ᠪᠦᠬᠦ ᠠᠷᠠᠳ ᠤᠨ ᠪᠡᠶ᠎ᠡ ᠴᠢᠬᠢᠷᠠᠬᠵᠢᠭᠤᠯᠬᠤ ᠲᠦᠷᠢᠮ ︵ᠭᠤᠷᠪᠠᠳᠤᠭᠠᠷ ᠪᠦᠯᠦᠭ︶
ᠨᠡᠶᠢᠲᠡᠯᠡᠭᠰᠡᠨ ᠴᠠᠭ᠄
2025/4/3
      ︵2009 ᠤᠨ ᠤ 8 ᠰᠠᠷ᠎ᠠ ᠶᠢᠨ 30 ᠤ ᠡᠳᠦᠷ ᠪᠦᠬᠦᠲᠡ ᠨᠠᠶᠢᠷᠠᠮᠲᠠᠬᠤ ᠲᠣᠮᠲᠠᠲᠣ ᠠᠷᠠᠳ ᠣᠯᠣᠰ ᠤᠨ ᠲᠦᠷᠦ ᠶᠢᠨ ᠶᠠᠪᠣᠲᠠᠯ ᠤᠨ ᠬᠤᠷᠢᠶ᠎ᠠ ᠶᠢᠨ 560 ᠳ᠋ᠤᠭᠠᠷ ᠲᠣᠭᠠᠲᠣ ᠵᠠᠷᠯᠢᠬ ᠢᠶᠠᠷ ᠨᠡᠶᠢᠲᠡᠯᠡᠪᠡ       2013 ᠤᠨ ᠤ 7 ᠰᠠᠷ᠎ᠠ ᠶᠢᠨ 18 ᠤ ᠡᠳᠦᠷ ︽ᠲᠦᠷᠦ ᠶᠢᠨ ᠶᠠᠪᠣᠲᠠᠯ ᠤᠨ ᠬᠤᠷᠢᠶ᠎ᠠ ᠶᠢᠨ ᠵᠠᠰᠠᠬ ᠵᠠᠬᠢᠷᠭᠠᠨ ᠤ ᠬᠡᠰᠡᠭ ᠲᠦᠷᠢᠮ ᠲᠣᠬᠲᠠᠭᠠᠯ ᠢ ᠬᠦᠴᠦᠨ ᠦᠭᠡᠢ ᠪᠣᠯᠭᠠᠬᠤ ᠪᠤᠶᠤ ᠵᠠᠰᠠᠪᠤᠷᠢ ᠣᠷᠣᠭᠤᠯᠬᠤ ᠲᠣᠬᠠᠢ ᠰᠢᠢᠳᠪᠦᠷᠢ︾ ᠶᠢ ᠦᠨᠳᠦᠰᠦᠯᠡᠵᠦ ᠠᠩᠬ᠎ᠠ ᠣᠲᠠᠭ᠎ᠠ ᠵᠠᠰᠠᠪᠤᠷᠢ ᠣᠷᠣᠭᠤᠯᠪᠠ       2016 ᠤᠨ ᠤ 2 ᠰᠠᠷ᠎ᠠ ᠶᠢᠨ 6 ᠤ ᠡᠳᠦᠷ ︽ᠲᠦᠷᠦ ᠶᠢᠨ ᠶᠠᠪᠣᠲᠠᠯ ᠤᠨ ᠬᠤᠷᠢᠶ᠎ᠠ ᠶᠢᠨ ᠵᠠᠰᠠᠬ ᠵᠠᠬᠢᠷᠭᠠᠨ ᠤ ᠬᠡᠰᠡᠭ ᠲᠦᠷᠢᠮ ᠲᠣᠬᠲᠠᠭᠠᠯ ᠳᠤ ᠵᠠᠰᠠᠪᠤᠷᠢ ᠤᠷᠤᠭᠤᠯᠬᠤ ᠲᠣᠬᠠᠢ ᠰᠢᠢᠳᠪᠦᠷᠢ︾ ᠶᠢ ᠦᠨᠳᠦᠰᠦᠯᠡᠵᠦ ᠬᠤᠶᠠᠲᠣᠭᠠᠷ ᠣᠲᠠᠭ᠎ᠠ ᠵᠠᠰᠠᠪᠣᠷᠢ ᠣᠷᠣᠭᠤᠯᠪᠠ︶      ᠭᠤᠷᠪᠠᠲᠣᠭᠠᠷ ᠪᠦᠯᠦᠭ  ᠪᠦᠬᠦ ᠠᠷᠠᠳ ᠤᠨ ᠪᠡᠶ᠎ᠡ ᠴᠢᠬᠢᠷᠠᠬᠵᠢᠭᠤᠯᠬᠤ ᠬᠦᠲᠡᠯᠭᠡᠭᠡᠨ       ᠠᠷᠪᠠᠨ ᠬᠤᠶᠠᠲᠣᠭᠠᠷ ᠵᠣᠷᠪᠣᠰ ᠵᠢᠯ ᠪᠦᠷᠢ ᠶᠢᠨ 8 ᠰᠠᠷ᠎ᠠ ᠶᠢᠨ 8 ᠤ ᠡᠳᠦᠷ ᠪᠣᠯ ᠪᠦᠬᠦ ᠠᠷᠠᠳ ᠤᠨ ᠪᠡᠶ᠎ᠡ ᠴᠢᠬᠢᠷᠠᠬᠵᠢᠭᠤᠯᠬᠤ ᠡᠳᠦᠷ ᠪᠣᠯᠣᠨ᠎ᠠ᠃ ᠰᠢᠶᠠᠨ ᠤ ᠱᠠᠲᠣᠨ ᠠᠴᠠ ᠲᠡᠭᠡᠭᠰᠢᠬᠢ ᠠᠷᠠᠳ ᠤᠨ ᠵᠠᠰᠠᠬ ᠤᠨ ᠣᠷᠲᠣᠨ ᠵᠢᠴᠢ ᠬᠠᠮᠢᠶ᠎ᠠ ᠪᠦᠬᠦᠢ ᠰᠠᠯᠠᠭ᠎ᠠ ᠮᠦᠴᠢᠷ ᠲᠤᠰ ᠡᠳᠦᠷ ᠲᠤ ᠪᠦᠬᠦ ᠠᠷᠠᠳ ᠤᠨ ᠪᠡᠶ᠎ᠡ ᠴᠢᠬᠢᠷᠠᠬᠵᠢᠭᠤᠯᠬᠤ ᠰᠣᠷᠲᠠᠯ ᠣᠬᠠᠭᠤᠯᠭ᠎ᠠ ᠪᠠᠨ ᠴᠢᠩᠭᠠᠳᠬᠠᠨ᠎ᠠ᠃       ᠣᠯᠣᠰ ᠤᠨ ᠠᠯᠪᠠᠨ ᠪᠠᠶᠢᠭᠤᠯᠣᠯᠭ᠎ᠠ᠂ ᠠᠵᠦ ᠠᠬᠤᠶᠢᠯᠠᠯ ᠠᠵᠢᠯ ᠦᠢᠯᠡᠰ ᠤᠨ ᠨᠢᠭᠡᠴᠡ ᠪᠣᠯᠣᠨ ᠦᠭᠡᠷ᠎ᠡ ᠪᠣᠰᠣᠳ ᠵᠣᠬᠢᠶᠠᠨ ᠪᠠᠶᠢᠭᠤᠯᠣᠯᠲᠠ ᠪᠦᠬᠦ ᠠᠷᠠᠳ ᠤᠨ ᠪᠡᠶ᠎ᠡ ᠴᠢᠬᠢᠷᠠᠬᠵᠢᠭᠤᠯᠬᠤ ᠡᠳᠦᠷ ᠲᠤ ᠦᠪᠡᠷ ᠦᠪᠡᠷᠰᠡᠳ ᠤᠨ ᠨᠦᠬᠦᠴᠡᠯ ᠣᠨᠴᠠᠯᠢᠬ ᠲᠠᠢ ᠪᠠᠨ ᠣᠶᠠᠯᠲᠣᠭᠤᠯᠵᠦ ᠲᠣᠰ ᠪᠠᠶᠢᠭᠤᠯᠣᠯᠭ᠎ᠠ ᠨᠢᠭᠡᠴᠡ ᠶᠢᠨ ᠠᠵᠢᠯᠲᠠᠨ ᠢᠶᠠᠨ ᠵᠣᠬᠢᠶᠠᠨ ᠪᠠᠶᠢᠭᠤᠯᠵᠦ ᠪᠦᠬᠦ ᠠᠷᠠᠳ ᠤᠨ ᠪᠡᠶ᠎ᠡ ᠴᠢᠬᠢᠷᠠᠬᠵᠢᠭᠤᠯᠬᠤ ᠬᠦᠲᠡᠯᠭᠡᠭᠡᠨ ᠦᠷᠨᠢᠬᠦᠯᠦᠨ᠎ᠡ᠃       ᠰᠢᠶᠠᠨ ᠤ ᠱᠠᠲᠣᠨ ᠠᠴᠠ ᠲᠡᠭᠡᠭᠰᠢᠬᠢ ᠠᠷᠠᠳ ᠤᠨ ᠵᠠᠰᠠᠬ ᠤᠨ ᠣᠷᠲᠣᠨ ᠤ ᠪᠡᠶ᠎ᠡ ᠶᠢᠨ ᠲᠠᠮᠢᠷ ᠤᠨ ᠭᠤᠣᠯᠯᠠᠨ ᠬᠠᠮᠢᠶᠠᠷᠬᠤ ᠰᠠᠯᠠᠭ᠎ᠠ ᠮᠦᠴᠢᠷ ᠪᠦᠬᠦ ᠠᠷᠠᠳ ᠤᠨ ᠪᠡᠶ᠎ᠡ ᠴᠢᠬᠢᠷᠠᠬᠵᠢᠭᠤᠯᠬᠤ ᠡᠳᠦᠷ ᠲᠤ ᠰᠦᠢᠳᠭᠡᠯ ᠬᠤᠷᠢᠶᠠᠬᠤ ᠦᠭᠡᠢ ᠪᠡᠶ᠎ᠡ ᠴᠢᠬᠢᠷᠠᠭᠵᠢᠭᠤᠯᠬᠤ ᠵᠢᠯᠣᠭᠤᠲᠣᠯᠭ᠎ᠠ ᠦᠢᠯᠡᠴᠢᠯᠡᠭᠡ ᠶᠢᠨ ᠠᠵᠢᠯᠯᠠᠭ᠎ᠠ ᠦᠷᠨᠢᠬᠦᠯᠦᠨ᠎ᠡ᠃       ᠣᠯᠠᠨ ᠨᠡᠶᠢᠲᠡ ᠶᠢᠨ ᠪᠡᠶ᠎ᠡ ᠶᠢᠨ ᠲᠠᠮᠢᠷ ᠤᠨ ᠲᠦᠬᠦᠭᠡᠷᠦᠮᠵᠢ ᠶᠢ ᠪᠦᠬᠦ ᠠᠷᠠᠳ ᠤᠨ ᠪᠡᠶ᠎ᠡ ᠴᠢᠬᠢᠷᠠᠬᠵᠢᠭᠤᠯᠬᠤ ᠡᠳᠦᠷ ᠲᠤ ᠣᠯᠠᠨ ᠨᠡᠶᠢᠲᠡ ᠳᠤ ᠰᠦᠢᠳᠭᠡᠯ ᠬᠤᠷᠢᠶᠠᠬᠤ ᠦᠭᠡᠢ ᠪᠠᠷ ᠴᠢᠯᠦᠭᠡᠲᠡᠢ ᠨᠡᠭᠡᠭᠡᠨ᠎ᠡ︔ ᠣᠯᠣᠰ ᠠᠴᠠ ᠦᠭᠡᠷ᠎ᠡ ᠪᠣᠰᠣᠳ ᠲᠦᠷᠦᠯ ᠤᠨ ᠪᠡᠶ᠎ᠡ ᠶᠢᠨ ᠲᠠᠮᠢᠷ ᠤᠨ ᠲᠦᠬᠦᠭᠡᠷᠦᠮᠵᠢ ᠶᠢ ᠪᠦᠬᠦ ᠠᠷᠠᠳ ᠤᠨ ᠪᠡᠶ᠎ᠡ ᠴᠢᠬᠢᠷᠠᠬᠵᠢᠭᠤᠯᠬᠤ ᠡᠳᠦᠷ ᠣᠯᠠᠨ ᠨᠡᠶᠢᠲᠡ ᠳᠤ ᠰᠦᠢᠳᠭᠡᠯ ᠬᠤᠷᠢᠶᠠᠬᠤ ᠦᠭᠡᠢ ᠪᠠᠷ ᠴᠢᠯᠦᠭᠡᠲᠡᠢ ᠨᠡᠭᠡᠭᠡᠬᠦ ᠶᠢ ᠵᠣᠷᠢᠬᠵᠢᠭᠤᠯᠣᠨ᠎ᠠ᠃       ᠠᠷᠪᠠᠨ ᠭᠤᠷᠪᠠᠲᠣᠭᠠᠷ ᠵᠣᠷᠪᠣᠰ ᠲᠦᠷᠦ ᠶᠢᠨ ᠶᠠᠪᠣᠲᠠᠯ ᠤᠨ ᠬᠤᠷᠢᠶ᠎ᠠ ᠶᠢᠨ ᠪᠡᠶ᠎ᠡ ᠶᠢᠨ ᠲᠠᠮᠢᠷ ᠢ ᠭᠤᠣᠯᠯᠠᠨ ᠬᠠᠮᠢᠶᠠᠷᠬᠤ ᠰᠠᠯᠠᠭ᠎ᠠ ᠮᠦᠴᠢᠷ ᠲᠣᠬᠲᠠᠬᠰᠠᠨ ᠬᠤᠭᠤᠴᠠᠭ᠎ᠠ ᠲᠠᠢ ᠪᠠᠷ ᠪᠦᠬᠦ ᠣᠯᠣᠰ ᠤᠨ ᠴᠢᠨᠠᠷᠲᠠᠢ ᠣᠯᠠᠨ ᠲᠦᠮᠡᠨ ᠤ ᠪᠡᠶ᠎ᠡ ᠶᠢᠨ ᠲᠠᠮᠢᠷ ᠤᠨ ᠣᠷᠣᠯᠲᠣᠭᠠᠨ ᠡᠷᠬᠢᠯᠡᠨ᠎ᠡ︔ ᠲᠦᠷᠦ ᠶᠢᠨ ᠶᠠᠪᠣᠲᠠᠯ ᠤᠨ ᠬᠤᠷᠢᠶ᠎ᠠ ᠶᠢᠨ ᠪᠣᠰᠣᠳ ᠬᠠᠮᠢᠶ᠎ᠠ ᠪᠦᠬᠦᠢ ᠰᠠᠯᠠᠭ᠎ᠠ ᠮᠦᠴᠢᠷ᠂ ᠪᠦᠬᠦ ᠣᠯᠣᠰ ᠤᠨ ᠴᠢᠨᠠᠷᠲᠠᠢ ᠨᠡᠶᠢᠭᠡᠮ ᠤᠨ ᠪᠦᠯᠬᠦᠮ ᠨᠢᠭᠡᠴᠡ ᠵᠡᠷᠭᠡ ᠪᠠᠶᠢᠭᠤᠯᠤᠯᠭ᠎ᠠ ᠨᠢᠭᠡᠴᠢ ᠬᠡᠷᠡᠭᠴᠡᠭᠡ ᠱᠠᠭᠠᠷᠲᠠᠯᠭ᠎ᠠ ᠶᠢ ᠦᠨᠳᠦᠰᠦᠯᠡᠵᠦ ᠬᠠᠷᠠᠭᠠᠯᠵᠠᠬᠰᠠᠨ ᠪᠦᠬᠦ ᠣᠯᠣᠰ ᠤᠨ ᠴᠢᠨᠠᠷᠲᠠᠢ ᠣᠯᠠᠨ ᠲᠦᠮᠡᠨ ᠤ ᠪᠡᠶ᠎ᠡ ᠶᠢᠨ ᠲᠠᠮᠢᠷ ᠤᠨ ᠣᠷᠣᠯᠲᠣᠭᠠᠨ ᠡᠷᠬᠢᠯᠡᠵᠦ ᠪᠣᠯᠣᠨ᠎ᠠ᠃       ᠣᠷᠣᠨ ᠨᠣᠲᠤᠬ ᠤᠨ ᠠᠷᠠᠳ ᠤᠨ ᠵᠠᠰᠠᠬ ᠤᠨ ᠣᠷᠲᠣᠨ ᠲᠣᠬᠲᠠᠬᠰᠠᠨ ᠬᠤᠭᠤᠴᠠᠭ᠎ᠠ ᠲᠠᠢ ᠪᠠᠷ ᠲᠣᠰ ᠵᠠᠰᠠᠬ ᠵᠠᠬᠢᠷᠭᠠᠨ ᠤ ᠣᠷᠣᠨ ᠤ ᠣᠯᠠᠨ ᠲᠦᠮᠡᠨ ᠤ ᠪᠡᠶ᠎ᠡ ᠶᠢᠨ ᠲᠠᠮᠢᠷ ᠤᠨ ᠣᠷᠣᠯᠲᠣᠭᠠᠨ ᠢ ᠡᠷᠬᠢᠯᠡᠨ ᠶᠠᠪᠣᠬᠲᠠᠭᠤᠯᠬᠤ ᠬᠡᠷᠡᠭᠲᠡᠢ᠃       ᠠᠷᠪᠠᠨ ᠲᠦᠷᠪᠡᠲᠦᠭᠡᠷ ᠵᠣᠷᠪᠣᠰ ᠰᠢᠶᠠᠨ ᠤ ᠱᠠᠲᠣᠨ ᠤ ᠠᠷᠠᠳ ᠤᠨ ᠵᠠᠰᠠᠬ ᠤᠨ ᠣᠷᠲᠣᠨ ᠤ ᠪᠡᠶ᠎ᠡ ᠶᠢᠨ ᠲᠠᠮᠢᠷ ᠢ ᠭᠤᠣᠯᠯᠠᠨ ᠬᠠᠮᠢᠶᠠᠷᠬᠤ ᠰᠠᠯᠠᠭ᠎ᠠ ᠮᠦᠴᠢᠷ ᠣᠯᠠᠮᠵᠢᠯᠠᠯᠲᠣ ᠪᠠᠶᠠᠷ ᠲᠣᠷᠠᠰᠬᠠᠯ ᠤᠨ ᠡᠳᠦᠷ ᠪᠣᠯᠣᠨ ᠲᠠᠷᠢᠶᠠᠯᠠᠩ ᠤᠨ ᠰᠡᠯᠡᠬᠦᠦ ᠣᠯᠠᠷᠢᠯ ᠳᠤ ᠬᠦᠲᠡᠭᠡ ᠲᠣᠰᠬᠤᠨ ᠤ ᠦᠢᠯᠡᠳᠪᠦᠷᠢᠯᠡᠯ ᠬᠦᠲᠡᠯᠮᠦᠷᠢ ᠪᠣᠯᠣᠨ ᠰᠣᠶᠣᠯ ᠤᠨ ᠠᠮᠢᠲᠣᠷᠠᠯ ᠯᠤᠭ᠎ᠠ ᠵᠣᠬᠢᠴᠠᠯᠲᠣᠬᠰᠠᠨ ᠪᠦᠬᠦ ᠠᠷᠠᠳ ᠤᠨ ᠪᠡᠶ᠎ᠡ ᠴᠢᠬᠢᠷᠠᠬᠵᠢᠭᠤᠯᠬᠤ ᠬᠦᠲᠡᠯᠭᠡᠭᠡᠨ ᠵᠣᠬᠢᠶᠠᠨ ᠪᠠᠶᠢᠭᠤᠯᠵᠦ ᠦᠷᠨᠢᠬᠦᠯᠦᠨ᠎ᠡ᠃       ᠠᠷᠪᠠᠨ ᠲᠠᠪᠣᠲᠣᠭᠠᠷ ᠵᠣᠷᠪᠣᠰ ᠣᠯᠣᠰ ᠤᠨ ᠠᠯᠪᠠᠨ ᠪᠠᠶᠢᠭᠤᠯᠣᠯᠭ᠎ᠠ᠂ ᠠᠵᠦ ᠠᠬᠤᠶᠢᠯᠠᠯ ᠠᠵᠢᠯ ᠦᠢᠯᠡᠰ ᠤᠨ ᠨᠢᠭᠡᠴᠡ ᠪᠣᠯᠣᠨ ᠪᠣᠰᠣᠳ ᠵᠣᠬᠢᠶᠠᠨ ᠪᠠᠶᠢᠭᠤᠯᠣᠯᠲᠠ ᠲᠣᠰ ᠪᠠᠶᠢᠭᠤᠯᠣᠯᠭ᠎ᠠ ᠶᠢᠨ ᠢᠶᠠᠨ ᠠᠵᠢᠯᠲᠠᠨ ᠢ ᠵᠣᠬᠢᠶᠠᠨ ᠪᠠᠶᠢᠭᠤᠯᠵᠦ ᠵᠠᠪᠰᠠᠷᠯᠠᠭ᠎ᠠ ︵ᠡᠮᠦᠨᠡᠬᠢ︶ ᠶᠢᠨ ᠪᠡᠶ᠎ᠡ ᠶᠢᠨ ᠲᠠᠮᠢᠷ ᠪᠣᠯᠣᠨ ᠠᠵᠢᠯ ᠤᠨ ᠴᠢᠯᠦᠭᠡᠨ ᠤ ᠪᠡᠶ᠎ᠡ ᠴᠢᠬᠢᠷᠠᠬᠵᠢᠭᠤᠯᠬᠤ ᠬᠦᠲᠡᠯᠭᠡᠭᠡᠨ ᠵᠣᠬᠢᠶᠠᠨ ᠪᠠᠶᠢᠭᠤᠯᠣᠨ᠎ᠠ︔ ᠨᠦᠬᠦᠴᠡᠯ ᠲᠠᠢ ᠪᠦᠬᠦᠢ ᠨᠢ ᠪᠡᠶ᠎ᠡ ᠶᠢᠨ ᠲᠠᠮᠢᠷ ᠤᠨ ᠣᠷᠣᠯᠲᠣᠭᠠᠨ ᠡᠷᠬᠢᠯᠡᠬᠦ᠂ ᠪᠡᠶ᠎ᠡ ᠶᠢᠨ ᠲᠠᠮᠢᠷ ᠤᠨ ᠪᠣᠯᠪᠠᠰᠣᠷᠠᠯ ᠢ ᠬᠢᠨᠡᠨ ᠰᠢᠯᠭᠠᠬᠤ᠂ ᠪᠡᠶ᠎ᠡ ᠮᠠᠬᠠᠪᠣᠳ ᠢ ᠬᠢᠨᠡᠨ ᠲᠣᠬᠲᠠᠭᠠᠬᠤ ᠵᠡᠷᠭᠡ ᠬᠦᠲᠡᠯᠭᠡᠭᠡᠨ ᠡᠷᠬᠢᠯᠡᠵᠦ ᠪᠣᠯᠣᠨ᠎ᠠ᠃       ᠠᠷᠪᠠᠨ ᠵᠢᠷᠭᠤᠲᠣᠭᠠᠷ ᠵᠣᠷᠪᠣᠰ ᠠᠵᠢᠯᠴᠢᠨ ᠤ ᠡᠪᠯᠡᠯ᠂ ᠡᠪ ᠬᠠᠮᠲᠣ ᠵᠠᠯᠠᠭᠤᠴᠣᠳ ᠤᠨ ᠡᠪᠯᠡᠯ᠂ ᠡᠮᠡᠭᠲᠡᠶᠢᠴᠦᠳ ᠤᠨ ᠬᠤᠯᠪᠣᠭᠠᠲᠣ ᠬᠤᠷᠠᠯ᠂ ᠵᠡᠮᠲᠡᠭᠴᠦᠳ ᠤᠨ ᠬᠤᠯᠪᠣᠭ᠎ᠠ ᠵᠡᠷᠭᠡ ᠨᠡᠶᠢᠭᠡᠮ ᠤᠨ ᠪᠦᠯᠬᠦᠮ ᠨᠢᠭᠡᠴᠡ ᠦᠪᠡᠷ ᠦᠪᠡᠷ ᠤᠨ ᠣᠨᠴᠠᠯᠢᠬ ᠲᠠᠢ ᠪᠠᠨ ᠣᠶᠠᠯᠲᠣᠭᠤᠯᠵᠦ᠂ ᠬᠡᠰᠢᠬᠦᠳ ᠢᠶᠠᠨ ᠵᠣᠬᠢᠶᠠᠨ ᠪᠠᠶᠢᠭᠤᠯᠵᠦ ᠪᠦᠬᠦ ᠠᠷᠠᠳ ᠤᠨ ᠪᠡᠶ᠎ᠡ ᠴᠢᠬᠢᠷᠠᠬᠵᠢᠭᠤᠯᠬᠤ ᠬᠦᠲᠡᠯᠭᠡᠭᠡᠨ ᠦᠷᠨᠢᠬᠦᠯᠬᠦ ᠬᠡᠷᠡᠭᠲᠡᠢ᠃       ᠲᠠᠩ ᠲᠦᠷᠦᠯ ᠤᠨ ᠪᠡᠶ᠎ᠡ ᠶᠢᠨ ᠲᠠᠮᠢᠷ ᠤᠨ ᠨᠡᠶᠢᠭᠡᠮᠯᠢᠭ ᠪᠡᠶ᠎ᠠ ᠶᠢᠨ ᠲᠠᠮᠢᠷ ᠤᠨ ᠲᠦᠷᠦᠯ ᠵᠦᠢᠯ ᠢ ᠲᠦᠭᠡᠮᠡᠯᠵᠢᠬᠦᠯᠦᠨ ᠲᠡᠯᠭᠡᠷᠡᠬᠦᠯᠬᠦ ᠪᠠ ᠪᠦᠬᠦ ᠠᠷᠠᠳ ᠤᠨ ᠪᠡᠶ᠎ᠡ ᠴᠢᠬᠢᠷᠠᠬᠵᠢᠭᠤᠯᠬᠤ ᠬᠦᠲᠡᠯᠭᠡᠭᠡᠨ ᠢ ᠵᠣᠬᠢᠶᠠᠨ ᠪᠠᠶᠢᠭᠤᠯᠵᠤ ᠦᠷᠨᠢᠬᠦᠯᠬᠦ ᠶᠢ ᠠᠵᠢᠯ ᠤᠨ ᠲᠦᠯᠦᠪᠯᠡᠭᠡ ᠳᠡᠭᠡᠨ ᠪᠠᠭᠲᠠᠭᠠᠬᠤ ᠶᠢᠨ ᠬᠠᠮᠲᠣ ᠪᠦᠬᠦ ᠠᠷᠠᠳ ᠤᠨ ᠪᠡᠶ᠎ᠡ ᠴᠢᠬᠢᠷᠠᠬᠵᠢᠭᠤᠯᠬᠤ ᠬᠦᠲᠡᠯᠭᠡᠭᠡᠨ ᠢ ᠵᠢᠯᠣᠭᠤᠲᠣᠨ ᠲᠡᠮᠵᠢᠯᠭᠡ ᠦᠵᠡᠬᠦᠯᠬᠦ ᠬᠡᠷᠡᠭᠲᠡᠢ᠃       ᠠᠷᠪᠠᠨ ᠲᠣᠯᠣᠲᠣᠭᠠᠷ ᠵᠣᠷᠪᠣᠰ ᠦᠨᠳᠦᠰᠦᠨ ᠱᠠᠲᠣᠨ ᠤ ᠰᠣᠶᠣᠯ ᠪᠡᠶ᠎ᠡ ᠶᠢᠨ ᠲᠠᠮᠢᠷ ᠤᠨ ᠵᠣᠬᠢᠶᠠᠨ ᠪᠠᠶᠢᠭᠤᠯᠣᠯᠲᠠ᠂ ᠰᠠᠭᠤᠭᠠᠯᠢ ᠠᠷᠠᠳ ᠤᠨ ᠵᠦᠪᠯᠡᠯ ᠪᠠ ᠲᠣᠰᠬᠤᠨ ᠤ ᠠᠷᠠᠳ ᠤᠨ ᠵᠦᠪᠯᠡᠯ ᠨᠢ ᠰᠠᠭᠤᠭᠠᠯᠢ ᠠᠷᠠᠳ ᠢᠶᠠᠨ ᠵᠣᠬᠢᠶᠠᠨ ᠪᠠᠶᠢᠭᠤᠯᠣᠨ ᠪᠦᠬᠦ ᠠᠷᠠᠳ ᠤᠨ ᠪᠡᠶ᠎ᠡ ᠴᠢᠬᠢᠷᠠᠬᠵᠢᠭᠤᠯᠬᠤ ᠬᠦᠲᠡᠯᠭᠡᠭᠡᠨ ᠦᠷᠨᠢᠬᠦᠯᠵᠦ᠂ ᠵᠠᠰᠠᠬ ᠤᠨ ᠣᠷᠲᠣᠨ ᠢ ᠬᠠᠮᠵᠢᠨ ᠬᠠᠮᠢᠶ ᠎ᠠ ᠪᠦᠬᠦᠢ ᠠᠵᠢᠯ ᠢ ᠰᠠᠶᠢᠲᠣᠷ ᠬᠢᠬᠦ ᠬᠡᠷᠡᠭᠲᠡᠢ᠃       ᠠᠷᠪᠠᠨ ᠨᠠᠢᠮᠠᠳᠤᠭᠠᠷ ᠵᠣᠷᠪᠣᠰ ᠪᠦᠬᠦ ᠠᠷᠠᠳ ᠤᠨ ᠪᠡᠶ᠎ᠡ ᠴᠢᠬᠢᠷᠠᠬᠵᠢᠭᠤᠯᠬᠤ ᠬᠦᠲᠡᠯᠭᠡᠭᠡᠨ ᠤ ᠦᠷᠲᠡᠭᠡ ᠴᠢᠬ᠂ ᠪᠡᠶ᠎ᠡ ᠶᠢᠨ ᠲᠠᠮᠢᠷ ᠤᠨ ᠺᠯᠦ᠋ᠪ ᠵᠡᠷᠭᠡ ᠣᠯᠠᠨ ᠲᠦᠮᠡᠨᠴᠢ ᠴᠢᠨᠠᠷᠲᠠᠢ ᠪᠡᠶ᠎ᠡ ᠶᠢᠨ ᠲᠠᠮᠢᠷ ᠤᠨ ᠵᠣᠬᠢᠶᠠᠨ ᠪᠠᠶᠢᠭᠤᠯᠣᠯᠲᠠ ᠶᠢᠨ ᠪᠦᠬᠦ ᠠᠷᠠᠳ ᠤᠨ ᠪᠡᠶ᠎ᠡ ᠴᠢᠬᠢᠷᠠᠬᠵᠢᠭᠤᠯᠬᠤ ᠬᠦᠲᠡᠯᠭᠡᠭᠡᠨ ᠵᠣᠬᠢᠶᠠᠨ ᠪᠠᠶᠢᠭᠤᠯᠵᠤ ᠦᠷᠨᠢᠬᠦᠯᠬᠦ ᠶᠢ ᠵᠣᠷᠢᠬᠵᠢᠭᠤᠯᠵᠦ᠂ ᠰᠢᠨᠵᠢᠯᠡᠬᠦ ᠣᠬᠠᠭᠠᠨᠴᠢ ᠪᠠᠷ ᠪᠡᠶ᠎ᠡ ᠴᠢᠬᠢᠷᠠᠬᠵᠢᠭᠤᠯᠬᠤ ᠶᠢ ᠣᠬᠠᠭᠤᠯᠣᠨ᠎ᠠ︔ ᠰᠢᠶᠠᠨ ᠤ ᠱᠠᠲᠣᠨ ᠠᠴᠠ ᠲᠡᠭᠡᠭᠰᠢᠬᠢ ᠠᠷᠠᠳ ᠤᠨ ᠵᠠᠰᠠᠬ ᠤᠨ ᠣᠷᠲᠣᠨ ᠤ ᠪᠡᠶ᠎ᠡ ᠶᠢᠨ ᠲᠠᠮᠢᠷ ᠢ ᠭᠤᠣᠯᠯᠠᠨ ᠬᠠᠮᠢᠶᠠᠷᠬᠤ ᠰᠠᠯᠠᠭ᠎ᠠ ᠮᠦᠴᠢᠷ ᠪᠣᠯᠣᠨ ᠪᠣᠰᠣᠳ ᠬᠠᠮᠢᠶ᠎ᠠ ᠪᠦᠬᠦᠢ ᠰᠠᠯᠠᠭ᠎ᠠ ᠮᠦᠴᠢᠷ ᠲᠡᠮᠵᠢᠯᠭᠡ ᠦᠵᠡᠬᠦᠯᠬᠦ ᠬᠡᠷᠡᠭᠲᠡᠢ᠃       ᠠᠷᠪᠠ ᠶᠢᠰᠦᠲᠦᠭᠡᠷ ᠵᠣᠷᠪᠣᠰ ᠬᠠᠣᠯᠢ ᠶᠣᠰᠣᠭᠠᠷ ᠡᠷᠬᠢᠯᠡᠭᠰᠡᠨ ᠣᠯᠠᠨ ᠲᠦᠮᠡᠨ ᠤ ᠪᠡᠶ᠎ᠡ ᠶᠢᠨ ᠲᠠᠮᠢᠷ ᠤᠨ ᠣᠷᠣᠯᠲᠣᠭᠠᠨ ᠵᠡᠷᠭᠡ ᠪᠦᠬᠦ ᠠᠷᠠᠳ ᠤᠨ ᠪᠡᠶ᠎ᠡ ᠴᠢᠬᠢᠷᠠᠬᠵᠢᠭᠤᠯᠬᠤ ᠬᠦᠲᠡᠯᠭᠡᠭᠡᠨ ᠢ ᠶᠠᠮᠠᠷᠪᠠ ᠵᠣᠬᠢᠶᠠᠨ ᠪᠠᠶᠢᠭᠤᠯᠣᠯᠲᠠ ᠪᠣᠯᠣᠨ ᠬᠤᠪᠢ ᠬᠦᠮᠦᠨ ᠬᠠᠣᠯᠢ ᠪᠣᠰᠣ ᠪᠠᠷ ᠬᠢᠨᠠᠨ ᠵᠦᠪᠰᠢᠶᠡᠷᠡᠬᠦ ᠪᠠ ᠬᠢᠨᠡᠨ ᠵᠦᠪᠰᠢᠶᠡᠷᠡᠬᠦ ᠰᠦᠢᠳᠭᠡᠯ ᠬᠤᠷᠢᠶᠠᠵᠦ ᠪᠣᠯᠬᠤ ᠦᠭᠡᠢ᠃       ᠬᠤᠷᠢᠲᠣᠭᠠᠷ ᠵᠣᠷᠪᠣᠰ ᠷᠠᠳᠢᠣ᠋ ᠬᠤᠷᠢᠶ᠎ᠠ᠂ ᠲᠧᠯᠸᠢᠰ ᠬᠤᠷᠢᠶ᠎ᠠ᠂ ᠰᠣᠨᠢᠨ ᠰᠡᠳᠬᠦᠯ ᠪᠠ ᠢᠨᠲ᠋ᠧᠷ ᠰᠦᠯᠵᠢᠶ᠎ᠠ ᠵᠡᠷᠭᠡ ᠨᠢ ᠪᠦᠬᠦ ᠠᠷᠠᠳ ᠤᠨ ᠪᠡᠶ᠎ᠡ ᠴᠢᠬᠢᠷᠠᠬᠵᠢᠭᠤᠯᠬᠤ ᠬᠦᠲᠡᠯᠭᠡᠭᠡᠨ ᠤ ᠣᠬᠠᠭᠤᠯᠭ᠎ᠠ ᠮᠡᠲᠡᠭᠡᠯᠡᠯ ᠢᠶᠠᠨ ᠴᠢᠩᠭᠠᠳᠬᠠᠵᠦ᠂ ᠰᠢᠨᠵᠢᠯᠡᠬᠦ ᠣᠬᠠᠭᠠᠨᠴᠢ ᠪᠠᠷ ᠪᠡᠶ᠎ᠡ ᠴᠢᠬᠢᠷᠠᠬᠵᠢᠭᠤᠯᠬᠤ ᠮᠡᠲᠡᠯᠭᠡ ᠶᠢ ᠲᠦᠭᠡᠮᠡᠯᠵᠢᠬᠦᠯᠦᠨ᠂ ᠠᠷᠠᠳ ᠢᠷᠭᠡᠳ ᠤᠨ ᠪᠡᠶ᠎ᠡ ᠴᠢᠬᠢᠷᠠᠬᠵᠢᠭᠤᠯᠬᠤ ᠣᠬᠠᠮᠰᠠᠷ ᠢ ᠴᠢᠩᠭᠠᠳᠬᠠᠨ᠎ᠠ᠃       ᠬᠤᠷᠢᠨ ᠨᠢᠭᠡᠲᠦᠭᠡᠷ ᠵᠣᠷᠪᠣᠰ ᠰᠣᠷᠭᠠᠭᠤᠯᠢ ᠨᠤᠭᠤᠳ ︽ᠪᠦᠬᠦᠲᠡ ᠨᠡᠶᠢᠷᠠᠮᠲᠠᠬᠤ ᠲᠣᠮᠲᠠᠲᠣ ᠠᠷᠠᠳ ᠣᠯᠣᠰ ᠤᠨ ᠪᠡᠶ᠎ᠡ ᠶᠢᠨ ᠲᠠᠮᠢᠷ ᠤᠨ ᠬᠠᠣᠯᠢ︾ ᠪᠣᠯᠣᠨ ︽ᠰᠣᠷᠭᠠᠭᠤᠯᠢ ᠶᠢᠨ ᠪᠡᠶ᠎ᠡ ᠶᠢᠨ ᠲᠠᠮᠢᠷ ᠤᠨ ᠠᠵᠢᠯ ᠤᠨ ᠲᠦᠷᠢᠮ︾ ᠤᠨ ᠲᠣᠬᠲᠠᠭᠠᠯ ᠢ ᠦᠨᠳᠦᠰᠦᠯᠡᠵᠦ᠂ ᠰᠣᠷᠣᠬᠴᠢᠳ ᠤᠨ ᠨᠠᠰᠣ ᠵᠢᠯ᠂ ᠬᠦᠢᠰᠦ ᠢᠯᠭᠠᠯ ᠪᠣᠯᠣᠨ ᠪᠡᠶ᠎ᠡ ᠮᠠᠬᠠᠪᠣᠳ ᠤᠨ ᠪᠠᠶᠢᠲᠠᠯ ᠢ ᠦᠨᠳᠦᠰᠦᠯᠡᠨ ᠪᠡᠶ᠎ᠡ ᠶᠢᠨ ᠲᠠᠮᠢᠷ ᠤᠨ ᠵᠢᠭᠠᠨ ᠰᠣᠷᠭᠠᠯᠲᠠ ᠶᠢ ᠬᠡᠷᠡᠭᠵᠢᠬᠦᠯᠦᠨ᠂ ᠷᠠᠳᠢᠣ᠋ ᠪᠡᠶ᠎ᠠ ᠶᠢᠨ ᠲᠠᠮᠢᠷ᠂ ᠨᠢᠲᠣ ᠪᠠᠨ ᠬᠠᠮᠠᠭᠠᠯᠠᠬᠤ ᠲᠠᠮᠢᠷ ᠵᠡᠷᠭᠡ ᠪᠡᠶ᠎ᠡ ᠶᠢᠨ ᠲᠠᠮᠢᠷ ᠤᠨ ᠬᠦᠲᠡᠯᠭᠡᠭᠡᠨ ᠦᠷᠨᠢᠬᠦᠯᠦᠨ᠂ ᠰᠣᠷᠣᠬᠴᠢᠳ ᠤᠨ ᠪᠡᠶ᠎ᠡ ᠶᠢᠨ ᠲᠠᠮᠢᠷ ᠤᠨ ᠪᠤᠯᠪᠠᠰᠤᠷᠠᠯ ᠢ ᠵᠢᠯᠣᠭᠤᠳᠴᠦ᠂ ᠰᠣᠷᠣᠬᠴᠢᠳ ᠤᠨ ᠪᠡᠶ᠎ᠡ ᠮᠠᠬᠠᠪᠣᠳ ᠤᠨ ᠬᠡᠪ ᠴᠢᠨᠠᠷ ᠢ ᠲᠡᠭᠡᠭᠰᠢᠯᠡᠬᠦᠯᠦᠨ᠎ᠡ᠃       ᠰᠣᠷᠭᠠᠭᠤᠯᠢ ᠨᠢ ᠰᠣᠷᠣᠬᠴᠢᠳ ᠰᠣᠷᠭᠠᠭᠤᠯᠢ ᠳᠤ ᠪᠠᠶᠢᠬᠤ ᠬᠤᠭᠤᠴᠠᠭᠠᠨ ᠳᠤ ᠡᠳᠦᠷ ᠪᠦᠷᠢ 1 ᠴᠠᠬ ᠪᠡᠶ᠎ᠡ ᠶᠢᠨ ᠲᠠᠮᠢᠷ ᠤᠨ ᠬᠦᠲᠡᠯᠭᠡᠭᠡᠨ ᠳᠤ ᠣᠷᠣᠯᠴᠠᠬᠤ ᠶᠢ ᠪᠠᠲᠣᠯᠠᠬᠤ ᠬᠡᠷᠡᠭᠲᠡᠢ᠃       ᠬᠤᠷᠢᠨ ᠬᠤᠶᠠᠲᠣᠭᠠᠷ ᠵᠣᠷᠪᠣᠰ ᠰᠣᠷᠭᠠᠭᠤᠯᠢ ᠨᠤᠭᠤᠳ ᠰᠣᠷᠣᠯᠭ᠎ᠠ ᠶᠢᠨ ᠬᠤᠭᠤᠴᠠᠭ᠎ᠠ ᠪᠣᠯᠭᠠᠨ ᠨᠠᠭᠠᠲᠣ ᠵᠠᠬ᠎ᠠ ᠳᠠᠭᠠᠨ ᠨᠢᠭᠡ ᠣᠲᠠᠭᠠᠨ ᠤ ᠪᠦᠬᠦ ᠰᠣᠷᠭᠠᠭᠤᠯᠢ ᠶᠢᠨ ᠴᠢᠨᠠᠷᠲᠠᠢ ᠪᠡᠶ ᠎ᠡ ᠶᠢᠨ ᠲᠠᠮᠢᠷ ᠤᠨ ᠣᠷᠣᠯᠲᠣᠭᠠᠨ ᠡᠷᠬᠢᠯᠡᠨ᠎ᠡ︔ ᠨᠦᠬᠦᠴᠡᠯ ᠪᠦᠬᠦᠢ ᠰᠣᠷᠭᠠᠭᠤᠯᠢ ᠨᠢ ᠪᠠᠰᠠ ᠲᠦᠯᠦᠪᠯᠡᠭᠡ ᠲᠠᠢ ᠪᠠᠷ ᠰᠣᠷᠣᠬᠴᠢᠳ ᠢ ᠵᠣᠬᠢᠶᠠᠨ ᠪᠠᠶᠢᠭᠤᠯᠵᠦ ᠬᠤᠯᠠ ᠠᠶᠠᠯᠠᠬᠤ᠂ ᠭᠡᠭᠡᠷ᠎ᠡ ᠶᠢᠨ ᠵᠣᠰᠠᠯᠠᠩ᠂ ᠪᠡᠶ᠎ᠡ ᠶᠢᠨ ᠲᠠᠮᠢᠷ ᠤᠨ ᠵᠣᠰᠠᠭᠠᠯ ︵ᠡᠪᠦᠯᠵᠢᠶ᠎ᠡ︶ ᠵᠡᠷᠭᠡ ᠬᠦᠲᠡᠯᠭᠡᠭᠡᠨ ᠳᠤ ᠣᠷᠣᠯᠴᠠᠭᠤᠯᠣᠨ᠎ᠠ᠃       ᠬᠤᠷᠢᠨ ᠭᠤᠷᠪᠠᠲᠣᠭᠠᠷ ᠵᠣᠷᠪᠣᠰ ᠦᠨᠳᠦᠰᠦᠨ ᠱᠠᠲᠣᠨ ᠤ ᠰᠣᠶᠣᠯ ᠪᠡᠶ᠎ᠡ ᠶᠢᠨ ᠲᠠᠮᠢᠷ ᠤᠨ ᠵᠣᠬᠢᠶᠠᠨ ᠪᠠᠶᠢᠭᠤᠯᠣᠯᠲᠠ᠂ ᠰᠣᠷᠭᠠᠭᠤᠯᠢ᠂ ᠭᠡᠷ ᠪᠦᠯᠢ ᠨᠦᠭᠦᠳ ᠬᠠᠮᠲᠣᠷᠠᠯᠴᠠᠭ᠎ᠠ ᠪᠠᠨ ᠴᠢᠩᠭᠠᠳᠬᠠᠵᠦ᠂ ᠰᠣᠷᠣᠬᠴᠢᠳ ᠤᠨ ᠰᠣᠷᠭᠠᠭᠤᠯᠢ ᠶᠢᠨ ᠭᠠᠲᠠᠨᠠᠬᠢ ᠪᠡᠶ᠎ᠡ ᠶᠢᠨ ᠲᠠᠮᠢᠷ ᠤᠨ ᠬᠦᠲᠡᠯᠭᠡᠭᠡᠨ ᠳᠤ ᠣᠷᠣᠯᠴᠠᠬᠤ ᠶᠢ ᠲᠡᠮᠵᠢᠵᠦ ᠬᠦᠲᠦᠯᠦᠨ ᠵᠢᠯᠣᠭᠤᠲᠣᠨ᠎ᠠ᠃ ᠵᠠᠯᠠᠭᠤᠴᠣᠳ ᠪᠠᠭᠠᠴᠣᠳ ᠤᠨ ᠬᠦᠲᠡᠯᠭᠡᠭᠡᠨ ᠤ ᠲᠦᠪ᠂ ᠪᠠᠭᠠᠴᠣᠳ ᠤᠨ ᠣᠷᠲᠣᠨ᠂ ᠡᠮᠡᠭᠲᠡᠶᠢᠴᠦᠳ ᠬᠡᠦᠬᠡᠳ ᠤᠨ ᠲᠦᠪ ᠵᠡᠷᠭᠡ ᠨᠢ ᠰᠣᠷᠣᠬᠴᠢᠳ ᠤᠨ ᠪᠡᠶ᠎ᠡ ᠶᠢᠨ ᠲᠠᠮᠢᠷ ᠤᠨ ᠬᠦᠲᠡᠯᠭᠡᠭᠡᠨ ᠦᠷᠨᠢᠬᠦᠯᠬᠦ ᠳᠤ ᠲᠦᠬᠦᠮ ᠲᠣᠰᠠ ᠦᠵᠡᠬᠦᠯᠬᠦ ᠬᠡᠷᠡᠭᠲᠡᠢ᠃       ᠬᠤᠷᠢᠨ ᠲᠦᠷᠪᠡᠲᠦᠭᠡᠷ ᠵᠣᠷᠪᠣᠰ ᠲᠣᠮᠣ ᠬᠡᠯᠪᠡᠷᠢ ᠶᠢᠨ ᠪᠦᠬᠦ ᠠᠷᠠᠳ ᠤᠨ ᠪᠡᠶ᠎ᠡ ᠴᠢᠬᠢᠷᠠᠬᠵᠢᠭᠤᠯᠬᠤ ᠬᠦᠲᠡᠯᠭᠡᠭᠡᠨ ᠵᠣᠬᠢᠶᠠᠨ ᠪᠠᠶᠢᠭᠤᠯᠬᠤ ᠳᠠᠭᠠᠨ ᠣᠯᠣᠰ ᠤᠨ ᠬᠤᠯᠪᠣᠬᠲᠠᠯ ᠪᠦᠬᠦᠢ ᠲᠣᠮᠣ ᠬᠡᠯᠪᠡᠷᠢ ᠶᠢᠨ ᠣᠯᠠᠨ ᠲᠦᠮᠡᠨᠴᠢ ᠴᠢᠨᠠᠷᠲᠠᠢ ᠬᠦᠲᠡᠯᠭᠡᠭᠡᠨ ᠤ ᠠᠮᠣᠷ ᠲᠦᠪᠰᠢᠨ ᠤ ᠬᠠᠮᠢᠶᠠᠷᠣᠯᠲᠠ ᠶᠢᠨ ᠲᠣᠬᠲᠠᠭᠠᠯ ᠶᠣᠰᠣᠭᠠᠷ ᠠᠮᠣᠷ ᠲᠦᠪᠰᠢᠨ ᠤ ᠠᠵᠢᠯ ᠢ ᠰᠠᠶᠢᠲᠣᠷ ᠬᠢᠬᠦ ᠬᠡᠷᠡᠭᠲᠡᠢ᠃       ᠬᠤᠷᠢᠨ ᠲᠠᠪᠣᠲᠣᠭᠠᠷ ᠵᠣᠷᠪᠣᠰ ᠶᠠᠮᠠᠷᠪᠠ ᠵᠣᠬᠢᠶᠠᠨ ᠪᠠᠶᠢᠭᠤᠯᠣᠯᠲᠠ ᠪᠣᠶᠣ ᠬᠤᠪᠢ ᠬᠦᠮᠦᠨ ᠪᠡᠶ᠎ᠡ ᠴᠢᠬᠢᠷᠠᠬᠵᠢᠭᠤᠯᠬᠤ ᠬᠦᠲᠡᠯᠭᠡᠭᠡᠨ ᠢ ᠠᠰᠢᠬᠯᠠᠨ ᠹᠧᠣᠳᠠᠯ ᠤᠨ ᠮᠣᠬᠤᠷ ᠪᠢᠰᠢᠷᠡᠯ᠂ ᠨᠡᠶᠢᠭᠡᠮ ᠤᠨ ᠶᠣᠰᠣ ᠰᠣᠷᠲᠠᠬᠤᠨ ᠠᠴᠠ ᠲᠡᠷᠰᠯᠡᠵᠦ ᠭᠠᠵᠢᠬᠰᠠᠨ᠂ ᠣᠯᠠᠨ ᠨᠡᠶᠢᠲᠡ ᠶᠢᠨ ᠡᠮᠬᠢ ᠲᠢᠭᠯᠢᠮ ᠢ ᠰᠠᠮᠠᠷᠠᠭᠤᠯᠤᠭᠰᠠᠨ᠂ ᠠᠷᠠᠳ ᠢᠷᠭᠡᠳ ᠤᠨ ᠪᠡᠶ᠎ᠡ ᠰᠡᠳᠬᠢᠴᠡ ᠶᠢᠨ ᠡᠷᠡᠬᠦᠯ ᠮᠡᠨᠲᠦ ᠶᠢ ᠬᠤᠬᠢᠷᠠᠭᠤᠯᠣᠬᠰᠠᠨ ᠠᠵᠢᠯᠯᠠᠭ᠎ᠠ ᠬᠢᠵᠦ ᠪᠣᠯᠬᠤ ᠦᠭᠡᠢ᠃
ᠢᠷᠡᠯᠲᠡ᠄ ᠦᠪᠡᠷᠲᠡᠭᠡᠨ ᠵᠠᠰᠠᠬᠤ ᠣᠷᠣᠨ ᠤ ᠪᠡᠶ᠎ᠡ ᠶᠢᠨ ᠲᠠᠮᠢᠷ ᠤᠨ ᠲᠣᠪᠴᠢᠶ᠎ᠠ