ᠰᠠᠶᠢᠰᠢᠶᠠᠯ ᠪᠤᠯ ᠵᠢᠳᠬᠦᠯ ᠤᠨ ᠬᠢ
ᠨᠡᠶᠢᠲᠡᠯᠡᠭᠰᠡᠨ ᠴᠠᠭ᠄
2025/5/13
      ᠦᠬᠡᠳᠡ ᠳᠠᠳᠠᠬᠤ ᠬᠡᠵᠦ ᠳᠠᠨ ᠳᠤ ᠳᠠᠯᠪᠢᠬᠰᠠᠨ ᠬᠠᠳᠠᠭᠤ ᠱᠠᠭᠠᠷᠳᠠᠯᠭ᠎ᠠ᠂ ᠶᠡᠷᠦ ᠠᠴᠠ ᠬᠠᠯᠠ ᠳᠠᠮᠤ ᠪᠢᠰᠢ᠂ ᠬᠠᠷᠢᠨ ᠬᠠᠶᠠᠨ ᠳᠤᠨᠢ ᠬᠠᠶᠠᠬᠤ ᠯᠠ ᠬᠦᠮᠦᠨ ᠢ ᠬᠠᠷᠠᠯᠠᠭᠤᠯᠬᠤ ᠬᠠᠮᠤᠭ ᠬᠦᠨ ᠨᠦᠬᠡ ᠶᠤᠮ᠃      ᠨᠡᠩ ᠤᠯᠠᠨ ᠬᠦᠮᠦᠨ ᠶᠠᠮᠠᠷ ᠴᠤ ᠡᠷᠬᠡᠰᠢᠶᠡᠯ ᠦᠬᠡᠢ ᠠᠮᠢᠳᠤᠷᠠᠯ ᠢ ᠮᠦᠷᠦᠬᠡᠳᠴᠦ᠂ ᠦᠪᠡᠷ ᠲᠡᠭᠡᠨ ᠳᠤᠯᠤᠭᠠᠢ ᠮᠡᠳᠡᠨ ᠶᠠᠪᠤᠵᠦ᠂ ᠳᠤᠷᠠᠳᠠᠢ ᠴᠠᠬ ᠲᠠᠭᠠᠨ ᠪᠤᠰᠴᠦ᠂ ᠰᠠᠨᠠᠬᠰᠠᠨ ᠵᠦᠢᠯ ᠢᠶᠠᠨ ᠬᠢᠵᠦ ᠶᠡᠭᠡ ᠮᠦᠩᠬᠦ ᠤᠯᠬᠤ ᠶᠢ ᠬᠦᠰᠡᠳᠡᠭ ᠪᠤᠯᠵᠠᠢ᠃ ᠵᠠᠪ ᠲᠠᠢ᠂ ᠵᠤᠭᠤᠰ ᠲᠠᠢ ᠠᠮᠢᠳᠤᠷᠠᠯ ᠪᠠᠶᠢᠯ᠎ᠠ᠃ ᠵᠠᠷᠢᠮ ᠨᠢ ᠴᠠᠢ ᠶᠢᠨ ᠦᠷᠬᠦᠬᠡ ᠭᠠᠷᠭᠠᠬᠤ᠂ ᠳᠡᠯᠭᠡᠬᠦᠷ ᠬᠤᠳᠠᠯᠳᠤᠭ᠎ᠠ ᠨᠡᠭᠡᠭᠡᠬᠦ᠂ ᠪᠠᠰᠠ ᠵᠠᠷᠢᠮ ᠨᠢ ᠳᠦᠰᠦᠪᠯᠡᠭᠴᠢ ᠤᠷᠠᠯᠠᠬᠴᠢ ᠪᠤᠯᠵᠦ᠂ ᠭᠡᠷ ᠠᠴᠠ ᠪᠠᠨ ᠭᠠᠷᠤᠯ ᠦᠬᠡᠢ ᠮᠦᠩᠬᠦ ᠵᠤᠭᠤᠰ ᠤᠯᠴᠢᠬᠠᠬᠤ ᠤᠯᠠᠨ ᠶᠠᠩᠵᠦ ᠶᠢᠨ ᠭᠤᠶᠤ ᠮᠦᠷᠦᠬᠡᠳᠦᠯ ᠪᠠᠶᠢᠯ᠎ᠠ᠃ ᠨᠢᠬᠡ ᠶᠡᠭᠡ ᠪᠠᠶᠠᠨ ᠳᠠᠩᠰᠤᠭ ᠪᠢᠰᠢ ᠴᠤ ᠳᠡᠬᠦᠨ ᠠᠴᠠ ᠢᠯᠡᠬᠦᠦ ᠲᠠᠢ ᠵᠢᠷᠭᠠᠯ ᠬᠡᠵᠦ ᠠᠯᠠᠭ᠎ᠠ᠃       ᠵᠡᠷᠬᠡᠯᠡᠳᠡᠭᠡ ᠭᠡᠷ ᠤᠨ ᠵᠠᠯᠠᠭᠤ ᠬᠦᠦ ᠠᠪᠤ ᠡᠵᠢ ᠲᠠᠢ ᠪᠠᠨ ᠬᠡᠷᠡᠯᠳᠦᠭᠰᠡᠭᠡᠷ ᠪᠠᠶᠢᠵᠦ ᠳᠤᠬᠳᠠᠪᠤᠷᠢᠳᠠᠢ ᠠᠵᠢᠯ ᠢᠶᠠᠨ ᠬᠠᠶᠠᠵᠦ ᠳᠤᠷᠠᠳᠠᠢ ᠪᠠᠨ ᠬᠢᠵᠦ ᠡᠬᠢᠯᠡᠪᠡ᠃ ᠳᠡᠮᠦᠷ ᠠᠶᠠᠭ᠎ᠠ ᠶᠢᠨ ᠴᠠᠭ ᠡᠷᠡᠨ ᠨᠢᠬᠡᠨᠳᠡ ᠦᠩᠬᠡᠷᠡᠵᠦ᠂ ᠨᠡᠶᠢᠬᠡᠮ ᠤᠨ ᠠᠵᠢᠯ ᠤᠨ ᠬᠤᠪᠢᠶᠠᠷᠢᠯᠠᠯᠳᠠ ᠳᠡᠭᠷᠢ ᠭᠠᠵᠠᠷ ᠤᠨ ᠬᠤᠪᠢᠷᠠᠯᠳᠠ ᠭᠠᠷᠤᠬᠰᠠᠨ ᠬᠡᠬᠦᠴᠢᠯᠡᠨ ᠠᠪᠤ ᠡᠵᠢ ᠳᠡᠭᠡᠨ ᠬᠢᠴᠢᠶᠡᠯ ᠤᠷᠤᠬᠰᠠᠨ ᠶᠤᠮ ᠪᠠᠶᠢᠨ᠎ᠠ᠃ ᠦᠨᠡᠬᠡᠷ ᠺᠤᠮᠫᠠᠨᠢ ᠡᠵᠡᠩᠨᠡᠵᠦ ᠤᠷᠤᠯᠭ᠎ᠠ ᠤᠯᠬᠤ ᠴᠢᠳᠠᠪᠤᠷᠢ ᠳᠡᠬᠦᠨ ᠳᠤ ᠪᠠᠶᠢᠭ᠎ᠠ ᠠᠵᠢ᠃ ᠨᠡᠭᠡᠷᠡᠨ ᠨᠡᠯᠢᠶᠡᠳ ᠮᠦᠩᠬᠦ ᠬᠤᠨᠵᠢᠪᠠ᠂ ᠬᠡᠪᠡᠴᠦ ᠵᠢᠯ ᠪᠤᠯᠤᠭᠠᠳ ᠯᠠ ᠺᠤᠮᠫᠠᠨᠢ ᠨᠢ ᠳᠠᠮᠫᠤᠷᠠᠵᠦ ᠭᠠᠭᠴᠠᠭᠠᠷ ᠦᠯᠡᠳᠡᠵᠠᠢ᠃ ᠡᠬᠢᠯᠡᠬᠡᠳ ᠳᠡᠷᠡ ᠤᠤᠯ ᠤᠨ ᠠᠵᠢᠯᠯᠠᠵᠦ ᠪᠠᠶᠢᠬᠰᠠᠨ ᠳᠠᠳᠬᠠᠯ ᠢᠶᠠᠨ ᠠᠯᠳᠠᠭ᠎ᠠ ᠦᠬᠡᠢ᠂ ᠡᠳᠦᠷ ᠪᠦᠷᠢ ᠴᠠᠬ ᠲᠠᠭᠠᠨ ᠠᠵᠢᠯᠯᠠᠵᠦ ᠠᠭᠤᠯᠵᠠᠬᠤ ᠬᠦᠮᠦᠨ ᠲᠠᠢ ᠪᠠᠨ ᠠᠭᠤᠯᠵᠠᠵᠦ ᠪᠠᠶᠢᠯ᠎ᠠ᠃ ᠵᠠᠯᠭᠠᠭᠠᠳ ᠵᠤᠭᠤᠰ ᠦᠷᠡᠵᠦ ᠳᠠᠩᠰᠤᠭ ᠠᠮᠢᠳᠤᠷᠠᠯ ᠡᠳ᠋ᠯᠡᠵᠦ ᠡᠬᠢᠯᠡᠪᠡ᠃ ᠡᠷᠳᠡ ᠪᠤᠰᠬᠤ ᠪᠠᠨ ᠪᠤᠯᠢᠵᠦ᠂ ᠪᠦᠷ ᠵᠠᠯᠬᠠᠭᠤᠷᠠᠵᠦ ᠰᠡᠬᠦᠯ ᠳᠤᠨᠢ ᠪᠤᠯᠵᠤᠬᠰᠠᠨ ᠬᠦᠮᠦᠨ ᠲᠠᠢ ᠪᠠᠨ ᠴᠤ ᠳᠤᠪᠯᠠᠬᠰᠠᠨ ᠴᠠᠭ ᠲᠠᠭᠠᠨ ᠠᠭᠤᠯᠵᠠᠬᠤ ᠪᠠᠨ ᠪᠤᠯᠢᠪᠡ᠃ ᠪᠠᠶᠢᠳᠠᠯ ᠳᠠᠭᠠᠨ ᠳᠠᠰᠴᠦ ᠴᠠᠬ ᠦᠩᠬᠡᠷᠡᠬᠡᠭᠰᠡᠬᠡᠷ ᠪᠠᠶᠢᠯ᠎ᠠ᠃ ᠬᠦᠮᠦᠰ ᠳᠡᠬᠦᠨ ᠢ ᠨᠠᠶᠢᠳᠠᠪᠤᠷᠢ ᠦᠬᠡᠢ ᠬᠡᠬᠦ ᠪᠤᠯᠤᠯ᠎ᠠ᠃ ᠤᠳᠤ ᠳᠡᠷᠡ ᠠᠵᠢᠯ ᠴᠤ ᠦᠬᠡᠢ᠂ ᠠᠶᠠᠭ᠎ᠠ ᠴᠤ ᠦᠬᠡᠢ ᠬᠡᠷ ᠤᠨ ᠪᠤᠯᠤᠩ ᠰᠠᠬᠢᠪᠠ᠃       ᠲᠡᠭᠡᠭᠡᠳ ᠳᠡᠬᠦᠨ ᠤ ᠴᠢᠯᠦᠬᠡᠳᠦ ᠠᠵᠢᠯ ᠢᠶᠠᠨ ᠰᠤᠩᠭᠤᠬᠤ ᠠᠴᠠ ᠡᠮᠦᠨᠡᠬᠢ ᠡᠨᠡ ᠬᠦ ᠰᠤᠷᠢᠯᠳᠠ ᠢᠯᠠᠬᠳᠠᠪᠠ᠃ ᠠᠮᠠᠷᠠᠵᠦ ᠪᠠᠶᠢᠬᠤ ᠳᠤᠨᠢ ᠤᠷᠬᠢᠯᠤᠨ ᠭᠠᠷᠤᠬᠰᠠᠨ ᠪᠢᠴᠢᠬᠠᠨ ᠵᠢᠷᠭᠠᠯ ᠢᠶᠠᠨ ᠳᠡᠷᠡ ᠰᠢᠮᠡᠨ ᠰᠢᠩᠬᠡᠬᠡᠵᠦ ᠴᠢᠳᠠᠬᠰᠠᠨ ᠦᠬᠡᠢ᠃       ᠵᠢᠩᠬᠢᠨᠢ ᠡᠷᠬᠡ ᠴᠢᠯᠦᠬᠡ ᠬᠡᠳᠡᠭ ᠪᠤᠯ ᠮᠠᠰᠢ ᠦᠨᠡᠳᠡᠢ ᠶᠤᠮ᠃ ᠠᠮᠢᠳᠤᠷᠠᠯ ᠢᠶᠠᠨ ᠦᠬᠡᠷᠡᠴᠢᠯᠡᠬᠦ ᠰᠶᠢᠳᠪᠦᠷᠢ ᠭᠠᠷᠭᠠᠬᠤ ᠬᠡᠪᠡᠯ ᠳᠡᠬᠦᠨ ᠳ᠋ᠠᠢ ᠵᠤᠬᠢᠴᠠᠯᠳᠤᠬᠤ ᠡᠰᠡᠬᠦ ᠪᠠᠨ ᠰᠢᠯᠭᠠᠨ ᠮᠡᠳᠡᠬᠦ ᠭᠡᠷᠡᠭ ᠲᠠᠢ ᠠᠵᠢ᠃ ᠦᠪᠡᠷ ᠢ ᠪᠠᠨ ᠢᠯᠠᠵᠦ ᠴᠢᠳᠠᠬᠤ ᠡᠰᠡᠬᠦ ᠪᠠᠨ ᠪᠠᠰᠠ ᠦᠪᠡᠷ ᠠᠴᠠ ᠪᠠᠨ ᠠᠰᠠᠭᠤᠬᠤ ᠶᠤᠮ ᠪᠠᠶᠢᠨ᠎ᠠ᠃ ᠴᠢᠩᠭ᠎ᠠ ᠰᠠᠬᠢᠯᠭ᠎ᠠ ᠲᠠᠢ ᠬᠦᠮᠦᠨ ᠯᠠ ᠪᠦᠬᠦ ᠵᠦᠢᠯ ᠢ ᠢᠯᠠᠨ᠎ᠠ᠃ ᠪᠢᠳᠡ ᠪᠤᠰᠤᠳ ᠤᠨ ᠡᠷᠬᠡ ᠴᠢᠯᠦᠬᠡ ᠪᠤᠶᠤ ᠠᠮᠵᠢᠯᠳᠠ ᠪᠠᠷ ᠪᠠᠭ᠋ᠠᠷᠬᠠᠳᠠᠭ᠃ ᠬᠡᠪᠡᠴᠦ ᠳᠡᠳᠡᠨ ᠤ ᠬᠡᠴᠢᠨᠡᠨ ᠬᠦᠴᠦ ᠬᠦᠯᠦᠰᠦ ᠤᠷᠤᠰᠬᠠᠬᠰᠠᠨ ᠢ ᠤᠮᠳᠤᠭᠠᠶᠢᠯᠠᠳᠠᠬ᠃       ᠶᠠᠭᠤ ᠬᠠᠢ ᠦᠬᠡᠢ ᠬᠠᠪᠤᠷ ᠳᠤᠪᠳᠤᠯᠤᠨ ᠢᠷᠡᠯ᠎ᠠ᠃ ᠡᠰᠡᠨᠢᠬᠦ ᠬᠠᠪᠤᠷ ᠪᠢᠳᠡᠨ ᠤ ᠠᠮᠢᠳᠤᠷᠠᠯ ᠳᠤ ᠰᠢᠨ᠎ᠠ ᠵᠦᠢᠯ ᠢ ᠵᠠᠪᠠᠯ ᠦᠭᠬᠦᠨ᠎ᠠ᠃ ᠳᠠᠯᠠᠢ ᠶᠢᠨ ᠵᠡᠷᠬᠡᠯᠭᠡᠨ ᠰᠢᠭ ᠬᠤᠭᠤᠰᠤᠨ ᠮᠦᠷᠦᠬᠡᠳᠦᠯ ᠠᠴᠠ ᠪᠠᠨ ᠰᠡᠷᠢᠶ᠎ᠠ︕ ᠵᠠᠯᠠᠭᠤ ᠶᠢᠨ ᠴᠤᠭ᠂ ᠬᠠᠶᠢᠷ᠎ᠠ ᠶᠢᠨ ᠭᠠᠯ ᠢᠶᠠᠷ ᠶᠠᠳᠠᠷᠠᠯ ᠢᠶᠠᠨ ᠮᠠᠷᠳᠠᠨ᠂ ᠬᠢᠬᠦ ᠪᠠᠨ ᠬᠢᠪᠡᠯ ᠴᠠᠬ ᠦᠶ᠎ᠠ ᠪᠢᠳᠡᠨ ᠢ ᠳᠠᠯᠠᠷᠬᠠᠨ ᠳᠤᠷᠠᠰᠬᠤ ᠪᠤᠯᠤᠨ᠎ᠠ᠂ ᠶᠠᠪᠤᠬᠰᠠᠨ ᠭᠠᠵᠠᠷ ᠢᠯᠠᠯᠳᠠ ᠪᠠᠨ ᠳᠤᠶᠠᠭᠠᠷᠠᠬᠤ ᠪᠤᠯᠤᠨ᠎ᠠ᠃ ᠰᠠᠶᠢᠰᠢᠶᠠᠯ ᠪᠤᠯ ᠵᠢᠳᠬᠦᠯ ᠤᠨ ᠬᠢ᠃ ᠴᠢᠷᠮᠠᠶᠢᠬᠰᠠᠨ ᠬᠦᠮᠦᠨ ᠭᠤᠮᠤᠳᠠᠬᠤ ᠪᠠᠷ ᠦᠬᠡᠢ᠃ ᠵᠠᠭᠤᠨ ᠬᠤᠪᠢ ᠪᠠᠷ ᠴᠢᠷᠮᠠᠶᠢᠬᠰᠠᠭᠠᠷ ᠪᠠᠶᠢᠵᠦ ᠵᠤᠷᠢᠬᠰᠠᠨ ᠵᠦᠢᠯ ᠪᠦᠳᠦᠳᠡᠭ᠃       ᠨᠢᠳᠦ ᠨᠡᠭᠡᠭᠡᠵᠦ ᠠᠨᠢᠬᠤ ᠶᠢᠨ ᠬᠤᠭᠤᠷᠤᠨᠳᠤ ᠨᠠᠷᠠ ᠰᠠᠷᠠ ᠤᠷᠴᠢᠨ᠎ᠠ᠃ ᠦᠨᠦᠳᠦᠷ ᠠᠴᠠ ᠮᠠᠷᠭᠠᠰᠢ ᠶᠢ ᠢᠯᠡᠬᠦᠦ ᠪᠤᠳᠤᠶ᠎ᠠ︕
ᠢᠷᠡᠯᠲᠡ᠄ ᠳᠤᠮᠳᠠᠳᠤ ᠤᠯᠤᠰ ᠤᠨ ᠮᠣᠩᠭᠤᠯ ᠬᠡᠯᠡᠨ ᠤ ᠰᠣᠨᠢᠨ ᠮᠡᠳᠡᠭᠡ ᠶᠢᠨ ᠰᠦᠯᠵᠢᠶ᠎ᠡ