ᠵᠣᠬᠢᠶᠠᠭᠴᠢ᠄ ᠯ᠊·ᠰᠣᠨᠢᠨ | | ᠲᠦᠷᠬᠦᠮ ᠳᠡᠭᠡᠨ ᠬᠠᠷᠢᠬᠤ ᠳᠤ ᠮᠠᠨᠢ ᠵᠤᠤᠬᠠᠨ ᠬᠡᠷ ᠠᠴᠠ ᠵᠠᠷᠮ᠎ᠠ ᠶᠢᠨ ᠲᠠᠰᠤᠯ ᠦᠨᠦᠷ ᠰᠡᠩᠭᠢᠨᠡᠵᠦ ᠲᠡᠷᠡ ᠰᠠᠶᠢᠬᠠᠨ ᠠᠮᠳᠠ ᠶᠢ ᠨᠢ ᠪᠤᠳᠤᠬᠤ ᠠᠴᠠ | ᠠᠷᠠᠭᠠᠨ ᠳᠤ ᠰᠢᠯᠦᠰᠦ ᠬᠤᠷᠠᠮᠠᠷ ᠪᠣᠯᠪᠠ᠃ ᠠᠪᠳᠠᠷ᠎ᠠ ᠬᠤᠷᠭᠤ ᠶᠢ ᠨᠢ ᠤᠩᠭᠢᠴᠢᠵᠦ ᠠᠶᠠᠭ᠎ᠠ ᠵᠠᠷᠮ᠎ᠠ ᠤᠯᠤᠭᠠᠳ ᠠᠷᠠᠢ ᠠᠮᠠ ᠲᠦᠬᠦᠷᠳᠡᠯ᠎ᠡ ᠡᠮᠬᠦᠶᠡ ᠭᠡᠳᠡᠯ᠎ᠡ | ︽ᠬᠠᠭᠠᠵᠦ ᠦᠬᠦᠨ᠎ᠡ︕︾ ᠬᠡᠰᠡᠨ ᠲᠠᠭᠤ ᠴᠢᠬᠢᠨ ᠬᠡᠩᠭᠡᠷᠭᠡ ᠲᠡᠯᠡᠰᠴᠦ ᠪᠢᠯᠡ᠃ ᠡᠷᠬᠢᠵᠦ ᠬᠠᠷᠠᠬᠤ ᠳᠤ ᠡᠵᠢ ᠠᠯᠠᠭ᠎ᠠ᠂ ᠶᠠᠬᠢᠷ ᠲᠠᠭᠤᠨ ᠴᠦ ᠠᠯᠠᠭ᠎ᠠ᠂ ︽ᠠᠭᠠᠭ | ᠵᠠᠷᠮ᠎ᠠ ᠪᠠᠨ ᠬᠠᠷᠠᠮᠨᠠᠵᠦ ᠁︾ ᠭᠡᠰᠡᠨ ᠭᠤᠴᠢᠨ ᠵᠢᠯ ᠤᠨ ᠭᠤᠮᠤᠳᠠᠯ ᠴᠦ ᠠᠯᠠᠭ᠎ᠠ᠃ | ᠬᠠᠭᠤᠷᠤᠬᠰᠠᠨ ᠠᠮᠤ ᠳᠠᠭᠠᠨ ᠵᠦᠪ ᠦᠭᠡᠢ ᠪᠠᠶᠢᠬᠰᠠᠨ ᠴᠠᠭ ᠢ ᠶᠠᠭᠤᠨ ᠬᠡᠯᠡᠬᠦᠪ᠂ ᠡᠵᠢ ᠬᠠᠭᠤᠷᠠᠢ ᠪᠤᠳᠠᠭ᠎ᠠ ᠪᠠᠨ ᠠᠷᠪᠢᠯᠠᠬᠤ ᠭᠡᠵᠦ ᠲᠠᠩᠳᠠ ᠵᠠᠷᠮ᠎ᠠ ᠲᠠᠢ | ᠬᠤᠯᠢᠵᠦ ᠢᠳᠡᠬᠦᠯᠳᠡᠭ᠃ ᠲᠡᠭᠡᠬᠦ ᠪᠠᠷ ᠡᠷᠳᠡᠨᠢ ᠰᠢᠰᠢ ᠬᠠᠭᠤᠷᠬᠤ᠂ ᠲᠠᠯᠬᠠᠳᠠᠬᠤ ᠬᠡᠵᠦ ᠠᠵᠦ ᠨᠡᠮᠡᠭᠳᠡᠳᠡᠭ ᠶᠤᠮ᠃ ᠡᠵᠢ ᠮᠢᠨᠢ ᠱᠠᠯᠠᠮᠠᠭᠠᠢ ᠰᠢᠭᠤᠷᠬᠠᠢ ᠬᠦᠮᠦᠨ | ᠪᠤᠯᠬᠤᠷ ᠠᠵᠢᠯ ᠶᠠᠪᠤᠳᠠᠯ ᠳᠤ ᠬᠤᠶᠢᠷᠭᠤᠰᠢᠳᠠᠭ ᠦᠭᠡᠢ᠂ ᠰᠠᠷ᠎ᠠ ᠠᠯᠤᠰᠯᠠᠯ ᠦᠭᠡᠢ ᠲᠦᠯᠡᠭᠡ ᠱᠤᠭᠠᠢ ᠬᠠᠳᠠᠭᠠᠵᠦ ᠡᠷᠳᠡᠨᠢ ᠰᠢᠰᠢ ᠬᠠᠭᠤᠷᠴᠦ ᠬᠠᠭᠤᠷᠠᠢ | ᠬᠦᠨᠡᠰᠦ ᠪᠠᠨ ᠠᠮᠵᠢᠭᠤᠯᠤᠨ ᠪᠡᠯᠡᠳᠭᠡᠳᠡᠭ᠃ | ᠮᠠᠨᠠᠶᠢᠬᠢᠨ ᠤ ᠠᠷᠴᠢᠭᠤᠷ ᠤᠨ ᠶᠠᠭᠠᠷᠠᠤ ᠴᠠᠭ ᠤᠨ ᠦᠷᠯᠦᠬᠡᠨ ᠤ ᠴᠠᠢ᠂ ᠰᠠᠨᠳᠤᠤ ᠶᠢᠨ ᠬᠦᠮᠦᠰ ᠤᠨ ᠦᠳᠡ ᠶᠢᠨ ᠬᠦᠨᠡᠰᠦ᠂ ᠡᠪᠦᠯ ᠤᠨ ᠤᠬᠤᠷ ᠡᠳᠦᠷ ᠤᠨ | ᠦᠳᠡ ᠶᠢᠨ ᠬᠤᠭᠤᠯᠠ᠂ ᠡᠭᠡᠴᠢ ᠲᠡᠭᠦᠦ ᠬᠡᠳᠦᠭᠦᠯᠡ ᠶᠢᠨ ᠪᠠᠭ᠎ᠠ ᠰᠤᠷᠭᠠᠭᠤᠯᠢ ᠶᠢᠨ ᠦᠳᠡ ᠶᠢᠨ ᠬᠦᠨᠡᠰᠦ᠂ ᠰᠤᠯᠠ ᠢᠳᠡᠭᠡᠨ ᠮᠠᠨᠢ ᠪᠠᠷᠤᠭ ᠯᠡ ᠵᠠᠷᠮ᠎ᠠ ᠬᠠᠭᠤᠷᠠᠢ | ᠪᠤᠳᠠᠭ᠎ᠠ ᠪᠠᠶᠢᠬᠰᠠᠨ ᠶᠤᠮ᠃ ᠵᠠᠷᠮ᠎ᠠ ᠨᠢ ᠤᠰᠤ᠂ ᠲᠤᠰᠤ᠂ ᠰᠦ ᠶᠢ ᠶᠡᠭᠡ ᠰᠢᠩᠭᠡᠭᠡᠳᠡᠭ ᠪᠤᠯᠬᠤᠷ ᠬᠤᠳᠬᠤᠨ ᠬᠤᠳᠬᠤᠭᠠᠳ ᠶᠠᠪᠤᠭᠤᠷᠢ ᠦᠭᠡᠢ ᠪᠠᠶᠢᠳᠠᠭ᠃ | ᠲᠡᠶᠢᠮᠦ ᠠᠴᠠ ᠤᠯᠠᠩᠭᠢ ᠳᠠᠭᠠᠨ ᠡᠯᠡᠰᠦᠨ ᠰᠢᠬᠢᠷ ᠬᠤᠯᠢᠭᠠᠳ ᠡᠮᠬᠦᠳᠡᠭ᠃ ︽ᠪᠤᠤ ᠬᠠᠭᠠᠶᠠ︾ ᠬᠡᠵᠦ ᠪᠤᠳᠤᠵᠦ ᠪᠠᠶᠢᠳᠠᠯ᠎ᠠ ᠪᠤᠤ ᠲᠠᠢ ᠨᠢ ᠬᠠᠭᠠᠭᠠᠳ ᠨᠢᠰᠦ | ᠨᠢᠯᠪᠤᠰᠤ ᠪᠠᠨ ᠭᠤᠭᠤᠵᠢᠳᠠᠯᠠ ᠬᠠᠨᠢᠶᠠᠵᠦ ᠬᠠᠭᠰᠢᠬᠤ ᠳᠤ ᠡᠵᠢ ᠲᠡᠭᠡᠷ᠎ᠡ ᠠᠴᠠ ᠨᠢ ᠲᠠᠰᠢᠭᠤᠷ ᠨᠡᠮᠡᠵᠦ ︽ᠬᠠᠭᠠᠵᠦ ᠦᠬᠦᠨ᠎ᠡ᠂ ᠠᠭᠠᠵᠢᠭᠤ ᠢᠳᠡᠬᠦ ᠪᠠᠨ ᠶᠠᠭᠠᠬᠢᠯ᠎ᠠ︕ | ︾ ᠭᠡᠵᠦ ᠤᠨᠳᠤᠭᠤᠴᠠᠨᠠ᠃ ᠠᠭᠠᠭ ᠵᠠᠷᠮ᠎ᠠ ᠪᠠᠨ ᠬᠠᠷᠠᠮᠨᠠᠭᠠᠳ ᠬᠠᠭᠠᠭᠤᠯᠴᠢᠬᠠᠯᠠ ᠭᠡᠵᠦ ᠭᠤᠤᠯ ᠢᠶᠠᠨ ᠭᠤᠷᠦ᠋ᠢᠳᠠᠯᠠ ᠭᠤᠮᠤᠳᠠᠳᠠᠭ ᠪᠠᠶᠢᠬᠰᠠᠨ ᠯᠡ ᠳ᠋ᠠ | ᠬᠦᠬᠡᠷᠦᠬᠦᠢ ᠁ | ᠡᠵᠢ ᠤᠷᠤᠵᠦ ᠢᠷᠡᠬᠡᠳ ᠵᠠᠷᠮ᠎ᠠ ᠬᠤᠯᠠᠭᠠᠶᠢᠯᠠᠵᠦ ᠪᠠᠶᠢᠬᠰᠠᠨ ᠨᠠᠳᠠ ᠳᠤ᠄ ︽ᠪᠠᠰᠠ ᠯᠠ ᠮᠠᠭᠤ ᠵᠠᠷᠮ᠎ᠠ ᠪᠠᠨ ᠢᠳᠡᠶ᠎ᠡ ᠬᠡᠵᠦ ᠲᠤᠷᠠᠯᠠᠴᠢᠬᠠᠪᠠᠤ︕ ᠲᠡᠷᠡ | ᠴᠢᠨᠢ ᠬᠦᠯᠦᠭᠡ ᠲᠡᠵᠢᠭᠡᠬᠦ ᠬᠡᠵᠦ ᠪᠦᠳᠦᠬᠦᠯᠢᠭ ᠲᠠᠯᠬᠠᠳᠠᠬᠰᠠᠨ ᠵᠠᠷᠮ᠎ᠠ ᠰᠢᠤ᠂ ᠴᠢ ᠢᠳᠡᠪᠡᠯ ᠰᠢᠨ᠎ᠡ ᠬᠠᠭᠤᠷᠴᠦ ᠦᠭᠭᠦᠶ᠎ᠡ ᠭᠡᠯᠡ︾᠃ ᠬᠡᠳᠦᠨ ᠡᠳᠦᠷ ᠤᠨ ᠬᠢᠨᠢ | ᠲᠠᠷᠠᠭ᠎ᠠ ᠡᠵᠢ ᠮᠢᠨᠢ ᠤᠭᠤᠳᠠ ᠲᠠᠢ ᠵᠠᠷᠮ᠎ᠠ ᠪᠠᠨ ᠲᠡᠪᠡᠷᠢᠭᠰᠡᠬᠡᠷ ᠲᠦᠷᠢᠶᠡᠰᠦᠨ ᠮᠠᠰᠢᠨ ᠠᠴᠠ ᠪᠠᠭᠤᠵᠦ ᠢᠷᠡᠯ᠎ᠡ᠃ ᠰᠢᠨ᠎ᠡ ᠵᠠᠷᠮ᠎ᠠ ᠶᠢᠨ ᠰᠠᠶᠢᠬᠠᠨ ᠦᠨᠦᠷ ᠦᠷᠦᠭᠡ | ᠲᠦᠭᠦᠷᠡᠩ ᠬᠠᠩᠬᠤᠯᠵᠦ ᠬᠤᠪᠳᠤᠭ ᠬᠦᠷᠭᠡᠨ᠎ᠡ᠃ ᠤᠳᠤ ᠪᠢ ᠵᠠᠷᠮ᠎ᠠ ᠡᠮᠬᠦᠬᠦ ᠳᠤ ᠬᠠᠭᠠᠬᠤ ᠦᠭᠡᠢ ᠪᠤᠯᠴᠢᠬᠠᠬᠰᠠᠨ᠃ ᠬᠠᠭᠰᠠᠭᠠᠬᠰᠠᠨ ᠦᠷᠦᠮ᠎ᠡ᠂ ᠨᠦᠢᠳᠠᠨ | ᠬᠤᠷᠤᠳ᠂ ᠵᠦᠭᠡᠭᠡᠢ᠂ ᠡᠯᠡᠰᠦᠨ ᠰᠢᠬᠢᠷ ᠁ ᠬᠤᠯᠢᠴᠠ ᠨᠢ ᠪᠢᠯᠬᠠᠷᠠᠬᠰᠠᠨ ᠵᠠᠷᠮ᠎ᠠ ᠪᠠᠨ ᠬᠠᠯᠪᠠᠭ᠎ᠠ ᠪᠠᠷ ᠤᠳᠬᠤᠵᠦ ᠪᠠᠭ᠎ᠠ ᠪᠠᠭ᠎ᠠ ᠪᠠᠷ ᠡᠮᠬᠦᠬᠦ ᠳᠤ ᠡᠵᠢ ᠶᠢᠨ | ᠮᠢᠨᠢ ᠡᠨᠡᠷᠢᠩᠭᠦᠢ ᠲᠦᠷᠬᠦ ᠬᠠᠯᠪᠠᠭᠠᠨ ᠳᠤ ᠤᠶᠢᠵᠦ ᠬᠠᠷᠠᠬᠳᠠᠨ᠎ᠠ᠃ ᠠᠭᠠᠭ ᠵᠠᠷᠮ᠎ᠠ ᠢᠳᠡᠬᠦᠯᠦᠭᠰᠡᠨ ᠴᠦ ᠶᠠᠭᠠᠬᠢᠬᠤᠪ᠂ ᠠᠯᠠᠭ ᠦᠭᠡᠢ ᠬᠠᠶᠢᠷ᠎ᠠ ᠪᠠᠷ ᠢᠶᠠᠨ | ᠪᠦᠬᠡᠴᠡᠶᠢᠯᠡᠨ ᠦᠰᠭᠡᠭᠰᠡᠨ ᠡᠵᠢ ᠶᠢᠨ ᠢᠶᠠᠨ ᠠᠴᠢ ᠬᠠᠶᠢᠷ᠎ᠠ ᠶᠢ ᠶᠠᠭᠠᠬᠢᠨᠠᠮ᠂ ᠠᠮᠳᠠᠳᠠᠨ ᠪᠦᠬᠦᠨ ᠤ ᠲᠡᠭᠡᠵᠢ᠂ ᠰᠢᠮ᠎ᠡ ᠲᠠᠢ ᠢᠳᠡᠭᠡᠨ ᠪᠤᠯᠭᠠᠨ ᠤ ᠰᠤᠷᠭᠤᠭ ᠠᠴᠠ | ᠡᠷᠬᠦᠨ ᠪᠠᠷᠢᠪᠠᠴᠦ ᠰᠦᠨ ᠰᠡᠳᠭᠢᠯ ᠤᠨ ᠬᠢᠨᠢ ᠬᠠᠷᠢᠭᠤ ᠶᠠᠭᠤᠨ ᠬᠦᠢᠴᠡᠨ᠎ᠡ ᠪᠤᠢ᠃ | ︽ᠡᠷᠳᠡᠨᠢ ᠰᠢᠰᠢ ᠬᠠᠭᠤᠷᠬᠤ ᠳᠤ ᠢᠨᠢᠶᠡᠬᠦ ᠶᠤᠮ ᠰᠢᠤ᠂ ᠬᠡᠤᠬᠡᠳ ᠢᠨᠢᠶᠡᠬᠦ ᠲᠤᠳᠤᠮ ᠡᠷᠳᠡᠨᠢ ᠰᠢᠰᠢ ᠬᠤᠸᠠᠷ ᠭᠠᠷᠬᠤ ᠨᠢ ᠠᠷᠪᠢᠨ︾ ᠬᠡᠵᠦ ᠡᠵᠢ ᠬᠡᠯᠡᠨ᠎ᠡ᠃ | ᠡᠮᠳᠡᠷᠬᠡᠢ ᠰᠢᠳᠦᠨ ᠤ ᠪᠠᠨ ᠴᠠᠭᠠᠨ᠎ᠠ ᠠᠴᠠ ᠬᠡᠯᠡ ᠪᠠᠨ ᠪᠤᠯᠳᠠᠯᠵᠠᠭᠤᠯᠤᠨ ᠨᠢᠯᠪᠤᠰᠤ ᠰᠢᠯᠦᠰᠦ ᠪᠠᠨ ᠭᠤᠭᠤᠵᠢᠳᠠᠯᠠ ᠢᠨᠢᠶᠡᠭᠡᠳ ᠯᠡ ᠪᠠᠶᠢᠯ᠎ᠠ᠃ ᠭᠡᠳᠡᠭᠡᠯᠡᠵᠦ ᠪᠠᠶᠢᠮᠠᠷ | ᠬᠠᠳᠠᠭᠠᠨᠠᠳᠠᠯ᠎ᠠ ᠢᠨᠢᠶᠡᠬᠦ ᠳᠤ ᠡᠵᠢ ᠴᠦ ᠲᠠᠭᠠᠨ ᠪᠠᠶᠠᠰᠴᠦ ᠬᠠᠨᠴᠤᠢ ᠪᠠᠷ ᠢᠶᠠᠨ ᠬᠦᠯᠦᠰᠦ ᠪᠠᠨ ᠵᠦᠯᠬᠦᠨ ᠵᠦᠯᠬᠦᠨ ᠬᠤᠳᠬᠤᠭᠤᠷ ᠮᠤᠳᠤ ᠪᠠᠨ ᠵᠣᠬᠰᠤᠯ ᠦᠭᠡᠢ | ᠬᠦᠳᠡᠯᠬᠡᠨ᠎ᠡ᠃ ᠵᠠᠳᠠᠷᠠᠬᠰᠠᠨ ᠡᠷᠳᠡᠨᠢ ᠰᠢᠰᠢ ᠲᠤᠭᠤᠭᠠᠨ ᠤ ᠭᠠᠳᠠᠨ᠎ᠠ ᠲᠤᠳᠤᠨ᠎ᠠ ᠦᠰᠦᠷᠬᠢᠯᠡᠨ ᠰᠠᠭᠠᠭ ᠤᠨ ᠴᠡᠴᠡᠭ ᠰᠢᠭ ᠴᠠᠭᠠᠨ ᠬᠤᠸᠠᠷ ᠲᠡᠯᠭᠡᠷᠡᠨ᠎ᠡ᠃ | ᠲᠤᠭᠤᠭᠠᠨ ᠠᠴᠠ ᠦᠰᠦᠷᠬᠦ ᠴᠠᠭᠠᠨ ᠴᠡᠴᠡᠭᠡᠰ᠂ ᠡᠵᠢ ᠶᠢᠨ ᠰᠡᠪᠡᠯᠭᠡ ᠶᠢ ᠦᠨᠦᠰᠦᠨ ᠦᠨᠦᠰᠦᠨ ᠮᠦᠩᠭᠦᠨ ᠪᠤᠭᠤᠷᠤᠯ ᠪᠤᠯᠳᠠᠯ᠎ᠠ ᠪᠤᠳᠤᠬᠯᠠᠵᠠᠢ᠃ ᠡᠵᠢ ᠮᠢᠨᠢ | ᠲᠠᠭᠤᠤ ᠬᠢᠩᠰᠢᠴᠢᠬᠡᠭᠰᠡᠨ ᠨᠠᠮᠪᠠᠳᠠᠶᠢᠬᠠᠨ ᠨᠠᠬᠢᠯᠵᠠᠨ᠎ᠠ᠃ | ᠦᠯᠦᠭᠡᠢ ᠰᠠᠵᠢᠯᠠᠨ ᠦᠷ᠎ᠡ ᠪᠠᠨ ᠪᠦᠪᠠᠶᠢᠯᠡᠵᠦ ᠪᠠᠶᠢᠬᠤ ᠳᠠᠭᠠᠨ᠂ ᠬᠦᠨᠵᠢᠯᠡ ᠲᠡᠪᠢᠰᠭᠡᠷ ᠬᠠᠪᠤᠵᠦ᠂ ᠤᠯᠠ ᠵᠤᠯᠤᠭ ᠴᠠᠷᠳᠠᠵᠦ ᠰᠠᠭᠤᠬᠤ ᠳᠠᠭᠠᠨ᠂ ᠬᠤᠪᠴᠠᠰᠤ | ᠬᠤᠨᠠᠷ ᠤᠬᠢᠶᠠᠵᠦ ᠨᠦᠬᠦᠬᠡᠰᠦ ᠬᠠᠯᠠᠭᠠᠰᠤ ᠲᠠᠯᠪᠢᠵᠦ ᠪᠠᠶᠢᠬᠤ ᠳᠠᠭᠠᠨ᠂ ᠠᠷᠤᠭ ᠰᠠᠪᠠᠷ ᠢᠶᠠᠨ ᠡᠬᠦᠷᠦᠬᠡᠳ ᠠᠷᠭᠠᠯ ᠲᠦᠯᠡᠭᠡ ᠤᠶᠢᠷᠠᠳᠤᠭᠤᠯᠵᠦ ᠪᠠᠶᠢᠬᠤ ᠳᠠᠭᠠᠨ ᠁ | ᠳᠠᠩᠳᠠ ᠲᠠᠭᠤᠤ ᠠᠶᠠᠯᠵᠦ ᠪᠠᠶᠢᠬᠰᠠᠨ ᠰᠠᠨ᠃ ᠬᠢᠭᠡᠳ ᠪᠠᠷᠠᠰᠢ ᠦᠭᠡᠢ ᠨᠦᠷᠢ ᠬᠦᠳᠡᠯᠮᠤᠷᠢ᠂ ᠬᠦᠯᠢᠶᠡᠭᠡᠳ ᠵᠢᠷᠭᠠᠳᠠᠭ ᠦᠭᠡᠢ ᠤᠷᠲᠦ ᠨᠠᠷᠠᠨ ᠢ ᠪᠦᠪᠡᠢ ᠶᠢᠨ | ᠲᠠᠭᠤᠤ ᠪᠠᠷ ᠠᠷᠭᠠᠳᠠᠵᠦ ᠲᠠᠶᠢᠳᠬᠤᠷᠠᠳᠠᠭ ᠡᠵᠢ ᠶᠢᠨ ᠢᠶᠠᠨ ᠬᠠᠭᠤᠷᠤᠬᠰᠠᠨ ᠬᠠᠶᠢᠷ᠎ᠠ ᠶᠢᠨ ᠠᠮᠳᠠ ᠲᠠᠢ ᠵᠠᠷᠮ᠎ᠠ ᠪᠠᠷ ᠦᠯ ᠵᠤᠯᠭᠠᠵᠦ ᠰᠡᠳᠭᠢᠯ ᠦᠶᠦᠭ ᠶᠠᠪᠤᠬᠤ ᠳᠤ | ᠬᠦᠳᠡᠭᠡ ᠶᠢᠨ ᠠᠮᠢᠳᠤᠷᠠᠯ ᠤᠨ ᠤᠭᠤᠷᠠᠭ ᠰᠢᠷᠭᠠᠯ ᠲᠡᠪᠢᠰᠭᠡᠷ ᠲᠡᠭᠡᠷ᠎ᠡ ᠨᠤᠮᠢᠨ ᠨᠤᠭᠤᠭᠠᠨ ᠵᠡᠬᠦᠲᠦ ᠲᠡᠷᠭᠡᠯᠰᠢᠨ᠎ᠡ᠃ | ᠬᠠᠯᠠᠭᠤᠨ ᠲᠠᠢ ᠬᠦᠢᠳᠡᠨ ᠲᠠᠢ ᠤᠯᠠᠷᠢᠯ ᠢ ᠲᠡᠭᠰᠢᠯᠡᠬᠦ ᠬᠡᠵᠦ ᠡᠵᠢ ᠬᠦᠮᠦᠨ ᠬᠠᠶᠢᠷ᠎ᠠ ᠪᠤᠯᠵᠦ ᠠᠰᠠᠳᠠᠭ ᠶᠤᠮ ᠰᠠᠨ᠃ ᠡᠵᠢ ᠶᠢᠨ ᠢᠶᠠᠨ ᠲᠦᠷᠡᠯᠵᠡᠭᠰᠡᠨ | ᠬᠠᠶᠢᠷ᠎ᠠ ᠶᠢᠨ ᠬᠢᠨᠢ ᠢᠯᠴᠢᠨ ᠳᠤ ᠰᠡᠳᠭᠢᠯ ᠢᠶᠠᠨ ᠡᠬᠡᠬᠡᠵᠦ ᠲᠤᠯᠠᠭᠠᠴᠠᠬᠤ ᠳᠤ ᠠᠶᠠᠭ᠎ᠠ ᠵᠠᠷᠮ᠎ᠠ ᠠᠴᠠ ᠠᠮᠢᠳᠤᠷᠠᠯ ᠤᠨ ᠭᠠᠰᠢᠭᠤᠨ ᠠᠮᠲᠠ᠂ ᠠᠵᠠ ᠵᠢᠷᠭᠠᠯ ᠤᠨ | ᠱᠠᠩᠳᠠᠭᠤᠨ ᠠᠮᠳᠠ᠂ ᠦᠯᠡᠮᠵᠢ ᠬᠠᠶᠢᠷ᠎ᠠ ᠶᠢᠨ ᠰᠢᠬᠢᠷᠯᠢᠭ ᠠᠮᠳᠠ ᠠᠮᠳᠠᠯᠠᠬᠳᠠᠨᠠ᠃ |