4 ᠰᠠᠷ᠎ᠠ ᠶᠢᠨ 27 ᠤ ᠡᠳᠦᠷ᠂ ᠰᠤᠷᠪᠤᠯᠵᠢᠯᠠᠭᠴᠢ ᠬᠥᠬᠡᠬᠤᠲᠠ ᠶᠢᠨ ᠬᠤᠳᠠᠯᠳᠤᠭᠠᠨ ᠤ ᠶᠠᠪᠤᠳᠠᠯ ᠤᠨ ᠲᠣᠪᠴᠢᠶ᠎ᠠ ᠠᠴᠠ ᠣᠶᠢᠯᠠᠭᠠᠭᠰᠠᠨ ᠢᠶᠠᠷ᠂ ᠮᠠᠰᠢᠨ | ᠲᠡᠷᠭᠡᠨ ᠤ ᠬᠠᠭᠤᠴᠢᠨ ᠢᠶᠠᠷ ᠰᠢᠨ᠎ᠡ ᠶᠢ ᠰᠣᠯᠢᠬᠤ ᠶᠢ ᠤᠯᠠᠮ ᠴᠢᠨᠠᠬᠰᠢᠳᠠ ᠵᠣᠷᠢᠭᠵᠢᠭᠤᠯᠤᠨ ᠠᠬᠢᠭᠤᠯᠵᠤ᠂ ᠪᠣᠬᠢᠷᠲᠤᠯ ᠥᠬᠡᠶ ᠣᠶᠤᠨᠴᠢ ᠰᠢᠨ᠎ᠡ ᠬᠡᠯᠪᠡᠷᠢ ᠶᠢᠨ | ᠬᠡᠷᠡᠭᠯᠡᠭᠡ ᠶᠢ ᠪᠤᠶᠢᠵᠢᠭᠤᠯᠵᠤ᠂ ᠰᠢᠨ᠎ᠡ ᠡᠨᠧᠷᠭᠢ ᠶᠢᠨ ᠮᠠᠰᠢᠨ ᠲᠡᠷᠭᠡ ᠶᠢ ᠳᠡᠯᠭᠡᠷᠡᠭᠦᠯᠦᠨ ᠬᠡᠷᠡᠭᠯᠡᠬᠦ ᠶᠢ ᠠᠬᠢᠭᠤᠯᠬᠤ ᠶᠢᠨ ᠲᠥᠯᠥᠭᠡ᠂ 4 ᠰᠠᠷ᠎ᠠ ᠶᠢᠨ 28 ᠤ ᠡᠳᠦᠷ᠂ | ᠬᠥᠬᠡᠬᠤᠲᠠ ᠰᠢᠨ᠎ᠡ ᠡᠨᠧᠷᠭᠢ ᠶᠢᠨ ᠮᠠᠰᠢᠨ ᠲᠡᠷᠭᠡ ᠬᠤᠳᠠᠯᠳᠤᠨ ᠠᠪᠬᠤ ᠳᠤ ᠨᠥᠬᠦᠪᠥᠷᠢ ᠥᠭᠬᠦ ᠠᠵᠢᠯᠯᠠᠭ᠎ᠠ ᠶᠢ ᠡᠬᠢᠯᠡᠭᠦᠯᠪᠡ᠃ | ᠨᠥᠬᠦᠪᠥᠷᠢᠯᠡᠬᠦ ᠪᠠᠷᠢᠮᠵᠢᠶ᠎ᠠ ᠶᠢ ᠰᠢᠨ᠎ᠡ ᠡᠨᠧᠷᠭᠢ ᠶᠢᠨ ᠰᠠᠭᠤᠳᠠᠯ ᠤᠨ ᠮᠠᠰᠢᠨ ᠲᠡᠷᠭᠡ ᠬᠤᠳᠠᠯᠳᠤᠨ ᠠᠪᠤᠭᠰᠠᠨ ᠪᠠᠷᠢᠮᠲᠠ ᠶᠢᠨ ᠵᠣᠭᠤᠰ ᠤᠨ ᠲᠤᠭ᠎ᠠ | ︵ᠭᠠᠶᠢᠯᠢ ᠶᠢᠨ ᠦᠨ᠎ᠡ ᠪᠠᠭᠲᠠᠨ᠎ᠠ︶ ᠪᠠᠷ 4 ᠳᠡᠰ ᠬᠤᠪᠢᠶᠠᠨ᠎ᠠ᠄ 1. ᠮᠠᠰᠢᠨ ᠲᠡᠷᠭᠡ ᠬᠤᠳᠠᠯᠳᠤᠨ ᠠᠪᠤᠭᠰᠠᠨ ᠪᠠᠷᠢᠮᠲᠠ ᠶᠢᠨ ᠵᠣᠭᠤᠰ ᠤᠨ ᠲᠤᠭ᠎ᠠ ᠨᠢ 10 ᠲᠦᠮᠡᠨ | ᠲᠥᠭᠦᠷᠢᠭ ︵ᠪᠠᠭᠲᠠᠨ᠎ᠠ︶ ᠠᠴᠠ ᠳᠣᠷᠣᠭᠰᠢ ᠪᠠᠶᠢᠪᠠᠯ᠂ ᠮᠠᠰᠢᠨ ᠲᠡᠷᠭᠡ ᠨᠢᠭᠡᠪᠦᠷᠢ ᠳᠤ 3000 ᠲᠥᠭᠦᠷᠢᠭ ᠤᠨ ᠨᠦᠬᠦᠪᠦᠷᠢ ᠦᠭᠭᠦᠨ᠎ᠡ︔ 2. ᠮᠠᠰᠢᠨ ᠲᠡᠷᠭᠡ | ᠬᠤᠳᠠᠯᠳᠤᠨ ᠠᠪᠤᠭᠰᠠᠨ ᠪᠠᠷᠢᠮᠲᠠ ᠶᠢᠨ ᠵᠣᠭᠤᠰ ᠤᠨ ᠲᠤᠭ᠎ᠠ ᠨᠢ 10 ᠲᠦᠮᠡᠨ ᠲᠥᠭᠦᠷᠢᠭ ︵ᠪᠠᠭᠲᠠᠬᠤ ᠦᠭᠡᠶ︶ ᠠᠴᠠ 20 ᠲᠦᠮᠡᠨ ᠲᠥᠭᠦᠷᠢᠭ ︵ᠪᠠᠭᠲᠠᠨ᠎ᠠ︶ | ᠪᠠᠶᠢᠪᠠᠯ᠂ ᠮᠠᠰᠢᠨ ᠲᠡᠷᠭᠡ ᠨᠢᠭᠡᠪᠦᠷᠢ ᠳᠤ 4000 ᠲᠥᠭᠦᠷᠢᠭ ᠤᠨ ᠨᠥᠬᠦᠪᠥᠷᠢ ᠥᠭᠭᠦᠨ᠎ᠡ︔ 3. ᠮᠠᠰᠢᠨ ᠲᠡᠷᠭᠡ ᠬᠤᠳᠠᠯᠳᠤᠨ ᠠᠪᠤᠭᠰᠠᠨ ᠪᠠᠷᠢᠮᠲᠠ ᠶᠢᠨ ᠵᠣᠭᠤᠰ ᠤᠨ | ᠲᠤᠭ᠎ᠠ ᠨᠢ 20 ᠲᠦᠮᠡᠨ ᠲᠥᠭᠦᠷᠢᠭ ︵ᠪᠠᠭᠲᠠᠬᠤ ᠦᠭᠡᠶ︶ ᠠᠴᠠ 30 ᠲᠦᠮᠡᠨ ᠲᠥᠭᠦᠷᠢᠭ ︵ᠪᠠᠭᠲᠠᠨ᠎ᠠ︶ ᠪᠠᠶᠢᠪᠠᠯ᠂ ᠮᠠᠰᠢᠨ ᠲᠡᠷᠭᠡ ᠨᠢᠭᠡᠪᠦᠷᠢ ᠳᠤ 5000 | ᠲᠥᠭᠦᠷᠢᠭ ᠤᠨ ᠨᠥᠬᠦᠪᠥᠷᠢ ᠥᠭᠭᠦᠨ᠎ᠡ︔ 4. ᠮᠠᠰᠢᠨ ᠲᠡᠷᠭᠡ ᠬᠤᠳᠠᠯᠳᠤᠨ ᠠᠪᠤᠭᠰᠠᠨ ᠪᠠᠷᠢᠮᠲᠠ ᠶᠢᠨ ᠵᠣᠭᠤᠰ ᠤᠨ ᠲᠤᠭ᠎ᠠ ᠨᠢ 30 ᠲᠦᠮᠡᠨ ᠲᠥᠭᠦᠷᠢᠭ ︵ | ᠪᠠᠭᠲᠠᠬᠤ ᠦᠭᠡᠶ︶ ᠠᠴᠠ ᠳᠡᠭᠡᠭᠰᠢ ᠪᠠᠶᠢᠪᠠᠯ᠂ ᠮᠠᠰᠢᠨ ᠲᠡᠷᠭᠡ ᠨᠢᠭᠡᠪᠦᠷᠢ ᠳᠤ 6000 ᠲᠥᠭᠦᠷᠢᠭ ᠤᠨ ᠨᠥᠬᠦᠪᠥᠷᠢ ᠥᠭᠭᠦᠨ᠎ᠡ᠃ |