ᠳᠤᠷᠠᠰᠤᠮᠵᠢ ᠵᠦᠭ ᠣᠳᠬᠤᠢ ᠴᠠᠭ ᠬᠤᠭᠤᠴᠠᠭᠠᠨ ᠤ ᠦᠷᠭᠦᠯᠵᠢᠯᠡᠯ
ᠨᠡᠶᠢᠲᠡᠯᠡᠭᠰᠡᠨ ᠴᠠᠭ᠄
2025/4/3
      ᠬᠤᠶᠠᠷ       ︽ᠠᠷᠴᠠ ᠶᠢᠨ ᠪᠡᠷᠬᠡ ᠮᠢᠨᠢ᠂ ᠠᠮᠢᠨ ᠵᠢᠷᠦᠬᠡ ᠮᠢᠨᠢ       ᠠᠷᠴᠢᠬᠤ ᠳᠤ ᠪᠡᠷᠬᠡ ᠰᠡᠳᠭᠢᠯ ᠤᠨ ᠨᠢᠯᠪᠤᠰᠤ ᠮᠢᠨᠢ ᠁︾       — ︽ᠠᠷᠴᠠ ᠶᠢᠨ ᠪᠡᠷᠬᠡ︾       ᠡᠨᠡ ᠬᠥᠮᠥᠨ ᠪᠣᠯ ︽ᠭᠡᠷᠡᠯᠪᠠᠭᠠᠲᠤᠷ︾᠃       ᠦᠨᠦᠳᠦᠷ ᠲᠡᠷᠡ ᠲᠣᠮᠤᠭ ᠦᠨᠡᠨ ᠤ ᠳᠤᠮᠳᠠᠭᠤᠷ ᠵᠡᠭᠦᠷᠮᠡᠭᠯᠡᠨ ᠶᠠᠪᠤᠭᠰᠠᠭᠠᠷ ᠠᠯᠤᠰ ᠵᠡᠭᠦᠳᠦᠨ ᠤ ᠠᠷᠴᠠ ᠶᠢᠨ ᠪᠡᠷᠬᠡ ᠳᠡᠭᠡᠨ ᠬᠦᠷᠴᠤ ᠢᠷᠡᠪᠡ᠃ ᠪᠡᠷᠬᠡ ᠭᠡᠵᠤ ᠲᠡᠭᠦᠨ ᠤ ᠬᠤᠪᠢ ᠳᠤ ᠰᠦᠭ ᠰᠦᠨᠡᠰᠦᠨ ᠤ ᠢᠲᠡᠭᠡᠯ ᠪᠢᠰᠢᠷᠡᠯ᠂ ᠠᠮᠢ ᠠᠮᠢᠯᠠᠯ ᠤᠨ ᠲᠡᠮᠠᠤᠯᠦᠯ ᠲᠡᠮᠡᠴᠡᠯ᠂ ᠠᠯᠤᠰ ᠶᠠᠪᠤᠵᠤ ᠶᠡᠭᠡ ᠶᠢ ᠪᠦᠲᠦᠭᠡᠬᠦ ᠬᠦᠰᠡᠯ ᠮᠥᠷᠥᠭᠡᠳᠦᠯ ᠥᠭᠭᠦᠭᠰᠡᠨ ᠰᠢᠳᠢᠲᠤ ᠤᠷᠤᠨ ᠨᠢ ᠪᠠᠶᠢᠬᠤ ᠶᠣᠰᠣᠲᠠᠢ᠃ ᠦᠨᠤᠳᠤᠷ ᠰᠢᠯᠦᠭ ᠪᠦᠲᠦᠭᠡᠯ ᠤᠨ ᠬᠢᠨᠢ ᠡᠬᠢ ᠤᠨᠳᠤᠷᠤᠭ᠎ᠠ ᠨᠢ ᠪᠣᠯᠬᠤ ᠶᠧᠯᠸᠢ ᠶᠢᠨ ᠶᠤᠮ ᠰᠢᠭ ᠡᠨᠡ ᠪᠡᠷᠬᠡ ᠨᠢ ᠲᠡᠭᠦᠨ ᠢ ᠦᠭᠡᠶᠢᠯᠡᠨ ᠳᠠᠭᠤᠳᠠᠵᠠᠢ᠃       ︽ᠠᠩᠬᠢᠷ ᠪᠠᠭ᠎ᠠ ᠨᠠᠰᠤ ᠶᠢ ᠮᠢᠨᠢ ᠪᠦᠪᠠᠶᠢᠯᠡᠭᠰᠡᠨ ᠠᠷᠴᠠ ᠶᠢᠨ ᠪᠡᠷᠬᠡ ᠶᠢᠨ ᠪᠦᠷᠢᠳᠤ ᠲᠠᠢ ᠴᠠᠶᠢᠳᠠᠮ᠂ ᠪᠤᠷᠭᠠᠰᠤ ᠲᠠᠢ ᠬᠤᠲᠣᠭᠤᠷ ᠢᠶᠠᠨ ᠶᠡᠷᠤ ᠨᠢ ᠪᠢ ᠬᠡᠵᠢᠶ᠎ᠡ ᠴᠤ ᠶᠠᠭᠤᠨ ᠬᠡᠮᠡᠵᠤ ᠮᠠᠷᠲᠠᠬᠤ ᠪᠢᠯᠡ︖︾ ᠭᠡᠵᠤ ᠲᠡᠷᠡ ᠮᠦᠷᠡᠨ ᠲᠠᠩᠭᠢᠰ ᠤᠨ ᠰᠠᠶᠢᠨ ᠡᠷ᠎ᠡ ᠶᠢᠨ ᠳᠠᠭᠤ ᠪᠠᠷ ᠬᠠᠰᠭᠢᠷᠴᠣ ᠪᠠᠶᠢᠯ᠎ᠡ᠃ ᠠᠭᠤᠵᠢᠮ ᠴᠡᠩᠬᠡᠷ ᠠᠭᠠᠷ ᠭᠠᠷ ᠢᠶᠠᠷ ᠢᠶᠠᠨ ᠪᠠᠷᠢᠬᠤ ᠳᠤᠨᠢ ᠠᠮᠲᠠᠯᠠᠭᠳᠠᠵᠤ᠂ ᠤᠷᠠᠨ ᠠᠮᠢᠳᠤ ᠣᠰᠣᠨ ᠭᠠᠵᠠᠷ ᠤᠨ ᠵᠢᠷᠤᠭ ᠳᠡᠭᠡᠷ᠎ᠡ ᠨᠢ ᠬᠦᠳᠡᠯᠵᠤ᠂ ᠭᠠᠷᠤᠨ ᠣᠷᠣᠨ ᠪᠣᠳᠣᠭᠳᠠᠭᠤᠯᠵᠤ ᠪᠠᠶᠢᠳᠠᠭ ᠪᠣᠯᠬᠤᠷ ︽ᠠᠷᠴᠠ ᠶᠢᠨ ᠪᠡᠷᠬᠡ︾ ᠠᠳᠠ ᠠᠴᠠ ᠲᠦᠷᠦᠬᠦ ᠨᠢ ᠪᠤᠷᠤᠭᠤ ᠦᠭᠡᠢ᠃ ᠠᠩᠭ᠎ᠠ ᠪᠠᠭ᠎ᠠ ᠶᠢᠨ ᠳᠤᠷᠠᠳᠬᠠᠯ᠂ ᠠᠯᠢᠶᠠᠬᠠᠨ ᠨᠠᠰᠤᠨ ᠤ ᠲᠤᠷᠠᠰᠤᠮᠵᠢ᠂ ᠠᠯᠳᠠᠷᠠᠢ ᠨᠠᠰᠤᠨ ᠤ ᠮᠥᠷᠥᠭᠡᠳᠦᠯ ᠶᠠᠭᠤ ᠪᠦᠬᠦᠨ ᠢ ᠨᠢ ᠰᠢᠩᠭᠡᠭᠡᠭᠰᠡᠨ ᠠᠷᠴᠠ ᠶᠢᠨ ᠪᠡᠷᠬᠡ ᠶᠢᠨ ᠭᠠᠵᠠᠷ ᠤᠰᠤᠨ ᠬᠦᠭᠡᠷᠦᠬᠦᠢ ᠦᠷᠡᠰ ᠤᠨ ᠢᠶᠠᠨ ᠰᠡᠳᠭᠢᠯ ᠢ ᠰᠡᠮᠬᠡᠨ ᠴᠠᠩᠭᠠᠭᠠᠳᠠᠬ ᠣᠴᠢᠷᠲᠠᠢ᠃       ᠪᠡᠷᠬᠡ ᠨᠢ ᠪᠡᠷᠬᠡᠳᠡᠬᠦ ᠪᠠᠷ ᠢᠶᠠᠨ ᠪᠡᠷᠬᠡ ᠳᠤ ᠦᠰᠦᠭᠰᠡᠨ ᠬᠡᠦᠬᠡᠳ ᠤᠳ ᠢᠶᠠᠨ ᠳᠠᠭᠤᠳᠠᠳᠠᠭ ᠭᠡᠭᠴᠢ ᠦᠨᠡᠨ᠃ ᠲᠡᠷᠡ ᠬᠤᠯᠠ ᠶᠢᠨ ᠲᠡᠵᠢ ᠮᠠᠩᠨᠤᠭ ᠳᠡᠭᠡᠷ᠎ᠡ ᠡᠷᠳᠡᠨᠢ ᠶᠢᠨ ᠴᠢᠯᠠᠭᠤ ᠰᠢᠭᠢᠳᠭᠡᠭᠰᠡᠨ ᠰᠢᠭ ᠴᠠᠭᠠᠨ ᠬᠤᠶᠠᠭ ᠲᠣᠭᠤᠯᠭ᠎ᠠ ᠲᠠᠢ ︽ᠡᠷᠳᠡᠨᠢ ᠠᠭᠤᠯᠠ︾ ᠭᠡᠬᠦ ᠬᠤᠯᠠ ᠶᠢᠨ ᠳᠡᠭᠦᠦ ᠪᠠᠨ ᠰᠠᠨᠠᠨ ᠰᠠᠨᠠᠨ ᠨᠢᠯᠪᠣᠰᠣ ᠡᠪᠬᠡᠷᠡᠭᠦᠯᠵᠤ ᠪᠠᠶᠢᠯ᠎ᠠ᠃ ᠡᠨᠡ ᠪᠦᠬᠦᠨ ᠢ ᠨᠢ ᠭᠠᠭᠴᠠ ᠯᠠ ᠠᠭᠤᠯᠠ ᠶᠢᠨ ᠬᠡᠣᠬᠡᠨ᠂ ᠮᠠᠩᠬᠠᠨ ᠤ ᠬᠦᠪᠡᠭᠦᠨ ᠨᠢ ᠯᠠ ᠤᠶᠢᠯᠠᠭᠠᠬᠤ ᠪᠠᠶᠢᠬ᠎ᠠ᠃       ︽ᠮᠠᠨ ᠤ ᠠᠭᠤᠯᠠ ᠬᠠᠮᠢᠭ᠎ᠠ ᠶᠠᠪᠣᠭᠰᠠᠨ ᠢ ᠪᠤᠤ ᠮᠡᠳᠡ       ᠦᠪᠡᠷ ᠢᠶᠠᠨ ᠪᠢᠳᠡ ᠰᠢᠳᠢ ᠲᠠᠢ ᠪᠠᠶᠢᠭᠰᠠᠨ ᠪᠣᠯ       ᠦᠴᠦᠬᠡᠨ ᠪᠡᠶ᠎ᠡ ᠮᠢᠨᠢ ᠴᠢᠳᠠᠯ ᠲᠠᠢ ᠪᠠᠶᠢᠭᠰᠠᠨ ᠪᠣᠯ       ᠮᠠᠨ ᠤ ᠠᠭᠤᠯᠠ ᠶᠢ ᠪᠠᠨ ᠬᠠᠮᠠᠭᠠᠯᠠᠬᠤ ᠦᠭᠡᠢ ᠦᠦ ᠳ᠋ᠠ ᠁︾ ᠭᠡᠵᠦ ᠠᠭᠤᠯᠠ ᠶᠢᠨ ᠬᠡᠣᠬᠡᠨ ᠲᠡᠷᠲᠡᠭᠡ ᠠᠯᠣᠰ ᠠᠴᠠ ᠶᠠᠷᠢᠬᠤ ᠰᠤᠨᠤᠰᠳᠠᠨ᠎ᠠ᠃       ︽ᠦᠪᠦᠷ ᠮᠣᠩᠭᠤᠯ ᠤᠨ ᠮᠢᠨᠢ ᠪᠠᠭᠠᠰᠬᠠᠯ ᠪᠠᠶᠢᠯ᠎ᠠ ᠴᠦ       ᠭᠠᠵᠠᠷ ᠤᠨ ᠵᠦᠢ ᠴᠢᠮ᠎ᠠ ᠶᠢ ᠮᠡᠳᠡᠷᠡᠬᠦ ᠦᠭᠡᠢ       ᠡᠪᠦᠷ ᠳᠦᠭᠦᠷᠡᠩ ᠮᠦᠩᠭᠦ ᠲᠠᠢ ᠪᠣᠯᠣᠯ᠎ᠠ ᠴᠦ       ᠭᠠᠩᠭᠠᠩ ᠳᠦᠷᠬᠦ ᠶᠢ ᠴᠢᠨᠢ ᠠᠮᠢᠯᠠᠭᠤᠯᠵᠤ ᠴᠢᠳᠠᠬᠤ ᠦᠭᠡᠢ ᠁︾ ᠭᠡᠵᠦ ᠮᠠᠩᠬᠠᠨ ᠤ ᠬᠦᠪᠡᠭᠦᠨ ᠬᠠᠷᠢᠭᠤ ᠬᠠᠰᠭᠢᠷᠬᠤ ᠰᠤᠨᠤᠰᠳᠠᠨ᠎ᠠ᠃       ᠠᠷᠴᠠ ᠶᠢᠨ ᠪᠡᠷᠬᠡ ᠶᠢᠨ ᠢᠶᠠᠨ ᠦᠵᠢᠷᠬᠡᠢ ᠬᠤᠵᠤᠤᠯ᠎ᠠ ᠶᠢ ᠴᠦ ᠠᠮᠢᠨ ᠠᠴᠠ ᠪᠠᠨ ᠢᠯᠡᠭᠦᠦ ᠦᠮᠴᠢᠷᠬᠡᠵᠦ ᠶᠠᠪᠣᠳᠠᠭ ︽ᠭᠡᠷᠡᠯᠪᠠᠭᠠᠲᠤᠷ︾ ᠦᠩᠭᠡᠷᠡᠨ ᠣᠳᠣᠭᠰᠠᠨ ᠡᠨᠡ ᠪᠦᠬᠦᠨ ᠢ ᠰᠡᠳᠭᠢᠯ ᠳᠡᠭᠡᠨ ᠰᠢᠩᠭᠡᠭᠡᠨ᠂ ᠠᠮᠢ ᠨᠠᠰᠣᠨ ᠤ ᠦᠷᠭᠦᠯᠵᠢᠯᠡᠯ ᠪᠤᠶᠤ ᠰᠢᠯᠦᠭ᠂ ᠰᠡᠳᠭᠢᠯ ᠤᠨ ᠨᠢᠭᠤᠴᠠᠬᠠᠢ ᠪᠦᠬᠦᠨ ᠢᠶᠠᠨ ᠬᠠᠳᠠᠭᠠᠯᠠᠨ ᠮᠠᠷᠭᠠᠰᠢ ᠵᠦᠭ ᠢᠶᠠᠨ᠂ ᠦᠨᠡᠨ ᠤ ᠡᠷᠢᠯ ᠵᠦᠭ ᠶᠠᠭᠠᠷᠠᠨ ᠠᠯᠬᠤᠯᠠᠯ᠎ᠠ᠃
ᠢᠷᠡᠯᠲᠡ᠄ ᠳᠤᠮᠳᠠᠳᠤ ᠤᠯᠤᠰ ᠤᠨ ᠮᠣᠩᠭᠤᠯ ᠬᠡᠯᠡᠨ ᠤ ᠰᠣᠨᠢᠨ ᠮᠡᠳᠡᠭᠡ ᠶᠢᠨ ᠰᠦᠯᠵᠢᠶ᠎ᠡ