ᠲᠣᠮᠤᠭ ᠤᠨ ᠤᠯᠠᠭᠠᠨ ᠲᠣᠭᠤᠰᠣᠨ ᠳᠤᠮᠳᠠᠭᠤᠷ ᠥᠴᠥᠭᠡᠳᠦᠷ ᠥᠨᠥᠳᠥᠷ ᠤᠨ ᠵᠠᠢ ᠳᠤ ︽ᠠᠷᠪᠢᠨ ᠴᠠᠭᠠᠰᠤᠨ ᠳᠡᠭᠡᠷ᠎ᠡ ᠪᠢᠴᠢᠭᠰᠡᠨ ᠭᠠᠭᠴᠠᠬᠠᠨ ᠬᠠᠭᠤᠳᠠᠰᠤ | ᠵᠠᠬᠢᠳᠠᠯ ᠰᠢᠭ︾ ᠲᠡᠭᠦᠨ ᠤ ᠠᠮᠢᠳᠤᠷᠠᠯ ᠬᠦᠤᠷᠨᠢᠭ᠍ᠳᠡᠭᠰᠡᠭᠡᠷ᠃ | ︽ᠴᠠᠭ ᠬᠤᠭᠤᠴᠠᠭ᠎ᠠ ᠠᠯᠢᠪᠠ ᠶᠢ ᠬᠤᠪᠢᠷᠠᠭᠠᠳᠠᠭ ᠢᠶᠠᠷ ᠪᠠᠷᠠᠬᠤ ᠦᠭᠡᠢ ᠬᠤᠪᠢᠷᠠᠭᠠᠭᠰᠠᠭᠠᠷ ᠪᠠᠶᠢᠳᠠᠭ︾ ᠬᠤᠷᠸ᠎ᠠ ᠶᠢᠨ ᠵᠠᠮᠨᠠᠯ ᠳᠤ ᠳᠤᠷᠠᠯᠠᠨ ᠬᠠᠶᠢᠷᠠᠯᠠᠬᠤ ᠶᠢᠨ | ᠰᠡᠳᠭᠢᠯ ᠥᠭᠭᠦᠭᠰᠡᠨ᠂ ᠳᠤᠷᠠᠰᠤᠨ ᠰᠠᠨᠠᠬᠤ ᠶᠢᠨ ᠮᠥᠷᠥᠭᠡᠳᠦᠯ ᠥᠭᠭᠦᠭᠰᠡᠨ᠂ ᠳᠠᠭᠤᠯᠠᠨ ᠤᠶᠠᠩᠭᠠᠯᠠᠬᠤ ᠶᠢᠨ ᠰᠢᠯᠦᠭ ᠥᠭᠭᠦᠭᠰᠡᠨ᠂ ᠳᠤᠭᠤᠢ ᠰᠠᠭᠤᠵᠤ ᠨᠠᠮ | ᠪᠣᠳᠣᠯᠭᠠᠰᠢᠷᠠᠬᠤ ᠶᠢᠨ ᠤᠬᠠᠭ᠎ᠠ ᠥᠭᠭᠦᠭᠰᠡᠨ ᠬᠠᠯᠠᠭᠤᠨ ᠡᠯᠢᠭᠡᠨ ᠨᠤᠲᠤᠭ ᠤᠨ ᠢᠶᠠᠨ ᠬᠠᠩᠭᠠᠢ ᠵᠣ᠂ ᠬᠠᠯᠴᠠᠭᠠᠷ ᠬᠦᠷᠡᠩ ᠠᠭᠤᠯᠠ᠂ ᠲᠠᠰᠢᠭᠤᠷ ᠰᠢᠭ ᠰᠠᠯᠬᠢ ᠲᠠᠢ | ᠠᠷᠴᠠ ᠶᠢᠨ ᠪᠡᠷᠬᠡ ᠶᠢᠨ ᠮᠠᠩᠬ᠎ᠠ᠂ ᠲᠠᠪᠤᠨ ᠮᠢᠩᠭᠠᠨ ᠵᠢᠯ ᠤᠷᠤᠰᠤᠭᠰᠠᠨ ᠠᠲᠠᠯ᠎ᠡ ᠪᠠᠨ ᠥᠨᠥᠳᠥᠷ ᠠᠮᠢ ᠲᠠᠰᠤᠷᠠᠭᠰᠠᠨ ᠯᠤᠤᠬ᠎ᠠ ᠶᠢᠨ ᠭᠤᠣᠯ᠂ ᠰᠢᠯᠦᠭ ᠲᠡᠤᠬᠡ | ᠮᠡᠳᠡᠬᠦ ᠦᠭᠡᠢ ᠵᠣᠭᠤᠰ ᠯᠠ ᠲᠠᠨᠢᠳᠠᠭ ᠠᠷᠠᠳ ᠲᠦᠮᠡᠨ ᠬᠢᠬᠡᠳ ᠲᠡᠭᠦᠨ ᠤ ᠥᠴᠥᠭᠡᠳᠦᠷ ᠪᠠ ᠦᠨᠤ ᠮᠠᠷᠭᠠᠰᠢ᠂ ᠠᠬᠤᠢ ᠪᠠ ᠬᠦᠰᠡᠯᠡᠩ ᠲᠡᠮᠡᠤᠯᠣᠯ᠂ ᠪᠠᠶᠠᠷ ᠪᠠ | ᠭᠤᠨᠢᠭ ᠭᠤᠮᠣᠳᠠᠯ᠂ ᠰᠠᠶᠢᠨ ᠮᠠᠭᠤ ᠦᠨᠡᠨ ᠬᠤᠳᠠᠯ ᠤᠨ ᠲᠤᠬᠠᠢ ᠶᠡᠭᠡ ᠤᠰᠤᠨ ᠤ ᠴᠢᠮᠡᠭᠡ ᠴᠢᠩᠨᠠᠨ ᠰᠣᠯᠣᠩᠭ᠎ᠠ ᠪᠠᠷᠢᠬᠤ ᠭᠡᠵᠤ ᠭᠦᠶᠦᠯᠳᠦᠳᠡᠭ ᠬᠡᠤᠬᠡᠳ ᠦᠶ᠎ᠡ᠂ | ᠰᠣᠯᠣᠩᠭᠠᠨ ᠳᠣᠯᠣᠭᠠᠨ ᠬᠦᠰᠡᠯ ᠳᠡᠭᠡᠨ ᠱᠠᠩᠳᠠᠭᠤᠷᠠᠭᠰᠠᠨ ᠰᠤᠯᠢᠶ᠎ᠡ ᠭᠡᠨᠡᠨ ᠠᠷᠪᠠᠨ ᠨᠠᠢᠮᠠᠨ ᠨᠠᠰᠤ ᠪᠠᠨ ᠰᠠᠨᠠᠵᠤ᠂ ᠳᠥᠯᠭᠡᠨ ᠠᠭᠠᠳ ᠲᠠᠶᠢᠪᠤᠩ ᠮᠣᠩᠭᠤᠯ ᠤᠨ | ᠭᠤᠪᠢ ᠪᠦᠷᠢᠳᠦ ᠪᠠᠨ ᠡᠷᠢᠵᠤ ᠪᠠᠳᠠᠷᠢᠭ᠍ᠰᠡᠭᠡᠷ ᠰᠡᠳᠭᠢᠯ ᠢᠶᠠᠨ ᠰᠡᠮᠬᠡᠨ ᠠᠷᠭᠠᠳᠠᠨ ︽ᠪᠢᠷ ᠢᠶᠠᠨ ᠪᠢ ᠬᠠᠶᠠᠭ᠎ᠠ ᠦᠭᠡᠢ︾ ᠬᠡᠮᠡᠨ ᠪᠠᠷᠳᠠᠮ ᠶᠠᠷᠢᠵᠤ ᠥᠪᠡᠷ ᠤᠨ ᠭᠡᠰᠡᠨ | ᠵᠥᠩ ᠮᠡᠳᠡᠷᠡᠬᠦᠢ᠂ ᠪᠢᠰᠢᠯᠭᠠᠯ᠂ ᠪᠠᠷᠢᠮᠲᠠᠯᠠᠯ ᠢᠶᠠᠷ ᠢᠶᠠᠨ ᠰᠢᠯᠦᠭ ᠵᠣᠬᠢᠶᠠᠯ ᠢᠶᠠᠨ ᠲᠤᠭᠤᠷᠪᠢᠵᠤ᠂ ᠠᠮᠢ ᠨᠠᠰᠤᠨ ᠤ ᠪᠠᠨ ᠥᠭᠡᠷ᠎ᠡ ᠨᠢᠭᠡᠨ ᠬᠡᠯᠪᠡᠷᠢ ᠪᠠᠨ ᠪᠢᠴᠢᠭᠯᠡᠵᠦ | ᠶᠠᠪᠤᠭ᠎ᠠ ᠨᠢᠭᠡᠨ ᠬᠥᠮᠥᠨ ᠢ ︽ᠥᠴᠥᠭᠡᠳᠦᠷ︾ ︽ᠥᠨᠥᠳᠥᠷ︾ ︽ᠮᠠᠷᠭᠠᠰᠢ︾ ᠰᠠᠶᠢᠨ ᠲᠠᠨᠢᠳᠠᠭ ᠪᠦᠯᠦᠭᠡ᠃ | ᠨᠢᠭᠡ | ︽ᠤᠰᠤᠨ ᠤ ᠶᠡᠭᠡ ᠤᠰᠤ — ᠯᠤᠤᠬ᠎ᠠ ᠶᠢᠨ ᠭᠤᠣᠯ ᠮᠢᠨᠢ | ᠤᠷᠤᠰᠬᠠᠯ ᠴᠢᠨᠢ ᠠᠮᠢᠳᠤ ᠪᠠᠶᠢᠪᠠᠯ ᠴᠢ ᠡᠨᠡ ᠨᠤᠲᠤᠭ ᠤᠨ ᠦᠨᠡᠨ ᠲᠡᠤᠬᠡ ᠁︾ | — ︽ᠪᠠᠶᠠᠷᠲᠠᠢ᠂ ᠯᠤᠤᠬ᠎ᠠ ᠶᠢᠨ ᠭᠤᠣᠯ ᠮᠢᠨᠢ︾ | ᠡᠨᠡ ᠬᠥᠮᠥᠨ ᠪᠣᠯ ︽ᠬᠠᠳᠠᠨ ᠲᠡᠮᠦᠷ︾᠃ | ᠥᠴᠥᠭᠡᠳᠦᠷ ᠲᠡᠷᠡ ᠥᠨᠢ ᠡᠷᠲᠡᠨ ᠤ ᠯᠤᠤᠬ᠎ᠠ ᠶᠢᠨ ᠭᠤᠣᠯ ᠤᠨ ᠬᠥᠪᠡᠭᠡᠨ ᠳᠡᠭᠡᠨ ᠬᠦᠷᠪᠡ᠃ ᠬᠦᠢᠲᠡᠨ ᠴᠠᠷᠴᠠᠩᠬᠠᠢ ᠥᠩᠭᠡ ᠪᠠᠷ ᠮᠡᠯᠮᠡᠷᠡᠨ ᠤᠷᠤᠰᠬᠤ | ᠭᠤᠣᠯ ᠢᠶᠠᠨ ᠤᠶᠢᠳᠬᠠᠷᠲᠠᠶᠢᠬᠠᠨ ᠰᠢᠷᠲᠡᠨ᠄ | ︽ᠯᠤᠤᠬ᠎ᠠ ᠶᠢᠨ ᠭᠤᠣᠯ ᠤᠨ ᠬᠥᠪᠡᠭᠡᠨ ᠳᠡᠭᠡᠷ᠎ᠡ | ᠨᠣᠭᠲᠣ ᠪᠠᠨ ᠴᠢᠷᠦᠭᠰᠡᠨ ᠮᠣᠷᠢ ᠡ | ᠨᠠᠮᠤᠭᠤᠬᠠᠨ ᠵᠠᠩ ᠲᠠᠢ ᠨᠤᠭᠤᠨᠵᠠᠶᠠᠭ᠎ᠠ | ᠨᠤᠲᠤᠭ ᠠᠴᠠ ᠪᠠᠨ ᠬᠤᠯᠠ ᠵᠠᠶᠠᠭᠠᠵᠠᠢ ᠁︾ ᠭᠡᠵᠤ ᠳᠠᠭᠤᠯᠠᠨ ᠶᠠᠪᠤᠲᠠᠯ᠎ᠠ ᠭᠤᠣᠯ ᠤᠨ ᠡᠷᠭᠢᠨ ᠳᠤ ᠪᠦᠷ ᠴᠤ ᠣᠶᠢᠷᠠᠬᠠᠨ ᠨᠢᠭᠡᠨ ᠶᠠᠭᠤᠮ᠎ᠡ ᠴᠠᠶᠢᠷᠠᠨ | ᠬᠠᠷᠠᠭᠳᠠᠬᠤ ᠪᠠᠷ ᠨᠢ ᠶᠠᠭᠠᠷᠠᠨ ᠠᠯᠬᠤᠯᠠᠵᠤ ᠤᠶᠢᠷᠠᠳᠤᠨ ᠣᠴᠢᠪᠠᠯ ᠨᠢᠭᠡᠨ ᠳᠤᠭᠲᠤᠢ ᠵᠠᠬᠢᠳᠠᠯ ᠪᠠᠶᠢᠯ᠎ᠡ᠃ ᠬᠡᠭᠡᠷ᠎ᠡ ᠭᠠᠳᠠᠭ᠎ᠠ ᠭᠠᠭᠴᠠᠭᠠᠷ ᠢᠶᠠᠨ ᠶᠠᠪᠤᠬᠤ ᠳᠠᠭᠠᠨ | ᠭᠡᠨᠡᠳᠲᠡ ᠪᠠᠷ ᠡᠶᠢᠮᠤ ᠨᠢᠭᠡ ᠵᠠᠬᠢᠳᠠᠯ ᠬᠠᠷᠠᠭᠰᠠᠨ ᠳᠠᠭᠠᠨ ᠲᠡᠷᠡ ᠰᠡᠮᠬᠡᠨ ᠢᠨᠢᠶᠡᠯ᠎ᠡ᠃ ᠨᠢᠳᠦᠨ ᠡᠮᠦᠨᠡᠬᠢ ᠵᠠᠬᠢᠳᠠᠯ ᠢ ᠨᠢ ᠬᠡᠨ ᠨᠢᠭᠡ ᠬᠥᠮᠥᠨ ᠪᠤᠯᠢᠶᠠᠬᠤ ᠠᠴᠠ | ᠠᠶᠤᠭᠰᠠᠨ ᠰᠢᠭ ᠶᠠᠭᠠᠷᠠᠤᠬᠠᠨ ᠭᠡᠭᠴᠢ ᠠᠪᠴᠣ ᠳᠡᠯᠭᠡᠯ᠎ᠡ᠃ ᠲᠡᠬᠦᠨ ᠢ ᠰᠢᠨᠡᠰᠦᠮ᠎ᠡ ᠶᠢᠨ ᠬᠠᠷ᠎ᠡ ᠠᠴᠠ ᠪᠠᠨ ᠢᠯᠡᠭᠦᠦ ᠬᠠᠶ᠋ᠢᠭ ᠦᠭᠡᠢ ᠵᠠᠬᠢᠳᠠᠯ ᠳᠤ ᠲᠤᠷᠠᠲᠠᠢ ᠭᠡᠵᠤ | ᠬᠥᠮᠥᠰ ᠤᠨ ᠱᠣᠭᠯᠠᠳᠠᠭ ᠦᠨᠡᠨ ᠴᠤ ᠪᠠᠶᠢᠭᠰᠠᠨ ᠪᠣᠯᠪᠠ ᠤᠤ᠃ | ︽᠁ ᠲᠡᠷᠡ ᠰᠡᠵᠢᠭᠦᠷ ᠴᠠᠭᠠᠨ ᠴᠢᠯᠠᠭᠤ᠂ ᠭᠦᠢᠯᠡᠰᠦᠨ ᠮᠣᠳᠣᠨ ᠣᠯᠣᠮ᠂ ᠤᠷᠢᠨ ᠴᠠᠭ ᠤᠨ ᠰᠠᠯᠬᠢᠨ ᠳᠤ ᠳᠣᠮᠤᠭ ᠤᠨ ᠶᠤᠮ ᠰᠢᠭ ᠪᠦᠷᠦᠯᠵᠡᠨ | ᠬᠠᠷᠠᠭᠳᠠᠬᠤ ᠭᠥᠯᠢᠭᠡᠷ ᠤᠨ ᠴᠠᠭᠠᠨ᠂ ᠨᠣᠭᠤᠭᠠᠨ ᠱᠠᠭᠱᠤᠣᠷᠭᠠ ᠰᠣᠭᠰᠣᠯᠵᠠᠨ ᠬᠠᠯᠢᠭᠤᠷᠠᠭᠰᠠᠨ ᠯᠤᠤᠬ᠎ᠠ ᠶᠢᠨ ᠭᠤᠣᠯ ᠤᠨ ᠳᠡᠨᠵᠢ᠂ ᠡᠷᠬᠡ ᠬᠤᠩᠭᠤᠷ | ᠨᠠᠰᠤᠨ ᠤ ᠪᠠᠨ ᠲᠣᠭᠯᠠᠭᠠᠮ ᠤᠨ ᠴᠢᠯᠠᠭᠤ ᠠᠴᠠ ᠲᠣᠭᠤᠷᠤᠤ ᠶᠢᠨ ᠭᠠᠩᠭᠠᠨᠠᠭ᠎ᠠ᠂ ᠳᠤᠷᠠᠰᠤᠯ ᠮᠥᠷᠥᠭᠡᠳᠦᠯ ᠳᠤᠨᠢ᠂ ᠰᠢᠪᠠᠭᠤᠳ ᠤᠨ ᠢᠶᠠᠨ ᠤᠶᠠᠬᠠᠨ | ᠳᠣᠩᠭᠤᠳᠤᠯᠭᠠ ᠳᠤ ᠰᠠᠶᠢᠨ ᠰᠠᠶᠢᠬᠠᠨ ᠢᠶᠠᠨ ᠥᠭᠭᠦᠭᠡᠳ ᠬᠤᠯᠠ ᠶᠢᠨ ᠬᠤᠯᠠ ᠶᠠᠪᠤᠭᠰᠠᠨ ᠪᠠᠶᠢᠭᠠᠯᠢ ᠶᠢᠨ ᠥᠬᠢᠨ ᠵᠤᠨ᠎ᠠ᠂ ᠰᠦᠷᠯᠢᠭ ᠤᠩᠭᠤᠨ ᠨᠤᠲᠤᠭ᠂ ᠰᠦᠨ | ᠰᠡᠳᠭᠢᠯᠲᠦ ᠥᠬᠢᠨ ᠬᠤᠶᠠᠷ ᠤᠨ ᠦᠯᠢᠭᠡᠷ ᠲᠠᠢ ᠤᠨᠠᠭᠠᠨ ᠪᠠᠭ᠎ᠠ ᠨᠠᠰᠤᠨ ᠤ ᠴᠡᠭᠡᠯᠬᠡᠨ ᠢᠨᠢᠶᠡᠳᠤ ᠴᠢᠨᠢ ᠠᠳᠡ ᠲᠣᠳᠣᠬᠠᠨ ᠰᠤᠨᠤᠰᠲᠠᠨ᠎ᠠ︾᠃ | ᠡᠨᠡ ᠨᠢ ᠤᠯᠠᠭᠠᠨ ᠲᠣᠭᠤᠰᠣᠨ ᠤ ᠭᠠᠳᠠᠨᠠᠬᠢ ᠵᠢᠷᠲᠢᠨᠴᠦ ᠠᠴᠠ ᠢᠷᠡᠭᠦᠯᠦᠭᠰᠡᠨ ᠵᠠᠬᠢᠳᠠᠯ ᠪᠣᠯᠬᠤ ᠶᠢ ᠲᠡᠷᠡ ᠮᠡᠳᠡᠯ᠎ᠡ᠃ ᠵᠠᠬᠢᠳᠠᠯ ᠤᠨ ᠮᠥᠷ ᠪᠠᠳᠠᠭ ᠤᠳ | ᠡᠷᠬᠡ ᠦᠭᠡᠢ ᠯᠠ ᠪᠠᠭ᠎ᠠ ᠨᠠᠰᠤᠨ ᠤ ᠬᠢᠨᠢ ᠪᠠᠭᠠᠰᠬᠠᠯ ᠵᠢᠷᠤᠭ᠂ ᠲᠡᠭᠦᠨ ᠤ ᠯᠠ ᠥᠮᠴᠢᠯᠡᠭᠰᠡᠨ ᠲᠣᠭᠤᠰᠣᠲᠤ ᠵᠢᠷᠲᠢᠨᠴᠦ ᠨᠢ ᠪᠠᠶᠢᠯ᠎ᠡ᠃ ᠤᠷᠤᠰᠬᠤ ᠶᠢ ᠨᠢ ᠬᠠᠷᠠᠨ | ᠪᠠᠶᠠᠷᠯᠠᠨ᠂ ᠳᠠᠪᠠᠯᠭᠠᠯᠠᠬᠤ ᠶᠢ ᠨᠢ ᠬᠠᠷᠠᠨ ᠲᠤᠭᠳᠤᠯᠤᠨ᠂ ᠲᠠᠳᠠᠷᠠᠬᠤ ᠶᠢ ᠨᠢ ᠬᠠᠷᠠᠨ ᠭᠤᠨᠢᠭᠯᠠᠨ ᠶᠠᠪᠤᠳᠠᠭ ᠡᠨᠡ ᠭᠤᠣᠯ ᠬᠢᠬᠡᠳ ᠪᠠᠶᠢᠭᠠᠯᠢ ᠬᠡᠮᠡᠭᠴᠢ ᠡᠬᠡ | ᠳᠠᠬᠢᠨᠢ ᠲᠠᠢ ᠪᠠᠨ ᠲᠡᠷᠡ ᠬᠦᠢ ᠶᠢᠨ ᠬᠤᠯᠪᠣᠭ᠎ᠠ ᠲᠠᠢ᠃ | ᠵᠠᠬᠢᠳᠠᠯ ᠤᠨ ᠬᠠᠭᠤᠳᠠᠰᠤ ᠪᠠᠨ ᠡᠪᠬᠡᠵᠤ ᠬᠥᠬᠡ ᠴᠠᠮᠴᠠᠨ ᠤ ᠪᠠᠨ ᠬᠠᠷᠮᠠᠨ ᠳᠠᠭᠠᠨ ᠬᠢᠯ᠎ᠡ᠃ ᠲᠡᠭᠦᠨ ᠤ ᠨᠢᠯᠪᠤᠰᠤ ᠡᠩᠭᠡᠷ ᠤᠷᠤᠭᠤ ᠨᠢ ᠪᠢᠰᠢ ᠡᠯᠢᠭᠡ | ᠤᠷᠤᠭᠤ ᠨᠢ ᠡᠮᠵᠡᠭᠬᠡᠨ ᠤᠷᠤᠰᠤᠨ᠎ᠠ᠃ | ᠳᠠᠩᠳᠠ ᠮᠥᠷᠥᠪᠴᠢᠯᠡᠳᠡᠭ ᠰᠢᠷᠭᠠᠯ ᠪᠣᠭᠴᠣᠨ ᠠᠴᠠ ᠪᠠᠨ ᠪᠢᠷ ᠢᠶᠠᠨ ᠭᠠᠷᠭᠠᠨ ᠬᠠᠷᠢᠭᠤ ᠵᠠᠬᠢᠳᠠᠯ ᠢᠶᠠᠨ ᠴᠠᠭᠠᠰᠤᠨ ᠳᠤ ᠪᠢᠰᠢ ᠴᠠᠭᠠᠲᠤ ᠡᠷᠬᠢᠨ ᠳᠤ ᠪᠢᠴᠢᠵᠤ | ᠡᠬᠢᠯᠡᠯ᠎ᠡ᠃ ᠲᠡᠭᠦᠨ ᠤ ᠡᠨᠡ ᠬᠦ ᠬᠠᠷᠢᠭᠤ ᠵᠠᠬᠢᠳᠠᠯ ᠢ ᠲᠣᠭᠤᠰᠣᠲᠤ ᠵᠢᠷᠲᠢᠨᠴᠦ ᠶᠢᠨ ᠭᠠᠳᠠᠨᠠᠬᠢ ᠬᠥᠮᠥᠰ ᠯᠠ ᠣᠯᠵᠤ ᠤᠩᠰᠢᠬᠤ ᠪᠠᠶᠢᠬ᠎ᠠ᠃ | ᠯᠤᠤᠬ᠎ᠠ ᠶᠢᠨ ᠭᠤᠣᠯ — ︽ᠬᠠᠳᠠᠨ ᠲᠡᠮᠦᠷ︾ ᠤᠨ ᠢᠶᠠᠨ ᠯᠤᠭᠰᠢᠬᠤ ᠵᠢᠷᠦᠬᠡᠨ ᠤ ᠬᠢᠨᠢ ᠮᠥᠩᠬᠡ ᠶᠢᠨ ᠤᠷᠤᠰᠬᠠᠯ ᠪᠠᠶᠢᠵᠠᠢ᠃ ᠲᠣᠮᠤᠭ ᠬᠦᠦᠷᠨᠢᠵᠦ᠂ | ᠰᠢᠯᠦᠭ ᠪᠣᠳᠣᠭᠳᠠᠭᠤᠯᠵᠤ᠂ ᠣᠷᠴᠢᠯᠠᠩ ᠤᠨ ᠭᠠᠶᠢᠬᠠᠮᠰᠢᠭ ᠢ ᠵᠢᠷᠤᠭᠯᠠᠭᠰᠠᠨ ᠡᠨᠡ ᠰᠢᠳᠢᠲᠤ ᠤᠰᠤᠨ ᠤ ᠪᠠᠨ ᠲᠤᠬᠠᠢ ᠶᠠᠭᠤ ᠨᠢᠭᠡ ᠶᠢ ᠬᠠᠶᠢᠬᠤ ᠬᠡᠮᠡᠨ ᠲᠡᠷᠡ | ᠵᠡᠭᠦᠳᠦᠨ ᠤ ᠡᠷᠢᠯ ᠳᠡᠭᠡᠨ ᠰᠡᠮᠬᠡᠨ ᠮᠤᠷᠳᠠᠯᠡ᠃ |