ᠠᠶᠢᠯ ᠤᠨ ᠠᠬ᠎ᠠ ︵ᠬᠤᠶᠠᠷ︶
ᠨᠡᠶᠢᠲᠡᠯᠡᠭᠰᠡᠨ ᠴᠠᠭ᠄
2025/4/25
      ᠮᠠᠷᠭᠠᠰᠢ ᠨᠢ ᠬᠤᠷᠤᠭ᠎ᠠ ᠬᠢᠰᠭᠢᠯ᠎ᠡ᠃ ᠤᠭ ᠤᠨ ᠮᠠᠶ᠋ᠢᠭ ᠬᠦᠯ ᠲᠠᠢ ᠦᠨᠦ ︽ᠪᠠᠷᠢᠭᠤᠯ ᠰᠠᠬᠠᠯᠳᠤ︾ ᠲᠤᠮᠤ ᠲᠦᠷᠪᠡᠯᠵᠢᠨ ᠬᠦᠷᠵᠡᠩ ᠢ ᠲᠠᠭᠠᠭᠠᠵᠤ ᠶᠠᠳᠠᠭᠰᠠᠨ ᠶᠠᠩᠵᠤ ᠲᠠᠢ ᠮᠠᠶᠢᠵᠢᠭᠴᠢᠨ ᠠᠯᠬᠤᠬᠤ ᠶᠢ ᠬᠠᠷᠠᠭᠰᠠᠨ ᠲᠡᠬᠦᠦ ᠮᠢᠨᠢ ︽ᠠᠶᠢᠯ ᠤᠨ ᠠᠪᠠᠭ᠎ᠠ ᠡ︕ ᠲᠡ ᠬᠦᠷᠵᠡᠩ ᠵᠦᠭᠡᠭᠡᠵᠦ ᠨᠠᠭᠠᠰᠢ ᠴᠠᠭᠠᠰᠢ ᠶᠠᠪᠤᠬᠤ ᠶᠢᠨ ᠭᠡᠷᠡᠭ ᠦᠭᠡᠢ ᠯᠠ ᠳ᠋ᠠ᠃ ᠰᠤᠨᠳᠠᠭ ᠭᠠᠷ ᠢᠶᠠᠷ ᠢᠶᠠᠨ ᠁︾ ᠭᠡᠳᠡᠯ᠎ᠡ ︽ᠬᠦᠨᠳᠦ ᠬᠦᠷᠵᠡᠩ ᠭᠠᠭᠴᠠᠬᠠᠨ ᠲᠠᠯ᠎ᠠ ᠠᠴᠠ ᠨᠢ ᠠᠳᠬᠤᠬᠤ ᠪᠠᠷ ᠪᠡᠶ᠎ᠡ ᠪᠠᠨ ᠲᠠᠭᠠᠭᠠᠬᠤ ᠦᠭᠡᠢ ᠵᠠᠮ ᠤᠨ ᠲᠤᠮᠳᠠ ᠬᠠᠭᠠᠷᠠᠴᠢᠬᠠᠨ᠎ᠠ ᠯᠠ ᠳ᠋ᠠ᠃ ᠬᠠᠷᠢᠨ ᠠᠪᠠᠭ᠎ᠠ ᠶᠢᠨ ᠬᠢᠨᠢ ᠭᠠᠷ ᠬᠦᠷᠵᠡ ᠰᠢᠭ ᠦᠷᠭᠡᠨ ᠪᠠᠶᠢᠭᠰᠠᠨ ᠪᠤᠯ ᠪᠤᠯᠬᠤ ᠯᠠ ᠶᠤᠮ︾ ᠭᠡᠵᠤ ᠪᠠᠶᠢᠨ᠎ᠠ᠃       ᠪᠢ ᠡᠮᠡᠭᠡ ᠠᠴᠠ ︽ᠡᠨᠡ ᠠᠶᠢᠯ ᠤᠨ ᠠᠪᠠᠭ᠎ᠠ ᠵᠢᠭᠠᠬᠠᠨ ᠬᠦᠭᠡᠷᠦᠦ ᠶᠤᠮ ᠤᠤ ᠳ᠋ᠠ︖︾ ᠭᠡᠰᠡᠨ ᠳᠤ᠄ ︽ᠬᠦᠮᠦᠨ ᠤ ᠨᠢᠬᠡ ᠵᠠᠩ ᠯᠠ ᠪᠠᠶᠢᠭ᠎ᠠ ᠪᠢᠵᠡ᠃ ᠬᠠᠷᠢᠨ ︿ᠠᠶᠢᠯ ᠤᠨ ᠠᠪᠠᠭ᠎ᠠ﹀ ᠭᠡᠬᠦ ᠪᠠᠨ ᠪᠤᠯᠢ︕ ᠠᠬ᠎ᠠ ᠠᠴᠠ ᠴᠢᠨᠢ ᠬᠡᠳᠦᠬᠡᠨ ᠯᠠ ᠠᠬ᠎ᠠ ᠶᠤᠮ᠃ ︿ᠠᠶᠢᠯ ᠤᠨ ᠠᠬ᠎ᠠ﹀ ᠭᠡᠵᠤ ᠪᠡᠢ︾ ᠬᠡᠪᠡ᠃ ︽ᠪᠠᠷᠪᠠᠭᠠᠷ ᠬᠠᠷ᠎ᠠ ᠰᠠᠬᠠᠯ ᠲᠠᠢ ᠬᠦᠮᠦᠨ ᠢ ᠤᠤ︖︾ ᠬᠡᠰᠡᠨ ᠳᠤ᠂ ︽ᠬᠦᠮᠦᠨ ᠢ ᠰᠠᠬᠠᠯ ᠢᠶᠠᠷ ᠨᠢ ᠪᠢᠰᠢ ᠨᠠᠰᠤ ᠪᠠᠷ ᠨᠢ ᠬᠦᠨᠳᠦᠯᠡᠳᠡᠭ ᠶᠤᠮ᠃ ᠶᠡᠷᠦ ᠨᠢ ᠠᠪᠤ ᠡᠵᠢ ᠪᠠᠨ ᠠᠮᠢᠳᠤ ᠰᠡᠷᠡᠬᠦᠨ ᠪᠠᠶᠢᠬᠤ ᠳᠤ ᠰᠠᠬᠠᠯ ᠲᠠᠯᠪᠢᠬᠤ ᠶᠢ ᠴᠡᠭᠡᠷᠯᠡᠳᠡᠭ︾ ᠬᠡᠯ᠎ᠡ᠃ ︽ᠬᠦᠬᠡᠷᠦᠬᠦᠢ᠂ ᠲᠡᠭᠡᠪᠡᠯ ᠦᠨᠦᠴᠢᠨ ᠶᠤᠮ ᠪᠠᠶᠢᠨ᠎ᠠ ᠰᠢᠳᠠ︾ ᠭᠡᠰᠡᠨ ᠳᠤ᠂ ︽ᠲᠤᠭᠤᠢ᠂ ᠶᠠᠭᠤ ᠲᠤᠩᠭᠤᠰᠳᠠᠭ ᠵᠤᠯᠢᠭ ᠪᠤᠢ︕ ᠠᠪᠤ ᠡᠵᠢ ᠨᠢ ᠬᠤᠶᠠᠭᠤᠯᠠ ᠬᠤᠶᠠᠭᠤᠯᠠ ᠪᠠᠨ ᠡᠷᠡᠬᠦᠯ ᠰᠠᠷᠠᠭᠤᠯ ᠰᠠᠶᠢᠬᠠᠨ ᠯᠠ ᠶᠠᠪᠤᠭ᠎ᠠ᠃ ᠶᠡᠬᠡᠴᠦᠦᠯ ᠨᠢ ᠰᠤᠷᠭᠠᠳᠠᠭ ᠦᠭᠡᠢ ᠶᠤᠮ ᠤᠤ᠂ ᠬᠡᠯᠡᠭᠰᠡᠨ ᠢ ᠨᠢ ᠲᠤᠭᠤᠳᠠᠭ ᠦᠭᠡᠢ ᠶᠤᠮ ᠤᠤ᠂ ᠭᠡᠦᠬᠡᠳ ᠢᠶᠠᠷ ᠢᠶᠠᠨ ᠯᠠ ᠰᠠᠬᠠᠯ ᠰᠠᠷᠪᠠᠶᠢᠯᠭᠠᠭᠰᠠᠨ ᠬᠠᠷᠠᠭᠳᠠᠳᠠᠭ ᠶᠤᠮ︾ ᠭᠡᠵᠤ ᠠᠶ᠎ᠠ ᠮᠠᠭᠤᠳᠠᠶᠢᠬᠠᠨ ᠲᠤᠤᠭᠠᠷᠪᠠ᠃       ᠲᠡᠷᠡ ᠨᠢᠬᠡᠨ ᠡᠪᠦᠯ ᠮᠠᠨ ᠤ ᠬᠢ ᠠᠶᠢᠯ ᠤᠨ ᠠᠬ᠎ᠠ ᠲᠠᠢ ᠬᠠᠮᠳᠤ ᠡᠪᠦᠯᠵᠢᠵᠦ ᠪᠢᠯᠡ᠃       ᠨᠢᠬᠡ ᠡᠳᠦᠷ ᠪᠢ ᠠᠶᠢᠯ ᠤᠨ ᠠᠬ᠎ᠠ ᠶᠢᠨ ᠳᠤ ᠤᠷᠤᠭᠰᠠᠨ ᠴᠢᠨᠢ ᠬᠦᠪᠬᠡᠨ ᠲᠠᠭᠯᠠᠭ᠎ᠠ ᠲᠠᠢ ᠠᠪᠳᠠᠷ᠎ᠠ ᠠᠴᠠ ᠪᠠᠨ ᠶᠠᠭᠤ ᠨᠢᠬᠡ ᠶᠢ ᠠᠪᠬᠤ ᠭᠡᠳ ᠰᠠᠨᠳᠠᠯᠢ ᠲᠡᠭᠡᠷ᠎ᠡ ᠵᠤᠭᠰᠤᠨ ᠠᠪᠳᠠᠷ᠎ᠠ ᠤᠷᠤᠭᠤ ᠪᠠᠨ ᠲᠤᠩᠭᠤᠶᠢᠵᠤ ᠬᠠᠷᠠᠭᠳᠠᠪᠠ᠃ ︽ᠲᠠ ᠠᠪᠳᠠᠷ᠎ᠠ ᠶᠢᠨ ᠢᠶᠠᠨ ᠢᠷᠤᠭᠠᠷ ᠲᠤ ᠬᠦᠷᠬᠦ ᠦᠭᠡᠢ ᠪᠠᠶᠢᠭ᠎ᠠ ᠶᠤᠮ ᠤᠤ︖︾ ᠭᠡᠰᠡᠨ ᠳᠤ᠂ ︽ᠠᠪᠳᠠᠷ᠎ᠠ ᠶᠢᠨ ᠢᠶᠠᠨ ᠢᠷᠤᠭᠠᠷ ᠲᠤ ᠬᠦᠷᠬᠦ ᠦᠭᠡᠢ ᠡᠷ᠎ᠡ ᠬᠠᠮᠢᠭ᠎ᠠ ᠪᠠᠶᠢᠭᠰᠠᠨ ᠶᠤᠮ᠂ ᠠᠯᠢ᠂ ᠲᠡᠬᠦᠦ ᠮᠢᠨᠢ︕ ᠭᠠᠯ ᠤᠨ ᠬᠠᠪᠴᠢᠭᠤᠷ ᠠᠪᠤᠭᠠᠳ ᠠᠯᠢ︾ ᠬᠡᠯ᠎ᠡ᠃ ︽ᠬᠠᠪᠴᠢᠭᠤᠷ ᠢᠶᠠᠷ ᠶᠠᠭᠠᠬᠢᠬᠤ ᠶᠤᠮ︖︾ ᠭᠡᠰᠡᠨ ᠳᠤ᠂ ︽ᠪᠤᠭᠤᠳᠠᠯ ᠲᠠᠢ ᠴᠦᠢᠳᠡᠩ ᠠᠪᠳᠠᠷ᠎ᠠ ᠶᠢᠨ ᠢᠷᠤᠭᠠᠷ ᠲᠤ ᠤᠷᠤᠴᠢᠬᠠᠭᠠᠳ ᠁︾ ᠭᠡᠵᠤ ᠪᠠᠶᠢᠨ᠎ᠠ᠃ ︽ᠲᠠᠨ ᠤ ᠰᠤᠨᠳᠠᠭ ᠭᠠᠷ︖︾ ᠭᠡᠰᠡᠨ ᠳᠤ᠂ ︽ᠭᠠᠯ ᠤᠨ ᠡᠳ᠋ᠯᠡᠬᠦᠨ ᠢ ᠬᠠᠪᠴᠢᠭᠤᠷ ᠢᠶᠠᠷ ᠤᠷᠤᠯᠳᠤᠳᠠᠭ ᠶᠤᠮ᠃ ᠵᠠ᠂ ᠵᠠ᠂ ᠠᠬ᠎ᠠ ᠨᠢ ᠭᠠᠷ ᠢᠶᠠᠨ ᠰᠤᠩᠭᠠᠭᠠᠳ ᠠᠪᠴᠢᠬᠠᠶ᠎ᠠ︾ ᠭᠡᠳ ᠲᠤᠩᠭᠤᠶᠢᠳᠠᠯ᠎ᠠ ᠲᠤᠯᠤᠭᠠᠢ ᠨᠢ ᠲᠡᠶᠢᠯᠦᠨ ᠠᠪᠳᠠᠷ᠎ᠠ ᠳᠤ ᠤᠶᠢᠴᠢᠪᠠ᠃ ᠴᠢᠷᠠᠢ ᠨᠢ ᠴᠢᠷᠠᠢ ᠪᠢᠰᠢ ᠪᠤᠯᠴᠢᠬᠠᠭᠰᠠᠨ ᠪᠤᠰᠴᠤ ᠢᠷᠡᠭᠡᠳ᠄ ︽ᠵᠠ᠂ ᠲᠡᠬᠦᠦ ᠮᠢᠨᠢ᠂ ᠡᠨᠡ ᠤᠴᠢᠷ ᠢ ᠬᠡᠨ ᠳᠤ ᠴᠦ ᠪᠢᠳᠡᠬᠡᠢ ᠬᠡᠯᠡᠭᠡᠷᠡᠢ︾ ᠬᠡᠪᠡ᠃ ᠬᠤᠶᠠᠷ ᠬᠦᠯ ᠨᠢ ᠭᠤᠵᠤᠰᠭᠢᠭᠡᠳ ᠲᠠᠯᠳᠠᠷᠠᠭᠰᠠᠨ ᠬᠦᠭᠳᠡᠢ ᠲᠦᠷᠢ ᠨᠢ ᠨᠢᠳᠦᠨ ᠳᠤ ᠦᠵᠡᠭᠳᠡᠭᠡᠳ ᠢᠨᠢᠶᠡᠳᠦ ᠪᠠᠨ ᠪᠠᠷᠢᠵᠤ ᠶᠠᠳᠠᠭᠰᠠᠨ ᠪᠢ ᠪᠤᠰᠢᠭᠤᠬᠠᠨ ᠭᠠᠷᠴᠤ᠂ ᠠᠭᠤᠰᠭᠢ ᠪᠠᠨ ᠠᠭᠤᠵᠢᠷᠠᠳᠠᠯ᠎ᠠ ᠢᠨᠢᠶᠡᠵᠦ ᠪᠢᠯᠡ᠃       ᠴᠠᠰᠤ ᠬᠠᠶᠢᠯᠤᠨ ᠭᠠᠵᠠᠷ ᠲᠠᠷᠯᠠᠨᠳᠤᠭᠰᠠᠨ ᠬᠠᠪᠤᠷ ᠤᠨ ᠨᠢᠬᠡᠨ ᠡᠳᠦᠷ ᠪᠢ ᠲᠦᠯᠡᠭᠡ ᠲᠡᠬᠦᠵᠦ ᠶᠠᠪᠤᠳᠠᠯ᠎ᠠ ᠠᠶᠢᠯ ᠤᠨ ᠠᠬ᠎ᠠ ᠰᠢᠷ᠎ᠠ ᠲᠠᠶᠢᠯᠤᠭ ᠢᠶᠠᠨ ᠬᠦᠳᠦᠯᠦᠨ ᠫᠤᠤ ᠪᠠᠨ ᠮᠦᠷᠦᠪᠴᠢᠯᠡᠨ ᠠᠶᠢᠰᠤᠢ᠃ ᠫᠤᠤ ᠪᠠᠨ ᠲᠡᠮᠡᠬᠡᠨ ᠤ ᠪᠠᠨ ᠪᠦᠬᠦᠨ ᠠᠴᠠ ᠡᠯᠬᠦᠳᠡᠭ ᠪᠤᠯᠤᠭᠠᠰᠠᠢ ᠭᠡᠵᠤ ᠪᠤᠳᠤᠨ ᠬᠦᠯᠢᠶᠡᠵᠦ ᠵᠤᠭᠰᠤᠪᠠ᠃ ᠴᠠᠭᠠᠨ ᠨᠡᠬᠡᠢ ᠲᠡᠪᠡᠯ ᠤᠨ ᠬᠢᠨᠢ ᠲᠡᠯ᠎ᠡ ᠡᠩᠭᠡᠷ ᠶᠠᠭᠤ ᠴᠦ ᠦᠭᠡᠢ ᠨᠤᠷᠴᠢᠬᠠᠵᠠᠢ᠃ ︽ᠲᠠᠨ ᠤ ᠲᠠᠯ᠎ᠠ ᠡᠩᠭᠡᠷ ᠶᠠᠭᠠᠬᠢᠭᠠᠳ ᠨᠤᠷᠴᠢᠬᠠᠭᠰᠠᠨ ᠶᠤᠮ︖︾ ᠭᠡᠰᠡᠨ ᠳᠤ᠂ ︽ᠪᠤᠳᠠᠨ ᠳᠤ ᠬᠢᠷᠤᠭᠰᠠᠨ ᠲᠠᠤᠯᠠᠢ ᠲᠠᠭᠠᠷᠠᠬᠤ ᠪᠠᠷ ᠨᠢ ᠪᠤᠰᠤᠭᠠᠳ ᠲᠠᠭᠰᠢᠴᠢᠬᠠᠬᠤ ᠠᠴᠠ ᠨᠢ ᠪᠤᠯᠭᠤᠮᠵᠢᠯᠠᠨ᠂ ᠬᠤᠯᠠ ᠠᠴᠠ ᠮᠦᠯᠬᠦᠵᠦ ᠤᠴᠢᠭᠠᠳ ᠤᠨᠢᠯᠠᠭᠰᠠᠨ ᠶᠤᠮ︾ ᠭᠡᠵᠤ ᠪᠠᠶᠢᠨ᠎ᠠ᠃ ᠦᠨᠡᠭᠡᠷ ᠰᠢᠷ᠎ᠠ ᠲᠡᠶᠢᠯᠤᠭ ᠤᠨ ᠬᠢᠨᠢ ᠪᠦᠬᠦᠨ ᠠᠴᠠ ᠲᠠᠤᠯᠠᠢ ᠡᠯᠬᠦᠭᠡ ᠲᠠᠢ ᠬᠠᠷᠠᠭᠳᠠᠪᠠ᠃ ᠡᠷᠦᠬᠡ ᠶᠢᠨ ᠴᠡᠷᠢᠭ ᠲᠡᠭᠡᠷ᠎ᠡ ᠰᠤᠷᠤᠭᠰᠠᠨ ᠡᠷᠳᠡᠮ ᠢᠶᠠᠨ ᠬᠡᠷᠡᠭᠯᠡᠭᠰᠡᠨ ᠠᠵᠢ᠃ ︽ᠨᠡᠬᠡᠢ ᠲᠡᠪᠡᠯ ᠤᠨ ᠬᠢᠨᠢ ᠡᠩᠭᠡᠷ ᠶᠠᠭᠤ ᠴᠦ ᠦᠭᠡᠢ ᠬᠠᠳᠠᠭᠠᠳ ᠬᠤᠷᠴᠶᠢᠴᠢᠬᠠᠨ᠎ᠠ ᠳ᠋ᠠ︾ ᠭᠡᠵᠤ ᠪᠤᠳᠤᠳᠠᠯ᠎ᠠ᠄ ︽ᠵᠠ᠂ ᠵᠠ᠂ ᠬᠠᠷᠢᠵᠤ ᠪᠤᠷᠤ ᠶᠢᠨ ᠱᠦᠯᠦ ᠤᠭᠤᠴᠢᠯᠠᠨ ᠲᠤᠯᠠᠭᠠᠴᠠᠶ᠎ᠠ ᠪᠠᠶᠢᠵᠤ ᠁︾ ᠭᠡᠳ ᠪᠠᠶᠠᠷᠳᠠᠢ ᠨᠢ ᠠᠷᠭ᠎ᠠ ᠦᠭᠡᠢ ᠴᠠᠭᠠᠰᠢᠯᠠᠪᠠ᠃ ᠲᠠᠤᠯᠠᠢ᠂ ᠫᠤᠤ ᠠᠴᠠ ᠨᠢ ᠠᠷᠠᠢ ᠬᠦᠩᠬᠡᠨ ᠪᠠᠶᠢᠮᠠᠷ ᠶᠤᠮ᠃ ︽ᠬᠠᠩᠭᠠᠢ ᠲᠡᠯᠡᠬᠡᠢ ᠭᠠᠨᠵᠤᠭ᠎ᠠ ᠲᠤᠰᠤᠳᠠᠯ᠎ᠠ︕︾ ᠭᠡᠵᠤ ᠪᠡᠯᠭᠡᠰᠢᠶᠡᠭᠰᠡᠨ ᠶᠤᠮ ᠪᠢᠵᠡ ᠳ᠋ᠠ᠂ ᠬᠦᠬᠡᠷᠦᠬᠦᠢ︕ ᠪᠤᠳᠠᠨ ᠤ ᠪᠤᠷᠤ ᠲᠠᠤᠯᠠᠢ ᠪᠢᠰᠢ ᠨᠠᠮᠤᠷ ᠤᠨ ᠲᠠᠷᠭᠤᠨ ᠤᠭᠤᠨᠤ ᠤᠨᠠᠭᠠᠭᠰᠠᠨ ᠶᠤᠮᠰᠢᠭ ᠬᠦᠭᠡᠷᠴᠦ ᠶᠠᠪᠤᠭ᠎ᠠ ᠨᠢ ᠢᠨᠢᠶᠡᠳᠦᠮ ᠲᠠᠢ ᠴᠦ ᠶᠤᠮᠰᠢᠭ᠂ ᠦᠷᠦᠪᠳᠦᠯ ᠲᠠᠢ ᠴᠦ ᠶᠤᠮᠰᠢᠭ ᠰᠠᠨᠠᠭᠳᠠᠪᠠ᠃       ᠵᠠᠯᠠᠭᠤ ᠽᠠᠨᠳᠠᠨ ᠨᠠᠰᠤᠨ ᠳᠠᠭᠠᠨ ᠡᠷᠦᠬᠡ ᠶᠢᠨ ᠴᠡᠷᠢᠭ ᠤᠨ ᠪᠠᠶᠢᠯᠳᠤᠭᠴᠢ ᠶᠢᠨ ᠬᠤᠪᠢ ᠪᠠᠷ ︽ᠲᠠᠶᠢᠨ ᠤ ᠪᠡᠯᠡᠳᠭᠡᠯ ᠤᠨ ᠭᠤᠤ ᠮᠠᠯᠳᠠᠬᠤ᠂ ᠬᠤᠷᠤᠭ᠎ᠠ ᠰᠠᠷᠠᠪᠴᠢ ᠪᠠᠷᠢᠬᠤ᠂ ᠬᠤᠳᠳᠤᠭ ᠤᠰᠤ ᠯᠠᠶᠢᠳᠠᠬᠤ᠂ ᠡᠪᠡᠰᠦ ᠬᠠᠳᠤᠯᠠᠩ ᠬᠤᠷᠢᠶᠠᠬᠤ᠂ ᠤᠰᠤᠨ ᠴᠦᠬᠦᠷᠦᠮ ᠪᠠᠶᠢᠭᠤᠯᠬᠤ᠂ ᠡᠪᠡᠰᠦᠨ ᠬᠦᠷᠢᠶ᠎ᠡ ᠲᠤᠤᠷᠯᠠᠬᠤ᠂ ᠪᠤᠷᠳᠤᠭᠠᠨ ᠰᠠᠭᠤᠷᠢᠨ ᠭᠠᠷᠭᠠᠬᠤ᠂ ᠨᠤᠭᠤᠭᠠᠨ ᠪᠤᠷᠳᠤᠭ᠎ᠠ ᠲᠠᠷᠤᠰᠢᠭᠤᠯᠬᠤ ᠁︾ ᠭᠡᠳ ᠪᠢᠰᠢᠬᠦᠢ ᠠᠷᠪᠢᠨ ᠬᠠᠮᠳᠤ ᠶᠢᠨ ᠬᠦᠳᠡᠯᠮᠦᠷᠢ ᠳᠤ ᠪᠡᠶ᠎ᠡ ᠬᠠᠶᠢᠷ᠎ᠠ ᠦᠭᠡᠢ ᠵᠢᠳᠬᠦᠵᠦ ᠶᠠᠪᠤᠭᠰᠠᠨ ᠨᠢ ᠶᠠᠭᠤ ᠶᠠᠭᠤᠨ ᠠᠴᠠ ᠴᠦ ᠦᠨᠡᠨ ᠶᠤᠮᠳᠠᠭ᠃       ︽ᠬᠦᠮᠦᠨ ᠤ ᠨᠢᠬᠡ ᠵᠠᠩ ᠯᠠ ᠪᠢᠵᠡ︕︾ ᠭᠡᠵᠤ ᠡᠮᠡᠭᠡ ᠶᠢᠨ ᠬᠡᠯᠡᠳᠡᠭ ᠵᠦᠪ᠃ ᠶᠠᠷᠢᠶᠠᠨ ᠳᠠᠭᠠᠨ ᠬᠠᠯᠠᠮᠰᠢᠨ ᠵᠠᠷᠢᠮ ᠳᠠᠭᠠᠨ ᠬᠠᠮᠢᠶ᠎ᠠ ᠬᠠᠷᠢᠶ᠎ᠠ ᠦᠭᠡᠢ ᠦᠰᠭᠡᠭᠡᠨ ᠲᠦᠰᠭᠡᠭᠡᠨ ᠲᠠᠢ ᠳᠡᠭᠡᠬᠦᠯᠳᠡᠭ ᠴᠦ ᠭᠡᠨ ᠨᠢᠬᠡᠨ ᠳᠤ ᠬᠤᠤᠷ ᠬᠦᠷᠭᠡᠭᠰᠡᠨ ᠦᠭᠡᠢ᠃ ᠬᠠᠷᠢᠨ ᠦᠷᠦᠭᠡᠯ ᠪᠤᠰᠤᠳ ᠢ ᠢᠨᠢᠶᠡᠯᠭᠡᠵᠦ ᠪᠠᠶᠠᠰᠬᠠᠵᠤ ᠶᠠᠪᠤᠭᠰᠠᠨ ᠤ ᠪᠠᠨ ᠠᠴᠢ ᠪᠠᠷ ᠦᠷ᠎ᠡ ᠬᠡᠦᠬᠡᠳ ᠤᠨ ᠢᠶᠠᠨ ᠰᠠᠶᠢᠨ ᠢ ᠦᠵᠡᠵᠦ᠂ ᠠᠵᠠ ᠵᠢᠷᠭᠠᠯ ᠲᠠᠢ ᠦᠳᠡᠯᠦᠭᠡ ᠨᠠᠰᠤ ᠪᠠᠨ ᠡᠯᠡᠭᠡᠵᠦ ᠶᠠᠪᠤᠭ᠎ᠠ ᠪᠤᠶᠠᠨᠳᠠᠨ ᠤ ᠨᠢᠬᠡ᠂ ᠠᠶᠢᠯ ᠤᠨ ᠠᠬ᠎ᠠ ᠮᠢᠨᠢ᠃       ᠡᠷᠦᠬᠡ ᠶᠢᠨ ᠴᠡᠷᠢᠭ ᠤᠨ ᠬᠢᠨᠢ ᠴᠤᠭᠯᠠᠭᠠᠨ ᠦᠯᠵᠡᠢ ᠬᠡᠶᠢᠮᠦᠷᠢ ᠲᠠᠢ ᠪᠤᠯᠬᠤ ᠪᠤᠯᠳᠤᠭᠠᠢ︕ 
ᠢᠷᠡᠯᠲᠡ᠄ ᠳᠤᠮᠳᠠᠳᠤ ᠤᠯᠤᠰ ᠤᠨ ᠮᠣᠩᠭᠤᠯ ᠬᠡᠯᠡᠨ ᠤ ᠰᠣᠨᠢᠨ ᠮᠡᠳᠡᠭᠡ ᠶᠢᠨ ᠰᠦᠯᠵᠢᠶ᠎ᠡ