ᠠᠵᠢᠯ ᠠᠮᠢᠳᠤᠷᠠᠯ ᠳᠤ ᠬᠡᠯᠡᠬᠦ ᠪᠠ ᠬᠢᠬᠦ ᠠᠴᠠ ᠵᠠᠶᠢᠯᠠᠵᠦ ᠭᠠᠷᠴᠤ ᠴᠢᠳᠠᠬᠤ ᠬᠦᠮᠦᠨ ᠠᠯᠠᠭ᠎ᠠ᠃ ᠬᠡᠬᠦ ᠳᠡᠭᠡᠨ᠂ ᠬᠡᠯᠡᠬᠦ ᠪᠠ ᠬᠢᠬᠦ ᠶᠢᠨ ᠬᠠᠷᠢᠴᠠᠭ᠎ᠠ ᠶᠢ | ᠵᠤᠬᠢᠴᠠᠭᠤᠯᠤᠨ ᠬᠡᠮᠵᠢᠶ᠎ᠠ ᠶᠢ ᠲᠠᠭᠠᠷᠠᠭᠤᠯᠤᠨ᠎ᠠ ᠭᠡᠳᠡᠭ ᠮᠦᠨ ᠴᠦ ᠨᠢᠬᠡ ᠡᠷᠳᠡᠮ ᠠᠵᠢ᠃ | ︽ᠬᠡᠯᠡᠬᠦ︾ ᠳᠤ ᠰᠠᠨᠠᠭ᠎ᠠ ᠶᠢ ᠢᠯᠡᠳᠬᠡᠬᠦ᠂ ᠪᠤᠳᠤᠯ ᠢ ᠲᠠᠮᠵᠢᠭᠤᠯᠬᠤ᠂ ᠬᠠᠷᠠᠯᠳᠠ ᠶᠢ ᠲᠤᠳᠤᠷᠬᠠᠶᠢᠯᠠᠬᠤ ᠬᠡᠬᠦ ᠮᠡᠳᠤ ᠶᠢᠨ ᠴᠢᠳᠠᠮᠵᠢ ᠲᠠᠢ ᠪᠠᠶᠢᠵᠦ᠂ | ᠲᠠᠨᠢᠯᠳᠠ ᠶᠢᠨ ᠠᠢ ᠳᠤ ᠬᠠᠷᠢᠶᠠᠯᠠᠬᠳᠠᠵᠦ᠂ ᠬᠠᠷᠢᠨ ︽ᠬᠢᠬᠦ︾ ᠨᠢ ︽ᠬᠡᠯᠡᠬᠦ︾ ᠶᠢᠨ ᠵᠤᠷᠢᠯᠭ᠎ᠠ ᠪᠡᠶᠡᠯᠡᠭᠳᠡᠯ ᠪᠠᠶᠢᠵᠦ᠂ ᠦᠢᠯᠡᠳᠦᠯᠬᠡ ᠶᠢᠨ ᠠᠢ ᠳᠤ | ᠬᠠᠷᠢᠶᠠᠯᠠᠬᠳᠠᠳᠠᠭ᠃ ᠦᠢᠯᠡᠳᠦᠯᠬᠡ ᠨᠢ ᠲᠠᠨᠢᠯᠳᠠ ᠶᠢᠨ ᠰᠠᠭᠤᠷᠢ ᠪᠤᠯᠳᠠᠬ ᠢᠶᠠᠷ ︽ᠬᠢᠬᠦ︾ ᠨᠢ ︽ᠬᠡᠯᠡᠬᠦ︾ ᠶᠢᠨ ᠰᠠᠭᠤᠷᠢ᠂ ︽ᠬᠡᠯᠡᠬᠦ︾ ᠨᠢ ︽ᠬᠢᠬᠦ︾ ᠶᠢᠨ | ᠵᠢᠯᠤᠭᠤᠳᠤᠮᠵᠢ ᠶᠤᠮ᠃ ︽ᠬᠡᠯᠡᠬᠦ︾ ᠪᠠ ︽ᠬᠢᠬᠦ︾ ᠭᠡᠭᠴᠢ ᠬᠡᠨ ᠠᠯᠢᠨ ᠠᠴᠠ ᠪᠠᠨ ᠰᠠᠯᠵᠦ ᠴᠢᠳᠠᠬᠤ ᠦᠬᠡᠢ ᠬᠠᠷᠢᠴᠠᠭ᠎ᠠ ᠬᠤᠯᠪᠤᠭ᠎ᠠ ᠲᠠᠢ ᠮᠦᠷᠳᠡᠬᠡᠨ | ᠬᠠᠷᠢᠯᠴᠠᠨ ᠤᠯᠠᠷᠢᠳᠠᠬ᠃ | ᠬᠡᠯᠡᠬᠦ ᠭᠡᠭᠴᠢ ᠲᠡᠷᠡ ᠴᠢᠭ ᠢᠶᠠᠷ ᠢᠶᠠᠨ ᠤᠷᠠᠯᠢᠬ᠃ ᠪᠤᠳᠤᠯᠢᠶᠠᠨᠳᠤ ᠶᠠᠪᠤᠳᠠᠯ ᠢ ᠤᠶᠢᠯᠠᠭᠠᠮᠵᠢᠳᠠᠢ ᠰᠠᠶᠢᠬᠠᠨ ᠶᠠᠷᠢᠳᠠᠬ ᠬᠦᠮᠦᠨ ᠪᠠᠶᠢᠨ᠎ᠠ ᠬᠡᠬᠦ ᠳᠤ᠂ ᠪᠤᠳᠤᠵᠦ | ᠲᠤᠩᠭᠠᠭᠠᠯ ᠦᠬᠡᠢ ᠪᠠᠷ ᠡᠬᠢ ᠠᠳᠠᠬ ᠨᠢ ᠤᠯᠳᠠᠬᠤ ᠦᠬᠡᠢ ᠶᠠᠷᠢᠳᠠᠬ ᠴᠦ ᠪᠠᠶᠢᠳᠠᠬ᠂ ᠤᠷᠠᠨ ᠦᠬᠡ ᠪᠠᠷ ᠤᠷᠤᠰᠬᠠᠵᠦ ᠤᠴᠢᠷ ᠶᠠᠪᠤᠳᠠᠯ ᠢ ︽ᠭᠠᠷ ᠤᠨ ᠠᠯᠠᠭ᠎ᠠ | ᠤᠷᠪᠠᠭᠤᠯᠬᠤ︾ ᠮᠡᠳᠤ ᠠᠮᠠᠷᠬᠠᠨ ᠢᠶᠠᠷ ᠶᠠᠷᠢᠳᠠᠭ ᠴᠦ ᠪᠤᠢ᠃ ᠬᠢᠬᠦ ᠲᠤᠬᠠᠢ ᠬᠡᠪᠡᠯ᠂ ᠡᠪᠯᠡᠬᠦᠯᠵᠦ ᠠᠷᠭᠠᠴᠠᠭᠠᠨ ᠬᠢᠬᠦ᠂ ᠴᠢᠨᠡᠭᠡ ᠪᠠᠷ ᠢᠶᠠᠨ ᠬᠦᠴᠦᠯᠡᠵᠦ ᠬᠢᠯᠠᠷᠠᠳᠠᠯ᠎ᠠ | ᠬᠢᠬᠦ ᠵᠡᠷᠬᠡ ᠠᠳᠠᠯᠢ ᠪᠤᠰᠤ ᠶᠢᠨ ᠬᠡᠮᠵᠢᠶ᠎ᠠ ᠪᠠᠶᠢᠳᠠᠬ ᠪᠦᠬᠡᠳ ᠬᠦᠮᠦᠨ ᠦᠵᠡᠵᠦ ᠪᠠᠶᠢᠳᠠᠯ ᠢ ᠠᠵᠢᠬᠯᠠᠵᠦ ᠬᠢᠬᠦ᠂ ᠬᠤᠪᠢᠨ ᠳᠤᠨᠢ ᠠᠰᠢᠬᠳᠠᠢ ᠪᠤᠯ ᠬᠢᠵᠦ ᠡᠰᠡᠪᠡᠰᠤ | ᠬᠤᠶᠢᠰᠢ ᠰᠠᠭᠤᠬᠤ ᠵᠡᠷᠬᠡ ᠠᠰᠢᠬ ᠬᠠᠷᠠᠬᠤ ᠦᠵᠡᠭᠳᠡᠯ ᠴᠦ ᠪᠠᠶᠢᠳᠠᠬ᠃ ᠶᠤᠰᠤᠳᠠᠢ ᠭᠤᠶᠤ ᠬᠡᠯᠡᠴᠢᠭᠡᠳ᠂ ᠦᠨᠡᠨ ᠬᠢᠬᠡᠳ ᠡᠬᠢᠯᠡᠬᠦ ᠳᠤ ᠠᠯᠪᠠ ᠬᠠᠰᠢᠵᠦ ᠠᠮᠠ | ᠪᠦᠭᠯᠡᠬᠦ ᠶᠢ ᠡᠷᠳᠡᠮ ᠳᠤ ᠪᠤᠳᠤᠵᠦ᠂ ︽ᠬᠡᠯᠡᠬᠦ ᠨᠢ ᠲᠡᠯᠡᠬᠡᠢ᠂ ᠬᠢᠬᠦ ᠨᠢ ᠮᠡᠯᠡᠬᠡᠢ︾ ᠬᠦᠮᠦᠨ ᠪᠠᠶᠢᠨ᠎ᠠ ᠬᠡᠬᠦ ᠳᠤ᠂ ᠬᠢᠴᠢᠶᠡᠮᠵᠢᠳᠡᠢ ᠬᠡᠯᠡᠵᠦ ᠪᠤᠯᠭᠤᠮᠵᠢᠳᠠᠢ ᠤᠷᠤᠵᠦ᠂ | ᠬᠡᠯᠡᠭᠰᠡᠨ ᠳᠡᠭᠡᠨ ᠵᠠᠪᠠᠯ ᠬᠦᠷᠴᠦ᠂ ᠬᠢᠭᠰᠡᠨ ᠢᠶᠠᠨ ᠡᠷᠬᠡᠪᠰᠢ ᠬᠦᠢᠴᠡᠭᠡᠳᠡᠭ ᠬᠦᠮᠦᠨ ᠴᠦ ᠪᠠᠶᠢᠳᠠᠬ᠃ ︽ᠠᠪᠤ ᠶᠢᠨ ᠬᠡᠤᠬᠡᠳ ᠠᠳᠠᠯᠢ ᠦᠬᠡᠢ᠂ ᠠᠷᠪᠠᠨ ᠬᠤᠷᠤᠭᠤ | ᠲᠡᠭᠰᠢ ᠦᠬᠡᠢ︾ ᠭᠡᠳᠡᠭᠴᠢᠯᠡᠨ᠂ ᠡᠨᠡ ᠨᠢ ᠬᠦᠮᠦᠨ ᠪᠤᠯᠭᠠᠨ ᠤ ᠲᠦᠷᠦᠯᠬᠢ ᠶᠢᠨ ᠵᠠᠩ᠂ ᠬᠦᠷᠳᠡᠭᠰᠡᠨ ᠬᠦᠮᠦᠵᠢᠯ᠂ ᠤᠬᠠᠭᠠᠨ ᠰᠠᠨᠠᠭ᠎ᠠ ᠬᠡᠬᠦ ᠮᠡᠳᠤ ᠶᠢᠨ | ᠵᠦᠷᠢᠶ᠎ᠠ ᠠᠴᠠ ᠰᠢᠯᠲᠠᠭᠠᠯᠠᠬᠳᠠᠬᠰᠠᠨ ᠪᠠᠶᠢᠵᠦ ᠲᠠᠭᠠᠷᠠᠨ᠎ᠠ᠃ | ᠬᠡᠯᠡᠬᠦ ᠳᠤ ᠬᠢᠯᠪᠡᠷ᠂ ᠬᠢᠬᠦ ᠳᠤ ᠬᠦᠴᠢᠷ᠃ ᠬᠤᠷᠤᠮ ᠵᠠᠭᠤᠷ᠎ᠠ ᠶᠢᠨ ᠬᠤᠭᠤᠷᠤᠨᠳᠤ ᠬᠡᠯᠡᠭᠰᠡᠨ ᠢ ᠬᠢᠵᠦ ᠬᠦᠢᠴᠡᠬᠡᠬᠦ ᠳᠤ ᠬᠠᠯᠠᠰᠢᠷᠠᠯ ᠦᠬᠡᠢ ᠴᠢᠷᠮᠠᠶᠢᠯᠭ᠎ᠠ | ᠬᠡᠷᠡᠭᠰᠡᠳᠡᠭ᠂ ᠬᠠᠷᠢᠨ ᠬᠠᠮᠤᠬ ᠤᠨ ᠡᠴᠦᠰ ᠲᠤᠨᠢ ᠪᠦᠲᠦᠬᠦ ᠦᠬᠡᠢ ᠴᠦ ᠶᠠᠭᠤᠨ ᠮᠠᠭᠠᠳ᠃ ᠬᠡᠯᠡᠭᠰᠡᠨ ᠦᠬᠡ ᠬᠤᠳᠠᠯ ᠬᠤᠭᠤᠰᠤᠨ ᠪᠠᠶᠢᠵᠦ ᠮᠡᠳᠡᠨ᠎ᠠ᠂ ᠬᠠᠷᠢᠨ | ᠬᠢᠭᠰᠡᠨ ᠶᠠᠭᠤᠮ᠎ᠠ ᠪᠤᠯ ᠭᠠᠷᠴᠠᠭ᠎ᠠ ᠦᠬᠡᠢ ᠦᠨᠡᠨ ᠪᠤᠳᠠᠳᠠᠢ ᠶᠤᠮ᠃ ᠤᠷᠠᠯᠠᠵᠦ᠂ ᠲᠠᠪᠠᠭᠤᠯᠵᠦ᠂ ᠲᠡᠷᠡᠴᠢᠯᠡᠨ ᠵᠠᠯᠢᠯᠠᠵᠦ ᠬᠡᠯᠡᠭᠰᠡᠨ ᠴᠦ ᠪᠠᠶᠢᠵᠦ ᠮᠡᠳᠡᠨ᠎ᠠ᠂ ᠬᠠᠷᠢᠨ | ᠬᠢᠭᠰᠡᠨ ᠶᠠᠭᠤᠮ᠎ᠠ ᠪᠤᠯ ᠬᠤᠳᠠᠯ ᠬᠡᠯᠡᠳᠡᠭ ᠦᠬᠡᠢ ᠪᠢᠯᠡ᠃ ᠨᠢᠬᠡ ᠬᠦᠮᠦᠨ ᠤ ᠶᠠᠭᠤ ᠬᠡᠯᠡᠭᠰᠡᠨ ᠠᠴᠠ ᠨᠢ ᠶᠠᠭᠠᠬᠢᠵᠦ ᠬᠢᠭᠰᠡᠨ ᠨᠢ ᠨᠡᠩ ᠶᠡᠭᠡ ᠦᠨ᠎ᠠ ᠴᠠᠨ᠎ᠠ ᠲᠠᠢ | ᠶᠤᠮ᠃ ᠲᠡᠶᠢᠮᠦ ᠳᠡᠭᠡᠨ ᠰᠠᠶᠢᠬᠠᠨ ᠦᠬᠡ ᠶᠠᠷᠢᠬᠤ ᠦᠬᠡᠢ ᠴᠦ ᠪᠤᠳᠠᠳᠠᠢ ᠬᠢᠳᠡᠭ ᠬᠦᠮᠦᠨ ᠢ ᠤᠯᠠᠩᠬᠢ ᠬᠦᠮᠦᠰ ᠮᠡᠳᠡᠷᠡᠵᠦ ᠲᠠᠭᠠᠰᠢᠶᠠᠳᠠᠬ᠃ | ᠶᠠᠭᠤ ᠶᠠᠭᠠᠭᠢᠵᠦ ᠬᠡᠯᠡᠭᠰᠡᠨ ᠢ ᠨᠢ ᠰᠤᠨᠤᠰᠬᠤ ᠶᠢᠨ ᠲᠡᠳᠦᠢ ᠪᠢᠰᠢ᠂ ᠬᠡᠷᠬᠢᠨ ᠬᠢᠵᠦ ᠬᠢᠷᠢ ᠵᠡᠷᠬᠡ ᠪᠦᠲᠦᠭᠡᠭᠰᠡᠨ ᠢ ᠨᠢ ᠦᠵᠡᠬᠦ ᠨᠢ ᠨᠡᠩ ᠴᠢᠬᠤᠯᠠ ᠶᠤᠮ᠃ | ︽ᠬᠡᠯᠡᠪᠡᠯ ᠬᠢᠵᠦ᠂ ᠬᠢᠪᠡᠯ ᠵᠠᠪᠠᠯ ᠪᠦᠲᠦᠬᠡᠬᠦ︾ ᠵᠤᠷᠢᠬ ᠢ ᠪᠠᠷᠢᠵᠦ᠂ ᠬᠡᠯᠡᠬᠦ ᠪᠠ ᠬᠢᠬᠦ ᠶᠢ ᠤᠶᠠᠯᠳᠤᠭᠤᠯᠵᠦ᠂ ᠬᠡᠯᠡᠵᠦ ᠴᠢᠳᠠᠬᠤ ᠮᠦᠷᠳᠡᠬᠡᠨ ᠬᠢᠬᠦ ᠳᠡᠭᠡᠨ ᠨᠡᠩ | ᠴᠢᠳᠠᠮᠠᠭᠠᠢ ᠪᠠᠶᠢᠪᠠᠯ ᠬᠠᠮᠤᠬ ᠤᠨ ᠰᠠᠶᠢᠨ ᠶᠠᠪᠤᠳᠠᠯ ᠲᠡᠷᠡ ᠶᠤᠮ᠃ |