ᠳᠤᠷᠠᠰᠤᠮᠵᠢ ᠵᠦᠭ ᠣᠳᠬᠤᠢ ᠴᠠᠭ ᠬᠤᠭᠤᠴᠠᠭᠠᠨ ᠤ ᠦᠷᠭᠦᠯᠵᠢᠯᠡᠯ
ᠨᠡᠶᠢᠲᠡᠯᠡᠭᠰᠡᠨ ᠴᠠᠭ᠄
2025/4/3
      ᠭᠤᠷᠪᠠ       ︽ᠴᠦᠢᠳᠤᠩ ᠤᠨ ᠲᠣᠯᠤᠭᠠᠢ ᠲᠣᠯᠠᠰᠭᠢᠬᠤ ᠳᠤ ᠥᠩᠭᠡᠷᠡᠴᠢᠬᠡᠳᠡᠭ ᠵᠠᠯᠠᠭᠤ ᠨᠠᠰᠤ       ᠴᠦᠪᠢᠲ ᠤᠨ ᠵᠡᠪᠡᠨ ᠳᠤ ᠣᠯᠠᠨᠲᠠ ᠰᠢᠷᠬᠠᠳᠣᠳᠠᠭ ᠴᠤ ᠠᠵᠢᠭ ᠦᠭᠡᠢ ᠵᠠᠯᠠᠭᠤ ᠨᠠᠰᠣ       ᠮᠠᠨᠢ ᠶᠢᠨ ᠵᠢᠷᠭᠤᠭᠠᠨ ᠦᠰᠦᠭ ᠣᠩᠰᠢᠬᠤ ᠶᠢᠨ ᠵᠠᠢ ᠳᠤ ᠪᠠᠷᠠᠴᠢᠬᠠᠳᠠᠭ ᠵᠠᠯᠠᠭᠤ ᠨᠠᠰᠤ       ᠮᠠᠷᠭᠠᠰᠢ ᠮᠠᠷᠭᠠᠰᠢ ᠭᠡᠵᠦ ᠬᠤᠳᠠᠷᠭᠠᠯᠠᠭᠰᠠᠭᠠᠷ ᠪᠠᠶᠢᠵᠤ ᠶᠠᠪᠤᠴᠢᠬᠠᠳᠠᠭ ᠵᠠᠯᠠᠭᠤ ᠨᠠᠰᠣ︾       — ︽ᠵᠠᠯᠠᠭᠤ ᠨᠠᠰᠣ︾       ᠡᠨᠡ ᠬᠥᠮᠥᠨ ᠪᠣᠯ ᠮᠢᠨᠤ ︽ᠪᠠᠭᠰᠢ︾᠃ ᠨᠡᠷ᠎ᠡ ᠯᠤᠤᠬ᠎ᠠ᠂ ᠣᠪᠣᠭ ᠵᠠᠯᠠᠶᠢᠷ᠃       ︽ᠬᠡᠦᠬᠡᠳ ᠤᠨ ᠢᠶᠠᠨ ᠮᠦᠷᠦᠭᠡᠳᠦᠯ ᠳᠤ ᠢᠳᠡᠭᠡᠭᠡᠷᠡᠢ᠃ ᠮᠦᠷᠦᠭᠡᠳᠬᠦ ᠳᠤ ᠵᠢᠭᠦᠷ ᠤᠷᠭᠤᠳᠠᠭ᠂ ᠮᠦᠷᠦᠭᠡᠳᠬᠦ ᠳᠤ ᠬᠦᠰᠡᠯ ᠪᠡᠶᠡᠯᠡᠳᠡᠭ᠃ ᠬᠡᠦᠬᠡᠳ ᠢ ᠤᠷᠮᠠᠰᠢᠭᠤᠯᠵᠦ ᠵᠣᠷᠢᠭ ᠢᠳᠡᠭᠡᠯ ᠦᠭᠴᠦ᠂ ᠰᠡᠳᠭᠢᠭᠦᠢ ᠶᠢ ᠨᠢ ᠲᠡᠯᠡᠷᠡᠭᠦᠯᠵᠤ᠂ ᠲᠣᠮᠣ ᠶᠠᠭᠤᠮ᠎ᠠ ᠶᠢ ᠮᠦᠷᠦᠭᠡᠳᠦᠭᠦᠯᠵᠦ ᠪᠠᠶᠢᠭᠠᠷᠠᠢ᠃ ᠪᠢᠳᠡ ᠬᠡᠦᠬᠡᠳ ᠢᠶᠠᠨ ᠳ᠋ᠣᠺᠲ᠋ᠣᠷ ᠡᠷᠳᠡᠮᠲᠡᠨ᠂ ᠬᠠᠭᠠᠨ ᠬᠠᠳᠣᠨ ᠪᠣᠯᠭᠠᠬᠤ ᠴᠢᠬᠤᠯᠠ ᠪᠢᠰᠢ᠂ ᠬᠠᠷᠢᠨ ᠬᠦᠮᠦᠨ ᠪᠣᠯᠭᠠᠬᠤ᠂ ᠬᠦᠳᠡᠯᠮᠦᠷᠢᠯᠡᠬᠦ ᠳᠤᠷ᠎ᠠ ᠲᠠᠢ᠂ ᠡᠬᠡ ᠰᠣᠶᠣᠯ ᠳᠠᠭᠠᠨ ᠬᠠᠶᠢᠷᠠᠲᠠᠢ᠂ ᠬᠠᠶᠢᠷ᠎ᠠ ᠠᠴᠢ ᠶᠢ ᠮᠡᠳᠡᠬᠦ ᠬᠦᠮᠦᠨ ᠪᠣᠯᠭᠠᠨ ᠬᠦᠮᠦᠵᠢᠬᠦᠯᠬᠦ ᠨᠡᠩ ᠴᠢᠬᠤᠯᠠ︾ ᠬᠡᠮᠡᠨ ᠪᠠᠭᠰᠢ ᠮᠢᠨᠢ ᠦᠨᠦᠳᠦᠷ ᠮᠠᠷᠭᠠᠰᠢ ᠶᠢᠨ ᠠᠯᠢᠨ ᠳᠤ ᠴᠦ ᠰᠤᠷᠬᠤᠢ ᠶᠢᠨ ᠬᠦᠰᠡᠯ ᠤᠨ ᠨᠣᠭᠲᠣ ᠦᠭᠡᠢ ᠲᠡᠮᠡᠦᠯᠣᠯ ᠳᠤ᠂ ᠰᠤᠷᠭᠠᠬᠤᠢ ᠶᠢᠨ ᠰᠦᠰᠦ ᠪᠠᠷ ᠮᠦᠷᠦᠭᠡᠳᠦᠯ ᠬᠠᠶᠢᠷᠠᠯᠠᠵᠣ᠂ ᠪᠤᠷᠠᠮ ᠢᠢᠡᠷ ᠪᠢᠰᠢ ᠣᠷᠮ᠎ᠠ ᠪᠠᠷ ᠳᠡᠳᠬᠦᠨ ᠢᠨᠢᠶᠡᠮᠰᠦᠭ ᠬᠠᠷᠠᠴᠠ᠂ ᠶᠡᠷᠦᠮᠳᠡᠭ ᠦᠭᠡ᠂ ᠣᠷᠣᠯᠳᠣᠯᠭ᠎ᠠ ᠪᠠᠷᠢᠮᠲᠠᠯᠠᠯ ᠢᠶᠠᠷ ᠢᠶᠠᠨ ᠢᠳᠡᠭᠡᠯ ᠬᠠᠶᠢᠷ᠎ᠠ ᠪᠠᠨ ᠵᠤᠷᠢᠭᠤᠯᠵᠤ᠂ ᠠᠬᠢᠯᠲᠠ ᠲᠠᠪᠠᠯᠳᠠ ᠶᠢᠨ ᠬᠦᠴᠦ ᠣᠯᠭᠤᠵᠤ᠂ ᠤᠷᠤᠯᠳᠤᠵᠤ ᠮᠦᠷᠦ᠋ᠴᠡᠬᠦ ᠶᠢᠨ ᠰᠢᠨᠳᠠᠰᠤ ᠶᠢ ᠬᠦᠷᠲᠡᠭᠡᠨ᠂ ᠤᠬᠠᠭᠠᠵᠢᠵᠤ ᠲᠣᠮᠣᠭᠠᠵᠢᠬᠤ ᠶᠢᠨ ᠰᠢᠳᠢ ᠶᠢ ᠬᠠᠶᠢᠷᠠᠯᠠᠳᠠᠭ ᠨᠢᠭᠡᠨ ᠪᠣᠯᠵᠣ ᠶᠠᠪᠤᠨ᠎ᠠ᠃       ︽ᠬᠢᠬᠦ ᠬᠦᠮᠦᠨ ᠳᠤ ᠠᠷᠭ᠎ᠠ ᠮᠤᠩᠳᠠᠬᠤ ᠦᠭᠡᠢ᠂ ᠬᠢᠬᠦ ᠦᠭᠡᠢ ᠬᠦᠮᠦᠨ ᠳᠤ ᠰᠢᠯᠲᠠᠭ ᠮᠤᠩᠳᠠᠬᠤ ᠦᠭᠡᠢ︾ ᠬᠡᠮᠡᠨ ᠦᠪᠡᠷ ᠤᠨ ᠢᠶᠠᠨ ᠰᠢᠯᠦᠭ ᠲᠣᠭᠤᠷᠪᠢᠯ ᠤᠨ ᠵᠠᠮ ᠢᠶᠠᠷ ᠵᠠᠮᠨᠠᠭᠰᠠᠨ ᠬᠢᠭᠡᠳ ᠣᠩᠨᠢᠭᠤᠳ ᠠᠷᠠᠳ ᠤᠨ ᠣᠷᠠᠨ ᠪᠦᠲᠦᠭᠡᠯᠴᠢᠳ ᠤᠨ ᠬᠤᠯᠪᠤᠭᠠᠨ ᠤ ᠪᠠᠨ ᠦᠴᠦᠭᠡᠳᠦᠷ ᠦᠨᠦᠳᠦᠷ ᠤᠨ ᠲᠤᠬᠠᠢ ︽ᠣᠣᠭᠠᠯ ᠨᠣᠲᠤᠭ᠂ ᠣᠳᠣᠮ ᠰᠣᠶᠣᠯ᠂ ᠣᠬᠠᠭᠠᠨ ᠨᠣᠮ︾ ᠭᠡᠬᠦ ᠰᠡᠳᠥᠪ ᠢᠶᠠᠷ ᠵᠠᠯᠭᠠᠮᠵᠢ ᠦᠶ᠎ᠡ ᠶᠢᠨ ᠬᠢᠨ ᠳᠡᠭᠡᠨ ᠢᠷᠡᠬᠦ ᠮᠠᠷᠭᠠᠰᠢ ᠳᠤᠨᠢ ᠰᠡᠳᠭᠢᠯ ᠢᠳᠡᠭᠡᠯ ᠤᠨ ᠰᠢᠪᠡᠨᠡᠭᠡ ᠪᠠᠨ ᠶᠠᠷᠢᠳᠠᠭ ᠪᠠᠶᠢᠯ᠎ᠠ᠃       ︽ᠮᠠᠷᠭᠠᠰᠢ ᠪᠢ ᠣᠣᠭᠠᠯ ᠨᠣᠲᠤᠭ ᠤᠨ ᠢᠶᠠᠨ ᠬᠠᠷᠠᠭᠤᠯ ᠪᠣᠯᠣᠨ᠎ᠠ ᠁︾       ︽ᠮᠠᠷᠭᠠᠰᠢ ᠪᠢ ᠣᠳᠣᠮ ᠰᠣᠶᠣᠯ ᠤᠨ ᠢᠶᠠᠨ ᠵᠠᠯᠭᠠᠮᠵᠢᠯᠠᠭᠴᠢ ᠪᠣᠯᠣᠨ᠎ᠠ ᠁︾       ︽ᠮᠠᠷᠭᠠᠰᠢ ᠪᠢ ᠣᠬᠠᠭᠠᠨ ᠨᠣᠮ ᠲᠠᠢ ᠬᠦᠮᠦᠨ ᠪᠣᠯᠣᠨ᠎ᠠ ᠁︾       ᠡᠨᠡ ᠪᠥᠬᠦᠨ ᠪᠣᠯ ᠬᠡᠦᠬᠡᠳ ᠤᠳ ᠤᠨ ᠬᠢᠨᠢ ᠰᠡᠳᠭᠢᠯ ᠤᠨ ᠳᠠᠭᠤᠨ ᠪᠠᠶᠢᠯ᠎ᠠ᠃       ︽ᠬᠤᠪᠢ ᠵᠠᠶᠠᠭ᠎ᠠ ᠭᠡᠭᠴᠢ ᠵᠤᠯ ᠵᠠᠪᠰᠢᠶᠠᠨ ᠪᠢᠰᠢ ᠬᠠᠷᠢᠨ ᠰᠣᠩᠭᠤᠯᠲᠠ ᠶᠣᠮ᠂ ᠬᠦᠰᠡᠯᠡᠩ ᠪᠢᠰᠢ ᠬᠠᠷᠢᠨ ᠠᠵᠢᠯᠯᠠᠭ᠎ᠠ ᠶᠣᠮ᠂ ᠨᠡᠷ᠎ᠡ ᠦᠭᠡ ᠪᠢᠰᠢ ᠬᠠᠷᠢᠨ ᠦᠢᠯᠡ ᠦᠭᠡ ᠶᠣᠮ᠃ ᠬᠤᠪᠢ ᠵᠠᠶᠠᠭ᠎ᠠ ᠭᠡᠭᠴᠢ ᠲᠠᠯᠪᠢᠵᠤ ᠶᠠᠪᠤᠭᠤᠯᠳᠠᠭ ᠪᠢᠰᠢ ᠬᠠᠷᠢᠨ ᠠᠳᠬᠤᠵᠣ ᠠᠪᠳᠠᠭ ᠶᠣᠮ︾ ᠭᠡᠵᠦ ᠪᠠᠭᠰᠢ ᠮᠢᠨᠢ ᠲᠠᠩᠳᠠ ᠶᠠᠷᠢᠳᠠᠭ᠃       ᠲᠡᠶᠢᠮᠦ ᠡ᠂ ᠠᠭᠤᠯᠠ ᠶᠢᠨ ᠢᠶᠠᠨ ᠬᠦᠬᠡ ᠴᠢᠯᠠᠭᠤ ᠶᠢ ᠳᠡᠷᠡᠯᠡᠵᠦ ᠲᠦᠷᠦᠭᠰᠡᠨ ᠬᠦᠮᠦᠨ ᠤ ᠵᠤᠷᠢᠬ ᠬᠠᠳᠠᠨ᠂ ᠤᠰᠤᠨ ᠤ ᠬᠢ ᠪᠠᠨ ᠬᠦᠨ ᠴᠡᠭᠡᠯ ᠢ ᠬᠠᠷᠠᠵᠤ ᠦᠰᠦᠭᠰᠡᠨ ᠬᠦᠮᠦᠨ ᠤ ᠰᠡᠳᠭᠢᠯ ᠲᠤᠩᠭᠠᠯᠠᠭ᠂ ᠠᠭᠤᠳᠠᠮ ᠲᠠᠯ᠎ᠠ ᠪᠠᠨ ᠪᠠᠷᠠᠳᠠᠵᠤ ᠦᠰᠦᠭᠰᠡᠨ ᠬᠦᠮᠦᠨ ᠤ ᠰᠠᠨᠠᠬ᠋᠎ᠠ ᠬᠤᠯᠠ ᠪᠠᠶᠢᠬᠤ ᠣᠴᠢᠷᠲᠠᠢ᠃ ᠣᠬᠠᠭᠠᠨ ᠤ ᠣᠨᠳᠣᠷᠤᠭ᠎ᠠ ᠨᠢ ᠦᠨᠡᠨ ᠤ ᠦᠷᠭᠦᠯᠵᠢᠯᠡᠯ ᠪᠣᠯᠵᠤ᠂ ᠦᠶ᠎ᠡ ᠵᠠᠯᠭᠠᠮᠵᠢ ᠨᠤᠭᠤᠳ ᠨᠢ ᠢᠲᠡᠭᠡᠯ ᠤᠨ ᠨᠠᠷᠠᠨ᠂ ᠠᠮᠢ ᠨᠠᠰᠤᠨ ᠤ ᠢᠯᠴᠢ ᠭᠡᠭᠡ ᠨᠢ ᠪᠣᠯᠵᠤ ᠳᠤᠯᠠᠭᠠᠯᠠᠵᠠᠢ᠃       ︽ᠲᠠᠷᠢᠶ᠎ᠠ ᠲᠠᠷᠢᠭᠰᠠᠨ ᠰᠢᠯᠦᠭᠴᠢ ᠶᠢᠨ ᠭᠤᠨᠢᠭ ᠢ ᠬᠠᠮᠢᠭ᠎ᠠ ᠠᠴᠠ ᠡᠷᠢᠨᠡᠮ       ᠲᠠᠮᠠᠬᠢᠨ ᠤᠲᠤᠭ᠎ᠠ ᠪᠠᠷ ᠰᠡᠳᠭᠢᠯ ᠠᠷᠭᠠᠳᠠᠭᠰᠠᠨ ᠵᠢᠷᠦᠬᠡᠨ ᠳᠤ ᠨᠢ ᠬᠡᠨ ᠪᠠᠭᠲᠠᠨᠠᠮ       ᠲᠡᠭᠷᠢ ᠶᠢᠨ ᠬᠢᠵᠠᠭᠠᠷ ᠲᠤ ᠲᠠᠷᠢᠭᠰᠠᠨ ᠵᠡᠭᠦᠳᠦ ᠨᠢ ᠴᠡᠩᠬᠡᠷ ᠭᠤᠷᠤᠬᠠᠨ ᠪᠠᠶᠢᠨᠠᠮ       ᠳᠡᠯᠡᠬᠡᠢ ᠶᠢᠨ ᠭᠦᠨ ᠳᠤ ᠬᠤᠷᠢᠶᠠᠭᠰᠠᠨ ᠲᠠᠷᠢᠶ᠎ᠠ ᠨᠢ ᠮᠦᠩᠬᠡ ᠶᠢᠨ ᠣᠨᠢᠰᠤᠭ᠎ᠠ ᠪᠠᠶᠢᠨᠠᠮ︾       — ᠵᠢ᠊ · ᠴᠡᠩᠬᠡᠯ ᠤᠨ ᠪᠢᠴᠢᠭᠡᠰᠦ       ᠲᠡᠭᠦᠨ ᠤ ᠦᠴᠦᠭᠡᠳᠦᠷ ᠳᠣᠮᠤᠭ ᠦᠨᠡᠨ᠂ ᠵᠡᠭᠦᠳᠦ ᠡᠷᠢᠯᠬᠢᠯᠡᠯ ᠢᠶᠠᠷ ᠳᠦᠭᠦᠷᠡᠩ ᠠᠭᠠᠳ ᠦᠨᠦᠳᠦᠷ ᠨᠢ ᠲᠤᠤᠯᠢᠰᠯᠢᠭ ᠦᠨᠡᠨ᠂ ᠰᠠᠶᠢᠨ ᠰᠠᠶᠢᠬᠠᠨ ᠤ ᠬᠦᠭᠡᠭᠡᠴᠡᠯᠳᠦᠯ ᠪᠢᠯᠬᠠᠮ᠎ᠠ ᠪᠣᠯᠬᠤᠷ ᠦᠨᠡᠨ ᠤ ᠦᠷᠭᠦᠯᠵᠢᠯᠡᠯ ᠪᠤᠶᠤ ᠮᠠᠷᠭᠠᠰᠢ ᠨᠢ ᠬᠡᠮᠨᠡᠯ ᠦᠭᠡᠷ᠎ᠡ ᠪᠠᠶᠢᠬᠤ ᠨᠢ ᠦᠨᠡᠨᠲᠡᠢ᠃ ᠭᠡᠬᠦ ᠳᠡᠭᠡᠨ ᠲᠡᠷᠡ ᠶᠡᠷᠤ ᠳᠣᠷᠠᠰᠣᠮᠵᠢ ᠵᠦᠭ ᠤᠳᠬᠤᠢ ᠦᠴᠦᠭᠡᠳᠦᠷ ᠢᠶᠠᠨ ᠮᠠᠷᠳᠠᠭ᠎ᠠ ᠦᠭᠡᠢ᠃       ᠤᠯᠠᠭᠠᠨ ᠲᠣᠭᠤᠰᠣᠨ ᠤ ᠡᠬᠢᠯᠡᠯ ᠲᠡᠭᠦᠰᠭᠡᠯ ᠨᠢ ᠦᠨᠡᠨ ᠪᠤᠶᠤ ᠴᠠᠭ ᠬᠤᠭᠤᠴᠠᠭ᠎ᠠ᠃
ᠢᠷᠡᠯᠲᠡ᠄ ᠳᠤᠮᠳᠠᠳᠤ ᠤᠯᠤᠰ ᠤᠨ ᠮᠣᠩᠭᠤᠯ ᠬᠡᠯᠡᠨ ᠤ ᠰᠣᠨᠢᠨ ᠮᠡᠳᠡᠭᠡ ᠶᠢᠨ ᠰᠦᠯᠵᠢᠶ᠎ᠡ