ᠵᠣᠬᠢᠶᠠᠭᠴᠢ᠄ ᠬᠡᠰᠢᠭᠪᠡᠶᠠᠷ | | ︽ᠬᠦᠮᠦᠨ ᠪᠤᠯᠬᠤ ᠪᠠᠭ᠎ᠠ ᠠᠴᠠ ᠪᠠᠨ᠂ ᠬᠦᠯᠦᠭ ᠪᠤᠯᠬᠤ ᠤᠨᠠᠭᠠᠨ ᠠᠴᠠ ᠪᠠᠨ︾ ᠭᠡᠰᠠᠨ ᠬᠠᠭᠤᠴᠢ ᠦᠭᠡᠨ ᠳᠤ ᠠᠮᠵᠢᠯᠳᠠ ᠳᠤ ᠬᠦᠷᠦᠭᠰᠡᠨ ᠨᠢᠭᠡ | ᠬᠦᠮᠦᠨ ᠤ ᠤᠨᠴᠠᠭᠠᠢ ᠰᠢᠨᠵᠢ ᠲᠡᠮᠳᠡᠭ ᠪᠠᠭ᠎ᠠ ᠠᠴᠠ ᠨᠢ ᠢᠯᠡᠷᠡᠵᠦ ᠮᠡᠳᠡᠭᠳᠡᠳᠡᠭ ᠬᠡᠬᠦ ᠤᠳᠬ᠎ᠠ ᠪᠠᠶᠢᠬᠤ ᠠᠴᠠ ᠭᠠᠳᠠᠨ᠎ᠠ᠂ ᠨᠢᠭᠡ ᠬᠦᠮᠦᠨ ᠢ ᠠᠮᠵᠢᠯᠳᠠᠳᠠᠢ | ᠬᠦᠮᠦᠵᠢᠬᠦᠯᠵᠦ ᠦᠰᠭᠡᠭᠦ ᠳᠤ ᠪᠠᠭ᠎ᠠ ᠠᠴᠠ ᠨᠢ ᠭᠠᠷᠳᠠᠬᠤ ᠬᠡᠷᠡᠭᠳᠡᠢ ᠬᠡᠰᠡᠨ ᠤᠳᠭ᠎ᠠ ᠴᠤ ᠠᠭᠤᠯᠤᠭᠳᠠᠵᠦ ᠪᠤᠢ᠃ ᠬᠡᠦᠭᠡᠳ ᠤᠨ ᠬᠦᠮᠦᠵᠢᠯ ᠮᠠᠰᠢ ᠴᠢᠬᠤᠯᠠ | ᠬᠡᠳᠡᠭ ᠢ ᠮᠠᠨ ᠤ ᠬᠢᠨ ᠠᠯᠢ ᠡᠷᠳᠡ ᠤᠬᠠᠭᠠᠷᠠᠵᠦ ᠮᠡᠳᠡᠭᠰᠡᠨ ᠪᠠᠶᠢᠵᠠᠢ᠃ | ᠡᠤ ᠶᠤᠸᠠᠢ᠂ ᠡᠤ ᠮᠦᠸᠧ ᠰᠢᠨ᠂ ᠶᠤᠤ ᠮᠢᠩ ᠮᠢᠩ ᠨᠠᠷ ᠤᠨ ᠨᠠᠶᠢᠷᠠᠭᠤᠯᠤᠭᠰᠠᠨ ︽ᠬᠦᠮᠦᠨ ᠲᠦᠷᠦᠯᠬᠢᠳᠡᠨ ᠤ ᠤᠢ ᠪᠢᠯᠢᠭ ᠤᠨ ᠡᠴᠢᠨ᠎ᠠ ᠨᠢᠭᠤᠴᠠ︾ | ᠬᠡᠰᠡᠨ ᠨᠢᠮᠭᠡᠭᠡᠨ ᠨᠤᠮ ᠳᠤ ᠬᠡᠦᠭᠡᠳ ᠤᠨ ᠬᠦᠮᠦᠵᠢᠯ ᠤᠨ ᠴᠢᠬᠤᠯᠠ ᠴᠢᠨᠠᠷ ᠢ ᠤᠯᠠᠨ ᠲᠠᠯ᠎ᠠ ᠠᠴᠠ ᠶᠠᠷᠢᠵᠦ ᠲᠠᠶᠢᠯᠪᠤᠷᠢᠯᠠᠪᠠ᠃ ᠲᠠᠷᠢᠬᠢᠨ ᠤ ᠡᠰ ᠤᠨ ᠲᠤᠭᠠᠨ ᠤ | ᠲᠠᠯ᠎ᠠ ᠠᠴᠠ ᠠᠪᠴᠤ ᠬᠡᠯᠡᠪᠡᠯ᠂ ᠬᠦᠮᠦᠨ ᠤ ᠲᠠᠷᠢᠬᠢ 140 ᠳ᠋ᠦᠡᠭᠰᠢᠭᠤᠷ ᠡᠰ ᠲᠠᠢ ᠪᠠᠶᠢᠳᠠᠭ ᠪᠦᠭᠡᠳ ᠡᠭᠦᠨ ᠤ 70 — 80% ᠨᠢ ᠭᠤᠷᠪᠠᠨ ᠨᠠᠰᠤᠨ ᠠᠴᠠ | ᠡᠮᠦᠨ᠎ᠠ ᠪᠦᠷᠢᠯᠳᠤᠵᠦ᠂ ᠲᠠᠪᠤᠨ ᠨᠠᠰᠤ ᠬᠦᠷᠬᠦ ᠳᠤ 100% ᠪᠠᠷ ᠪᠦᠷᠢᠯᠳᠤᠵᠦ᠂ ᠡᠭᠦᠨ ᠠᠴᠠ ᠬᠤᠶᠢᠰᠢ ᠲᠠᠬᠢᠵᠦ ᠰᠢᠨ᠎ᠠ ᠡᠰ ᠡᠭᠦᠰᠳᠡᠭ ᠦᠭᠡᠢ︔ ᠲᠠᠷᠢᠬᠢᠨ ᠤ | ᠬᠦᠨᠳᠦ ᠶᠢᠨ ᠵᠢᠩ ᠤᠨ ᠲᠠᠯ᠎ᠠ ᠠᠴᠠ ᠠᠪᠴᠤ ᠬᠡᠯᠡᠪᠡᠯ᠂ ᠲᠦᠷᠦᠬᠦ ᠦᠶᠡᠰ ᠬᠡᠦᠭᠡᠳ ᠤᠨ ᠲᠠᠷᠢᠬᠢ ᠪᠠᠷᠤᠭ 390 ᠭᠷᠠᠮ ᠪᠠᠶᠢᠵᠦ᠂ ᠬᠤᠶᠠᠷ ᠨᠠᠰᠤ ᠬᠠᠭᠠᠰ ᠠᠴᠠ | ᠭᠤᠷᠪᠠᠨ ᠨᠠᠰᠤᠯᠠᠬᠤ ᠦᠶᠡᠰ 900 — 1011 ᠭᠷᠠᠮ ᠪᠤᠯᠵᠤ᠂ ᠲᠤᠯᠤᠭᠠᠨ ᠨᠠᠰᠤ ᠬᠦᠷᠬᠦ ᠦᠶᠡᠰ 1280 ᠭᠷᠠᠮ ᠪᠤᠯᠳᠠᠭ᠂ ᠬᠠᠷᠢᠨ ᠲᠤᠮᠤᠴᠤᠤᠯ ᠤᠨ | ᠲᠠᠷᠢᠬᠢ 1400 ᠭᠷᠠᠮ ᠪᠠᠶᠢᠳᠠᠭ᠃ ᠦᠭᠡᠷ᠎ᠠ ᠪᠠᠷ ᠬᠡᠯᠡᠪᠡᠯ᠂ ᠲᠠᠷᠢᠬᠢᠨ ᠤ ᠡᠰ ᠤᠨ ᠲᠤᠭ᠎ᠠ ᠪᠤᠯᠤᠨ ᠬᠦᠨᠳᠤ ᠶᠢᠨ ᠵᠢᠩ ᠨᠢ ᠨᠠᠰᠤ ᠵᠢᠯ ᠤᠨ ᠠᠬᠢᠬᠤ ᠶᠢ ᠲᠠᠭᠠᠯᠳᠤᠨ | ᠢᠳᠡᠭ ᠢᠳᠡᠭ ᠢᠶᠠᠷ ᠨᠡᠮᠡᠭᠳᠡᠳᠡᠭ ᠪᠢᠰᠢ᠂ ᠬᠠᠷᠢᠨ ᠭᠤᠤᠯᠳᠠᠭᠤ ᠪᠠᠯᠴᠢᠷ ᠪᠠᠭ᠎ᠠ ᠬᠡᠦᠭᠡᠳ ᠦᠶ᠎ᠠ ᠳᠤᠨᠢ ᠤᠭᠵᠤᠮ ᠲᠦᠷᠭᠡᠨ ᠨᠡᠮᠡᠭᠳᠡᠵᠦ ᠪᠦᠷᠢᠯᠳᠤᠳᠡᠭ᠃ | ᠰᠢᠨᠵᠢᠯᠡᠬᠦ ᠤᠬᠠᠭᠠᠨᠳᠠᠳ ᠡᠶᠢᠮᠦ ᠨᠢᠭᠡᠨ ᠲᠤᠷᠰᠢᠯᠳᠠ ᠬᠢᠵᠠᠢ᠄ ᠮᠡᠳᠡᠭᠡᠵᠢ᠂ ᠮᠤᠤᠷ ᠤᠨ ᠵᠤᠯᠵᠠᠭ᠎ᠠ ᠲᠦᠷᠦᠮᠡᠭᠴᠡ ᠶᠠᠭᠤ ᠴᠤ ᠤᠯᠵᠤ ᠦᠵᠡᠳᠡᠭ ᠦᠭᠡᠢ᠂ | ᠲᠦᠷᠪᠠ ᠲᠠᠪᠤᠳᠠᠬᠢ ᠡᠳᠦᠷ ᠨᠢ ᠬᠠᠷᠠᠭ᠎ᠠ ᠤᠷᠤᠳᠠᠭ᠃ ᠰᠢᠨᠵᠢᠯᠡᠬᠦ ᠤᠬᠠᠭᠠᠨᠳᠠᠳ ᠶᠠᠭ ᠡᠨᠡ ᠬᠦ ᠲᠦᠷᠪᠠ ᠲᠠᠪᠤᠳᠠᠬᠢ ᠡᠳᠦᠷ ᠨᠢ ᠵᠤᠯᠵᠠᠭ᠎ᠠ ᠮᠤᠤᠷ ᠲᠧ ᠮᠠᠰᠠ | ᠵᠠᠰᠠᠯ ᠬᠢᠵᠦ ᠨᠢᠳᠤᠨ ᠤ ᠬᠢᠨᠢ ᠠᠨᠢᠰᠬ᠎ᠠ ᠶᠢ ᠪᠢᠳᠡᠭᠦᠯᠡᠵᠦ ᠤᠶᠦᠭᠠᠳ ᠭᠡᠷᠡᠯ ᠮᠡᠳᠡᠷᠡᠬᠦᠯᠦᠭᠰᠡᠨ ᠦᠭᠡᠢ᠃ ᠰᠡᠭᠦᠯᠡᠷ ᠨᠢ ᠤᠶᠤᠳᠠᠯ ᠢ ᠨᠢ ᠵᠠᠳᠠᠯᠵᠦ ᠨᠢᠳᠦ ᠶᠢ ᠨᠢ | ᠨᠡᠭᠡᠭᠡᠭᠰᠡᠨ ᠪᠤᠯᠪᠠᠴᠤ ᠲᠡᠷᠡ ᠵᠤᠯᠵᠠᠭᠠᠨ ᠮᠤᠤᠷ ᠨᠠᠰᠤᠨ ᠲᠤᠷᠰᠢ ᠬᠠᠷᠠᠭ᠎ᠠ ᠤᠷᠤᠬᠰᠠᠨ ᠦᠭᠡᠢ᠃ ᠬᠠᠷᠢᠨ ᠠᠩᠬ᠎ᠠ ᠲᠦᠷᠦᠭᠰᠡᠨ ᠲᠦᠷᠪᠠ ᠲᠠᠪᠤᠳᠠᠬᠢ ᠡᠳᠦᠷ ᠨᠢ | ᠠᠨᠢᠰᠬ᠎ᠠ ᠶᠢ ᠨᠢ ᠪᠢᠳᠡᠬᠦᠯᠡᠬᠦ ᠦᠭᠡᠢ᠂ ᠡᠭᠦᠨ ᠠᠴᠠ ᠡᠮᠦᠨ᠎ᠠ ᠨᠢ ᠪᠤᠶᠤ ᠬᠤᠶᠢᠨ᠎ᠠ ᠨᠢ ᠠᠨᠢᠰᠬ᠎ᠠ ᠶᠢ ᠨᠢ ᠪᠢᠳᠠᠬᠦᠯᠡᠵᠦ ᠤᠶᠤᠭᠰᠡᠨ ᠨᠢ ᠪᠦᠷ ᠨᠦᠯᠦᠭᠡ ᠪᠤᠯᠤᠭᠰᠠᠨ | ᠦᠭᠡᠢ ᠬᠠᠷᠠᠭ᠎ᠠ ᠲᠠᠢ ᠪᠤᠯᠵᠠᠢ᠃ ᠲᠤᠰ ᠲᠤᠷᠰᠢᠯᠳᠠ ᠠᠴᠠ ᠠᠮᠠᠷᠬᠠᠨ ᠮᠡᠳᠡᠵᠦ ᠪᠤᠯᠬᠤ ᠨᠢᠭᠡ ᠵᠦᠢᠯ ᠬᠡᠪᠡᠯ᠂ ᠬᠠᠷᠠᠭᠠᠨ ᠤ ᠬᠢᠨᠢ ᠮᠡᠳᠡᠷᠡᠯ ᠲᠠᠢ ᠬᠤᠯᠪᠤᠭ᠎ᠠ ᠲᠠᠢ | ᠮᠤᠤᠷ ᠤᠨ ᠲᠠᠷᠢᠬᠢᠨ ᠤ ᠡᠰ ᠤᠨ ᠦᠰᠦᠯᠳᠠ ᠪᠤᠶᠢᠵᠢᠯᠳᠠ ᠳᠤ ᠠᠪᠴᠤ ᠬᠡᠯᠡᠪᠡᠯ ᠲᠠᠷᠠ ᠲᠦᠷᠪᠠ ᠲᠠᠪᠤᠳᠠᠬᠢ ᠡᠳᠦᠷ ᠪᠤᠯ ᠬᠠᠮᠤᠭ ᠤᠨ ᠴᠢᠬᠤᠯᠠ ᠵᠠᠩᠭᠢᠯᠠᠭ᠎ᠠ ᠶᠢᠨ | ᠴᠠᠭ ᠬᠤᠭᠤᠴᠠᠭ᠎ᠠ ᠪᠤᠯᠤᠨ᠎ᠠ᠂ ᠡᠨᠡ ᠵᠠᠩᠭᠢᠯᠠᠭ᠎ᠠ ᠶᠢᠨ ᠬᠤᠭᠤᠴᠠᠭ᠎ᠠ ᠨᠢ ᠦᠡᠭᠭᠡᠷᠡᠪᠡᠯ ᠨᠠᠰᠤᠨ ᠲᠤᠷᠰᠢᠳᠠ ᠨᠦᠬᠦᠵᠦ ᠲᠠᠶᠢᠯᠬᠦ ᠦᠭᠡᠢ︕ | ᠲᠡᠭᠡᠪᠡᠯ ᠬᠦᠮᠦᠨ ᠤ ᠰᠤᠷᠬᠤ ᠬᠠᠮᠤᠭ ᠤᠨ ᠰᠠᠶᠢᠨ ᠴᠠᠭ ᠦᠶ᠎ᠠ ᠨᠢ ᠬᠡᠵᠢᠶ᠎ᠠ ᠶᠤᠮ ᠪᠤᠯ︖ ᠡᠰᠡᠪᠠᠯ ᠡᠷᠳᠡᠮ ᠨᠤᠮ ᠰᠤᠷᠭᠠᠬᠤ ᠬᠠᠮᠤᠭ ᠤᠨ ᠰᠠᠶᠢᠨ ᠴᠠᠭ | ᠦᠶ᠎ᠠ ᠨᠢ ᠠᠯᠢ ᠦᠶ᠎ᠠ ᠪᠤᠢ︖ ︽ᠬᠦᠮᠦᠨ ᠤ ᠰᠤᠷᠬᠤ ᠬᠠᠮᠤᠭ ᠤᠨ ᠰᠠᠶᠢᠨ ᠴᠠᠭ ᠦᠶ᠎ᠠ ᠪᠤᠯ ᠶᠡᠭᠡ ᠰᠤᠷᠭᠠᠭᠤᠯᠢ ᠳᠤ ᠪᠠᠶᠢᠬᠤ ᠦᠶ᠎ᠠ ᠪᠢᠰᠢ᠂ ᠲᠤᠮᠳᠠᠳᠤ ᠪᠠᠭ᠎ᠠ | ᠰᠤᠷᠭᠠᠭᠤᠯᠢ ᠳᠤ ᠪᠠᠶᠢᠬᠤ ᠦᠶ᠎ᠠ ᠴᠤ ᠪᠢᠰᠢ᠂ ᠬᠠᠷᠢᠨ ᠬᠡᠦᠭᠡᠳ ᠨᠢᠯᠬ᠎ᠠ ᠦᠶ᠎ᠠ ᠶᠤᠮ︾ ᠬᠡᠵᠦ ᠨᠢᠭᠡᠨ ᠰᠤᠷᠭᠠᠨ ᠬᠦᠮᠦᠵᠢᠯᠳᠡᠨ ᠶᠠᠷᠢᠬᠰᠠᠨ ᠪᠠᠶᠢᠨ᠎ᠠ᠃ ᠤᠴᠢᠷ ᠨᠢ | ᠂ ᠲᠡᠭᠡᠷ᠎ᠠ ᠲᠤᠷᠠᠳᠤᠭᠰᠠᠨ ᠬᠦᠮᠦᠨ ᠤ 140 ᠳ᠋ᠦᠡᠭᠰᠢᠭᠤᠷ ᠲᠠᠷᠢᠬᠢᠨ ᠤ ᠡᠰ ᠠᠴᠠ ᠤᠳᠤᠬᠠᠨ ᠳᠤ ᠬᠦᠮᠦᠨ ᠲᠦᠷᠦᠯᠭᠢᠳᠡᠨ ᠵᠦᠪᠭᠡᠨ 10% ᠶᠢ ᠨᠢ ᠯᠠ | ᠠᠰᠢᠬᠯᠠᠵᠦ ᠪᠠᠶᠢᠬᠤ ᠪᠦᠭᠡᠳ ᠪᠤᠰᠤᠳ ᠡᠰ ᠲᠧ ᠴᠠᠭ ᠲᠤᠬᠠᠢ ᠳᠤᠨᠢ ᠰᠠᠳᠠᠯᠳᠠ ᠦᠭᠭᠦ ᠦᠭᠡᠢ᠂ ᠬᠡᠷᠡᠭᠯᠡᠬᠦ ᠦᠭᠡᠢ ᠪᠠᠶᠢᠭᠰᠠᠭᠠᠷ ᠪᠠᠶᠢᠳᠠᠯ᠎ᠠ ᠲᠠᠷᠠ ᠨᠢ ᠡᠭᠦᠰᠴᠤ | ᠪᠤᠢ ᠪᠤᠯᠤᠬᠰᠠᠨ ᠠᠴᠠ ᠪᠠᠨ ᠬᠤᠶᠢᠰᠢ ᠪᠤᠶᠢᠵᠢᠯᠳᠠ ᠦᠭᠡᠢ ᠪᠠᠶᠢᠵᠦ ᠪᠠᠶᠢᠭᠠᠳ ᠤᠯᠠᠨ ᠵᠢᠯ ᠤᠨ ᠲᠠᠷᠠᠭ᠎ᠠ ᠦᠢᠯᠡᠳᠦᠯ ᠴᠢᠳᠠᠪᠬᠢ ᠪᠠᠨ ᠠᠯᠳᠠᠴᠢᠬᠠᠳᠠᠭ ᠠᠵᠢ᠃ | ᠡᠭᠦᠨ ᠢ ᠪᠠᠰᠠ ᠤᠯᠠᠨ ᠵᠢᠱᠢᠶ᠎ᠠ ᠪᠠᠷᠢᠮᠳᠠ ᠪᠠᠷ ᠨᠤᠳᠠᠯᠠᠵᠦ ᠪᠤᠯᠤᠨ᠎ᠠ᠂ ᠵᠢᠱᠢᠶᠠᠯᠠᠪᠠᠯ ᠪᠢᠳᠠᠨ ᠤ ᠰᠠᠶᠢᠨ ᠮᠡᠳᠡᠳᠡᠭ ᠲᠡᠭᠡᠷ᠎ᠠ ᠵᠠᠭᠤᠨ ᠤ ᠬᠤᠷᠢᠭᠠᠳ ᠤᠨ ᠤ ᠦᠶ᠎ᠠ ᠶᠢᠨ | ᠴᠢᠨᠤᠨᠴᠢᠷ ᠬᠡᠦᠭᠡᠳ᠃ ᠴᠢᠨ᠋ᠸ᠎ᠠ ᠶᠢᠨ ᠰᠦᠷᠦᠭ ᠲᠤᠳᠤᠷ᠎ᠠ ᠦᠰᠴᠤ ᠪᠤᠶᠢᠵᠢᠭᠰᠠᠨ ᠲᠠᠷᠠ ᠬᠤᠶᠠᠷ ᠦᠬᠢᠨ ᠢ Singh ᠡᠷ᠎ᠠ ᠡᠮ᠎ᠠ ᠬᠤᠶᠠᠭᠤᠯᠠ ᠤᠯᠵᠤ ᠠᠪᠬᠤ | ᠦᠶᠡᠰ ᠨᠢᠬᠡᠨᠳᠡ ᠨᠢᠮᠠᠨ ᠨᠠᠰᠤ ᠬᠦᠷᠴᠢᠭᠡᠭᠰᠡᠨ ᠪᠤᠯᠪᠠᠴᠤ ᠦᠭᠡ ᠬᠡᠯᠡᠵᠦ ᠴᠢᠳᠠᠬᠤ ᠦᠭᠡᠢ᠂ ᠠᠯᠬᠤᠵᠤ ᠴᠢᠳᠠᠬᠤ ᠦᠭᠡᠢ᠂ ᠪᠤᠳᠠᠭ᠎ᠠ ᠢᠳᠡᠬᠦ ᠦᠭᠡᠢ᠂ ᠲᠦᠭᠦᠭᠡᠢ | ᠮᠢᠬ᠎ᠠ ᠯᠡ ᠢᠳᠡᠳᠡᠭ ᠪᠠᠶᠢᠵᠠᠢ᠃ ᠲᠠᠷᠠ ᠬᠤᠶᠠᠷ ᠢ ᠨᠦᠬᠦᠴᠡᠯ ᠰᠠᠶᠢᠳᠠᠢ ᠬᠡᠦᠭᠡᠳ ᠤᠨ ᠠᠰᠠᠷᠠᠮᠵᠢ ᠶᠢᠨ ᠭᠠᠵᠠᠷ ᠠᠪᠴᠢᠷᠠᠵᠤ ᠲᠤᠰᠬᠠᠢ ᠪᠠᠭᠰᠢ ᠪᠠᠷ ᠦᠭᠡ | ᠵᠢᠭᠠᠯᠭᠠᠵᠦ᠂ ᠠᠯᠬᠤᠬᠤ ᠶᠢ ᠰᠤᠷᠭᠠᠬᠰᠠᠨ ᠪᠤᠯᠪᠠᠴᠤ ᠨᠢᠭᠡ ᠨᠢ ᠲᠠᠷᠠᠭ᠎ᠠ ᠵᠢᠯ ᠳᠤ ᠨᠢ ᠨᠠᠰᠤ ᠪᠠᠷᠠᠵᠦ᠂ ᠨᠦᠬᠦᠭᠡ ᠨᠢ ᠠᠷᠪᠠᠨ ᠲᠤᠯᠤᠭᠠᠳᠠᠢ ᠳᠠᠭᠠᠨ ᠨᠠᠰᠤ ᠪᠠᠷᠠᠪᠠ᠃ | ᠲᠡᠳᠡ ᠨᠠᠰᠤ ᠪᠠᠷᠠᠳᠠᠯ᠎ᠠ ᠪᠠᠨ ᠲᠦᠷᠪᠠᠨ ᠮᠦᠴᠢᠯᠠᠵᠦ ᠬᠦᠶᠦᠬᠦ ᠠᠴᠠ ᠪᠢᠰᠢ᠂ ᠠᠯᠬᠤᠵᠦ ᠴᠢᠳᠠᠭᠰᠠᠨ ᠦᠭᠡᠢ᠂ ᠲᠠᠮᠠᠢ ᠬᠡᠳᠦᠨ ᠦᠭᠡ ᠬᠡᠯᠡᠵᠦ ᠴᠢᠳᠠᠳᠠᠭ ᠦᠭᠡᠢ᠂ | ᠬᠦᠮᠦᠨ ᠤ ᠦᠭᠡ ᠶᠢ ᠴᠤ ᠲᠠᠮᠠᠢ ᠤᠶᠢᠯᠠᠭᠠᠵᠦ ᠲᠦᠭᠦᠭᠡᠷᠳᠡᠭ ᠦᠭᠡᠢ ᠪᠠᠶᠢᠬᠰᠠᠨ ᠬᠡᠳᠡᠭ᠃ ᠡᠨᠡ ᠨᠢ ᠲᠡᠳᠡ ᠦᠭᠡ ᠬᠡᠯᠡᠵᠦ ᠰᠤᠷᠬᠤ᠂ ᠠᠯᠬᠤᠵᠤ ᠰᠤᠷᠬᠤ | ᠬᠠᠮᠤᠭ ᠤᠨ ᠴᠢᠬᠤᠯᠠ ᠵᠠᠩᠭᠢᠯᠠᠭ᠎ᠠ ᠶᠢᠨ ᠴᠠᠭ ᠬᠤᠭᠤᠴᠠᠭ᠎ᠠ ᠪᠠᠨ ᠦᠡᠭᠭᠡᠷᠡᠴᠢᠭᠡᠭᠰᠡᠨ ᠳᠤ ᠤᠷᠤᠰᠢᠨ᠎ᠠ᠃ | ᠡᠶᠢᠮᠦ ᠠᠴᠠ ᠭᠡᠤᠭᠡᠳ ᠤᠨ ᠬᠦᠮᠦᠵᠢᠯ ᠢ ᠡᠷᠳᠡ ᠠᠴᠠ ᠭᠠᠷᠳᠠᠵᠤ᠂ ᠴᠠᠭ ᠲᠤᠬᠢᠶᠠᠯ ᠢ ᠠᠯᠳᠠᠵᠤ ᠪᠤᠯᠬᠤ ᠦᠭᠡᠢ᠃ |