᠡᠨ ᠤ ᠤᠯᠠᠷᠢᠯ ᠳᠤ | ᠠᠷᠠᠰᠤᠨ ᠬᠤᠪᠴᠠᠰᠤ᠂ ᠰᠢᠷᠢᠨ ᠭᠤᠳᠤᠯ ᠨᠠᠮᠡᠷᠢ ᠪᠤᠯᠬᠤ ᠨᠢ ᠴᠦ ᠪᠤᠯᠤᠨ᠎ᠠ᠃ ᠠᠷᠠᠰᠤᠨ ᠬᠤᠪᠴᠠᠰᠤᠨ ᠤ ᠡᠩᠭᠡᠷ ᠲᠤᠬᠤᠢ᠂ ᠨᠡᠬᠡᠢ ᠦᠮᠦᠳᠦᠨ ᠤ ᠡᠪᠦᠳᠦᠭ | ᠲᠠᠰᠢᠶ᠎ᠠ᠂ ᠭᠤᠳᠤᠯ ᠪᠠᠭᠠᠷᠳᠤᠭ ᠤᠨ ᠬᠠᠮᠠᠷ ᠬᠤᠩᠰᠢᠶᠠᠷ ᠢ ᠲᠡᠰᠭᠡᠨᠡ ᠭᠡᠵᠤ ᠦᠭᠡᠢ᠃ ᠦᠭᠡᠷ ᠤᠨ ᠰᠢᠷᠢ ᠪᠠᠷ ᠦᠳᠡᠭᠰᠡᠨ ᠴᠦ ᠬᠤᠶᠠᠷ ᠬᠤᠨᠤᠬᠤ ᠦᠭᠡᠢ | ᠴᠤᠭᠤᠷᠠᠨᠠ᠃ ᠮᠡᠷᠭᠡᠵᠢᠯ ᠢᠶᠠᠨ ᠲᠡᠭᠡᠭᠰᠢᠯᠡᠬᠦᠯᠵᠦ᠂ ᠬᠢᠯᠢ ᠬᠢᠵᠠᠭᠠᠷ ᠢᠶᠠᠨ ᠬᠠᠮᠠᠭᠠᠯᠠᠬᠤ ᠪᠠᠷ ᠱᠠᠯᠳᠠᠩ ᠲᠤᠬᠤᠢ᠂ ᠨᠢᠴᠦᠬᠦᠨ ᠡᠪᠦᠳᠦᠭ ᠢᠶᠠᠷ ᠲᠡᠮᠡᠴᠡᠵᠦ ᠶᠠᠪᠤᠭᠰᠠᠨ | ᠳ᠋ᠠ︾ ᠭᠡᠳ ᠬᠠᠨ᠎ᠠ ᠶᠢᠨ ᠲᠤᠯᠤᠭᠠᠢ ᠰᠢᠷᠳᠡᠨ ᠰᠠᠬᠠᠯ ᠢᠶᠠᠨ ᠰᠢᠪᠳᠤᠷᠠᠪᠠ᠃ ᠮᠠᠨᠤᠰ ᠢ ᠬᠡᠦᠬᠡᠳ ᠭᠡᠵᠤ ᠡᠯᠡᠭ ᠪᠠᠷᠢᠨ ᠬᠤᠳᠠᠯ ᠵᠠᠯᠠᠵᠤ ᠪᠠᠶᠢᠬᠤ ᠶᠢ ᠨᠢ ᠮᠡᠳᠡᠵᠦ | ᠪᠠᠶᠢᠭᠰᠠᠨ ᠴᠦ ᠬᠦᠭᠳᠡᠢ ᠶᠠᠷᠢᠶᠠᠨ ᠳᠤᠨᠢ ᠲᠠᠳᠠᠭᠳᠠᠨᠠ᠃ | ︽ᠪᠠᠰᠠ ᠨᠢᠬᠡ ᠦᠯᠢᠬᠡᠷ ᠶᠠᠷᠢᠭᠠᠴᠢ︕︾ ᠭᠡᠳ ᠤᠳᠬᠤᠨ ᠲᠡᠬᠦᠦ ᠮᠢᠨᠢ ᠱᠠᠯᠠᠯ᠎ᠠ᠃ | ︽ᠵᠠ᠂ ᠲᠡᠭᠡᠶ᠎ᠡ︕ ᠨᠢᠬᠡ ᠡᠳᠦᠷ ᠪᠢ ᠮᠠᠨᠳᠤᠬᠤ ᠲᠤᠯᠤᠭᠠᠢ ᠶᠢᠨ ᠤᠷᠤᠢ ᠲᠡᠭᠡᠷ᠎ᠡ ᠠᠳᠤᠭᠤ ᠲᠤᠷᠠᠨᠳᠠᠵᠤ ᠰᠠᠭᠤᠳᠠᠯ᠎ᠠ ᠲᠤᠷᠠᠨ ᠤ ᠬᠠᠷᠠᠭᠠᠨ ᠳᠤ | ᠲᠠᠶᠢᠰᠤᠨ ᠤ ᠬᠠᠷ᠎ᠠ ᠨᠢᠰᠭᠡᠯ ᠤᠷᠤᠭᠠᠳ ᠢᠷᠡᠪᠡ᠃ ᠶᠠᠳᠠᠵᠤ ᠫᠤᠤ ᠪᠠᠨ ᠡᠬᠦᠷᠴᠦ ᠭᠠᠷᠤᠭᠰᠠᠨ ᠦᠭᠡᠢ᠃ ᠰᠠᠨᠳᠤᠷᠬᠤ ᠳᠠᠭᠠᠨ ᠭᠠᠭᠴᠠ ᠦᠰᠦᠷᠦᠨ ᠵᠢᠬᠦᠷ ᠠᠴᠠ ᠨᠢ | ᠲᠠᠳᠠᠵᠤ ᠤᠨᠠᠭᠠᠭᠰᠠᠨ ᠶᠤᠮ︾ ᠬᠡᠳᠡᠯ᠎ᠡ ᠠᠬ᠎ᠠ ᠫᠦᠰᠭᠢᠳᠡᠯᠡ ᠢᠨᠢᠶᠡᠭᠡᠳ᠄ ︽ᠲᠠᠶᠢᠰᠤᠨ ᠤ ᠨᠢᠰᠭᠡᠯ ᠢ ᠤᠤ︖︾ ᠭᠡᠰᠡᠨ ᠳᠤ᠂ ︽ᠵᠠ᠂ ᠵᠠ︕ ᠬᠤᠷᠠᠭ᠎ᠠ ᠲᠠᠢ | ᠬᠤᠨᠢᠨ ᠤ ᠲᠡᠭᠡᠬᠦᠷ ᠬᠠᠷ᠎ᠠ ᠰᠢᠪᠠᠭᠤ ᠡᠷᠬᠢᠯᠳᠦᠵᠦ ᠪᠠᠶᠢᠬᠤ ᠪᠠᠷ ᠨᠢ ᠰᠢᠬᠦᠷᠡᠭᠰᠡᠨ ᠶᠤᠮ︾ ᠬᠡᠯᠡ᠃ ︽ᠲᠡᠶᠢᠮᠦ ᠦᠨᠳᠦᠷ ᠲᠡᠭᠡᠷ᠎ᠡ ᠠᠴᠠ ᠤᠤ︖︾ ᠭᠡᠳ ᠲᠡᠬᠦᠦ | ᠮᠢᠨᠢ ᠭᠠᠶᠢᠬᠠᠭᠰᠠᠨ ᠶᠠᠩᠵᠤ ᠲᠠᠢ ᠲᠤᠯᠤᠭᠠᠢ ᠪᠠᠨ ᠲᠠᠯᠵᠢᠢᠯᠭᠠᠪᠠ᠃ ︽ᠮᠦᠯᠬᠦᠭᠰᠡᠭᠡᠷ ᠪᠠᠶᠢᠭᠠᠳ ᠠᠪᠠᠭ᠎ᠠ ᠶᠢᠨ ᠬᠢᠨᠢ ᠭᠠᠷ ᠰᠤᠨᠴᠢᠬᠠᠭᠰᠠᠨ ᠶᠤᠮ ᠯᠠ ᠳ᠋ᠠ᠃ ᠵᠠ᠂ | ᠵᠠ᠂ ᠡᠷᠳᠡᠭᠡᠨ ᠬᠠᠵᠠᠭᠤᠯᠠᠵᠤ ᠰᠡᠬᠦᠵᠢ ᠪᠠᠨ ᠠᠮᠠᠷᠠᠭᠠᠶ᠎ᠠ︾ ᠭᠡᠳ ᠪᠤᠰᠪᠠ᠃ | | |