ᠡᠯᠢᠭᠡ ᠪᠠᠨ ᠴᠡᠪᠡᠷᠯᠡᠵᠦ ᠪᠠᠶᠢᠭᠰᠠᠨ ᠤᠤ︖ | ᠡᠯᠢᠭᠡ ᠲᠠᠨᠢ ᠬᠤᠤᠷᠳᠤ ᠪᠤᠳᠠᠰ ᠢᠶᠠᠷ ᠲᠦᠬᠦᠷᠦᠭᠰᠡᠨ ᠪᠠᠶᠢᠵᠤ ᠪᠤᠯᠬᠤ ᠶᠢ ᠢᠯᠡᠳᠭᠡᠬᠦ 9 ᠰᠢᠨᠵᠢ ᠡᠯᠢᠭᠡ ᠪᠤᠯ ᠬᠦᠮᠦᠨ ᠤ ᠪᠡᠶ᠎ᠡ ᠶᠢᠨ ᠬᠠᠮᠤᠭ ᠤᠨ ᠲᠤᠮᠤ | ᠲᠤᠲᠤᠷ ᠡᠷᠬᠡᠳᠡᠨ ᠪᠦᠭᠡᠳ ᠲᠠᠭᠠᠭᠠᠪᠤᠷᠢ᠂ ᠹᠧᠷᠮᠧᠨᠲ ᠢᠯᠭᠠᠷᠠᠭᠤᠯᠵᠤ᠂ ᠬᠤᠤᠷᠠᠳᠤ ᠪᠤᠳᠠᠰ ᠢ ᠴᠡᠪᠡᠷᠯᠡᠨ ᠰᠢᠬᠦᠵᠦ᠂ ᠪᠤᠳᠠᠰ ᠤᠨ ᠰᠤᠯᠢᠯᠴᠠᠭᠠᠨ ᠳᠤ ᠴᠢᠬᠤᠯᠠ | ᠡᠬᠦᠷᠭᠡ ᠬᠦᠢᠴᠡᠳᠭᠡᠳᠡᠭ᠃ ᠭᠡᠬᠦ ᠳᠡᠭᠡᠨ ᠶᠠᠩᠵᠤ ᠪᠦᠷᠢ ᠶᠢᠨ ᠰᠢᠯᠳᠠᠭᠠᠨ ᠠᠴᠠ ᠪᠤᠯᠵᠤ ᠬᠤᠤᠷᠠᠳᠠᠢ ᠡᠯᠳᠡᠪ ᠪᠤᠳᠠᠰ ᠢᠶᠠᠷ ᠪᠤᠬᠢᠷᠳᠠᠳᠠᠭ ᠪᠠᠶᠢᠨ᠎ᠠ᠃ ᠡᠶᠢᠮᠦ | ᠦᠶ᠎ᠡ ᠳᠤ ᠡᠯᠢᠬᠡᠨ ᠳᠤ ᠢᠯᠡᠬᠦᠦ ᠶᠡᠭᠡ ᠠᠴᠢᠶᠠᠯᠠᠯ ᠪᠤᠢ ᠪᠤᠯᠬᠤ ᠤᠴᠢᠷ ᠦᠪᠡᠷ ᠤᠨ ᠡᠬᠦᠷᠭᠡ ᠪᠠᠨ ᠪᠦᠷᠢᠨ ᠬᠦᠢᠴᠡᠳᠭᠡᠵᠦ ᠴᠢᠳᠠᠬᠤ ᠦᠭᠡᠢ ᠪᠤᠯᠳᠠᠭ ᠪᠢᠯᠡ᠃ | ᠡᠯᠢᠭᠡ ᠶᠠᠮᠠᠷ ᠨᠢᠭᠡᠨ ᠪᠠᠶᠢᠳᠠᠯ ᠢᠶᠠᠷ ᠭᠡᠮᠳᠦᠭᠰᠡᠨ᠂ ᠪᠤᠷᠤᠭᠤ᠂ ᠳᠤᠳᠠᠭᠤ ᠠᠵᠢᠯᠯᠠᠵᠤ ᠪᠠᠶᠢᠭ᠎ᠠ ᠰᠢᠨᠵᠢ ᠲᠡᠮᠳᠡᠭ ᠢᠯᠡᠷᠡᠪᠡᠯ ᠲᠠᠷᠤᠢ ᠡᠮᠴᠢ ᠳᠤ ᠦᠵᠡᠬᠦᠯᠬᠦ ᠬᠡᠷᠡᠭᠲᠡᠢ᠃ | ᠢᠩᠬᠢᠭᠡᠳ ᠬᠠᠮᠤᠭ ᠤᠨ ᠲᠦᠷᠦᠬᠦᠨ ᠳᠤ ᠠᠩᠬᠠᠷᠬᠤ ᠬᠡᠷᠡᠭᠲᠡᠢ 9 ᠰᠢᠨᠵᠢ ᠲᠡᠮᠳᠡᠭ ᠢ ᠲᠠᠨ ᠳᠤ ᠲᠠᠨᠢᠯᠴᠠᠭᠤᠯᠵᠤ ᠪᠠᠶᠢᠨ᠎ᠠ᠃ | 1. ᠭᠡᠳᠡᠰᠦᠨ ᠤ ᠲᠡᠭᠡᠳᠦ ᠬᠡᠰᠡᠭ ᠢᠶᠠᠷ ᠡᠪᠡᠳᠬᠦ᠂ ᠬᠦᠨᠳᠦ ᠤᠷᠬᠢᠬᠤ᠃ | ᠬᠡᠷᠪᠡ ᠲᠠ ᠬᠡᠳᠦ ᠶᠡᠭᠡ ᠦᠭᠡᠬᠦ ᠲᠤᠰᠤ ᠲᠠᠢ ᠬᠤᠭᠤᠯᠠ ᠬᠦᠨᠡᠰᠦ ᠬᠡᠷᠡᠭᠯᠡᠳᠡᠭ ᠪᠤᠯ ᠡᠨᠡ ᠨᠢ ᠲᠠᠨ ᠤ ᠡᠯᠢᠭᠡ ᠶᠢ ᠲᠤᠮᠤᠷᠠᠬᠤ ᠳᠤ ᠬᠦᠷᠭᠡᠵᠦ ᠪᠤᠯᠤᠨ᠎ᠠ᠃ | ᠦᠷ᠎ᠡ ᠳ᠋ᠦᠩ ᠨᠢ ᠴᠡᠭᠡᠵᠢᠨ ᠤ ᠬᠡᠰᠡᠭ ᠲᠤ ᠪᠤᠯᠤᠨ ᠭᠡᠳᠡᠰᠦᠨ ᠤ ᠲᠡᠭᠡᠳᠦ ᠬᠡᠰᠡᠭ ᠲᠤ ᠲᠠᠷᠤᠯᠳᠠ ᠶᠡᠬᠡᠰᠴᠦ ᠡᠪᠡᠳᠦᠯᠳᠡ ᠵᠤᠪᠠᠭᠤᠷᠢ ᠪᠤᠢ ᠪᠤᠯᠤᠨ᠎ᠠ᠃ ᠮᠦᠨ ᠬᠡᠢ ᠪᠠᠷ | ᠲᠦᠬᠦᠷᠦᠭᠰᠡᠨ ᠬᠤᠳᠤᠭᠤᠳᠤ ᠭᠡᠳᠡᠰᠦ ᠨᠢ ᠲᠠᠨ ᠤ ᠡᠯᠢᠭᠡ ᠬᠤᠤᠷᠠᠳᠤ ᠪᠤᠳᠠᠰ ᠢᠶᠠᠷ ᠲᠦᠬᠦᠷᠴᠦ ᠪᠠᠶᠢᠭ᠎ᠠ ᠶᠢᠨ ᠨᠢᠭᠡ ᠢᠯᠡᠷᠡᠯ ᠪᠠᠶᠢᠵᠤ ᠪᠤᠯᠬᠤ ᠶᠤᠮ᠃ | 2. ᠲᠤᠲᠤᠷ᠎ᠠ ᠮᠠᠭᠤᠬᠠᠶᠢᠷᠠᠬᠤ᠃ | ᠲᠤᠲᠤᠷ᠎ᠠ ᠮᠠᠭᠤᠬᠠᠶᠢᠷᠠᠬᠤ ᠨᠢ ᠲᠡᠨ ᠤ ᠡᠯᠢᠭᠡᠨ ᠳᠤ ᠶᠠᠮᠠᠷ ᠨᠢᠭᠡ ᠵᠦᠢᠯ ᠪᠤᠯᠬᠤ ᠦᠭᠡᠢ ᠪᠠᠶᠢᠭ᠎ᠠ ᠶᠢ ᠢᠯᠡᠳᠭᠡᠬᠦ ᠪᠠᠰᠠ ᠨᠢᠭᠡ ᠰᠢᠨᠵᠢ ᠪᠠᠶᠢᠵᠤ ᠪᠤᠯᠤᠨ᠎ᠠ᠃ | ᠦᠭᠡᠬᠦ ᠲᠤᠰᠤ ᠶᠡᠬᠡᠲᠡᠢ ᠬᠦᠨᠡᠰᠦ ᠬᠡᠷᠡᠭᠯᠡᠭᠰᠡᠨ ᠤ ᠲᠠᠷᠠᠭ᠎ᠠ ᠲᠠᠨ ᠤ ᠭᠡᠳᠡᠰᠦ ᠲᠤᠲᠤᠷ ᠬᠦᠨᠳᠦᠷᠡᠬᠦ᠂ ᠲᠤᠲᠤᠷ᠎ᠠ ᠮᠠᠭᠤᠬᠠᠶᠢᠷᠠᠵᠤ ᠤᠭᠬᠢᠬᠤ᠂ ᠰᠠᠭᠤᠯᠭᠠᠬᠤ ᠵᠡᠷᠭᠡ | ᠰᠢᠨᠵᠢ ᠢᠯᠡᠷᠡᠵᠦ ᠪᠤᠯᠬᠤ ᠪᠠ ᠡᠬᠦᠨ ᠢ ᠠᠩᠬᠠᠷᠬᠤ ᠬᠡᠷᠡᠭᠲᠡᠢ᠃ | 3. ᠠᠷᠠᠰᠤ ᠮᠡᠳᠡᠷᠡᠭ ᠪᠤᠯᠬᠤ᠂ ᠨᠢᠳᠦᠨ ᠤ ᠴᠠᠭᠠᠨ ᠰᠢᠷᠠᠯᠠᠬᠤ᠃ | ᠲᠠᠨ ᠤ ᠡᠯᠢᠬᠡ ᠬᠤᠤᠷᠠᠳᠤ ᠪᠤᠳᠠᠰ ᠢᠶᠠᠷ ᠲᠦᠬᠦᠷᠴᠦ ᠪᠠᠶᠢᠭ᠎ᠠ ᠪᠤᠯ ᠲᠠᠨ ᠤ ᠠᠷᠠᠰᠤᠨ ᠳᠤ ᠶᠠᠩᠵᠤ ᠪᠦᠷᠢ ᠶᠢᠨ ᠵᠠᠭᠠᠳᠤᠭᠠᠨᠠ᠂ ᠲᠤᠤᠷᠠᠯᠳᠠ ᠵᠡᠷᠭᠡ ᠰᠢᠨᠵᠢ | ᠲᠡᠮᠳᠡᠭ ᠪᠤᠢ ᠪᠤᠯᠤᠨ᠎ᠠ᠃ ᠨᠢᠳᠦᠨ ᠤ ᠴᠠᠭᠠᠨ ᠴᠤ ᠰᠢᠷᠠᠯᠠᠵᠤ ᠪᠤᠯᠤᠨ᠎ᠠ᠃ ᠡᠨᠡ ᠨᠢ ᠴᠢᠰᠤᠨ ᠳᠠᠬᠢ ᠪᠢᠯᠢᠪᠤᠷᠢ ᠶᠢᠨ ᠬᠡᠮᠵᠢᠶ᠎ᠡ ᠬᠡᠳᠦ ᠶᠡᠭᠡ ᠪᠤᠯᠵᠤ ᠡᠯᠢᠬᠡ | ᠲᠡᠬᠦᠨ ᠢ ᠨᠢ ᠰᠢᠬᠦᠵᠦ ᠠᠶᠤᠯᠬᠦᠢ ᠨᠢᠭᠡᠳᠦᠯ ᠪᠤᠯᠭᠠᠵᠤ ᠴᠢᠳᠠᠬᠤ ᠦᠭᠡᠢ ᠪᠠᠶᠢᠭ᠎ᠠ ᠲᠠᠢ ᠬᠤᠯᠪᠤᠭᠠᠳᠠᠢ ᠶᠤᠮ᠃ | 4. ᠶᠠᠳᠠᠷᠠᠬᠤ᠂ ᠪᠡᠶ᠎ᠡ ᠰᠤᠯᠠᠷᠠᠬᠤ᠃ | ᠡᠯᠢᠭᠡᠨ ᠤ ᠶᠠᠮᠠᠷ ᠨᠢᠭᠡ ᠠᠰᠠᠭᠤᠳᠠᠯ ᠪᠤᠢ ᠪᠤᠯᠤᠭᠰᠠᠨ ᠬᠦᠮᠦᠨ ᠶᠠᠳᠠᠷᠠᠵᠤ᠂ ᠬᠤᠭᠤᠯᠠᠨ ᠤ ᠲᠤᠷᠠᠰᠢᠯ ᠦᠭᠡᠢ ᠪᠤᠯᠳᠠᠭ᠃ ᠡᠨᠡ ᠰᠢᠨᠵᠢ ᠲᠡᠮᠳᠡᠭ | ᠪᠠᠶᠢᠩᠭᠤ ᠶᠢᠨ ᠪᠤᠯᠤᠭᠰᠠᠨ᠂ ᠶᠠᠮᠠᠷ ᠨᠢᠭᠡ ᠬᠦᠨᠳᠦ ᠬᠦᠴᠢᠷ ᠠᠵᠢᠯ ᠤᠨ ᠶᠠᠳᠠᠷᠠᠭᠠᠨ ᠠᠴᠠ ᠪᠤᠯᠤᠭ᠎ᠠ ᠦᠭᠡᠢ ᠪᠤᠯ ᠡᠮᠴᠢ ᠳᠤ ᠦᠵᠡᠬᠦᠯᠬᠦ ᠬᠡᠷᠡᠭᠲᠡᠢ᠃ | 5. ᠬᠠᠯᠠᠭᠤᠷᠠᠬᠤ᠃ | ᠡᠯᠢᠬᠡ ᠲᠠᠢ ᠬᠤᠯᠪᠤᠭᠠᠳᠠᠢ ᠬᠢᠮᠤᠷᠠᠯ ᠶᠢᠨ ᠦᠶ᠎ᠡ ᠳᠤ ᠵᠠᠷᠢᠮ ᠬᠦᠮᠦᠨ ᠤ ᠭᠡᠳᠡᠰᠦ ᠡᠪᠡᠳᠴᠦ᠂ ᠮᠠᠰᠢ ᠶᠡᠭᠡ ᠶᠠᠳᠠᠷᠠᠳᠠᠭ᠃ ᠬᠡᠷᠪᠡ ᠲᠠᠨ ᠳᠤ ᠡᠶᠢᠮᠦ ᠰᠢᠨᠵᠢ | ᠲᠡᠮᠳᠡᠭ ᠪᠤᠢ ᠪᠤᠯᠪᠠᠯ ᠦᠪᠡᠷ ᠤᠨ ᠪᠡᠶ᠎ᠡ ᠶᠢᠨ ᠬᠠᠯᠠᠭᠤᠨ ᠢ ᠠᠩᠵᠠᠷᠠᠬᠤ ᠬᠡᠷᠡᠭᠲᠡᠢ᠃ ᠬᠡᠷᠪᠡ ᠬᠠᠯᠠᠭᠤᠨ ᠨᠡᠮᠡᠭᠳᠡᠭᠰᠡᠨ ᠪᠤᠯ ᠲᠠᠨ ᠤ ᠡᠯᠢᠬᠡ ᠦᠷᠪᠢᠰᠴᠦ᠂ ᠬᠠᠯᠳᠠᠪᠤᠷᠢ | ᠠᠪᠤᠭᠰᠠᠨ ᠪᠠᠶᠢᠬᠤ ᠮᠠᠭᠠᠳᠯᠠᠯ ᠲᠠᠢ ᠶᠤᠮ ᠰᠢᠦ᠃ | 6. ᠪᠤᠯᠴᠢᠩ ᠡᠪᠡᠳᠬᠦ᠃ | ᠲᠠᠨ ᠤ ᠪᠤᠯᠴᠢᠩ᠂ ᠦᠶ᠎ᠡ ᠮᠦᠴᠢ ᠪᠠᠶᠢᠩᠭᠤ ᠡᠪᠡᠳᠦᠳᠡᠭ᠂ ᠠᠷᠠᠰᠤᠨ ᠲᠡᠭᠡᠷ᠎ᠡ ᠶᠠᠯᠵᠤ ᠪᠦᠷᠢ ᠶᠢᠨ ᠬᠦᠭᠡᠷᠦᠯᠳᠡ ᠡᠬᠦᠰᠴᠦ᠂ ᠬᠦᠯ ᠬᠠᠪᠤᠯᠨᠠᠵᠤ ᠪᠠᠶᠢᠪᠠᠯ | ᠲᠠᠨ ᠤ ᠡᠯᠢᠬᠡᠨ ᠤ ᠦᠢᠯᠡ ᠠᠵᠢᠯᠯᠠᠭ᠎ᠠ ᠲᠤᠭᠤᠯᠳᠠᠵᠤ ᠪᠠᠶᠢᠭ᠎ᠠ ᠶᠢᠨ ᠰᠢᠨᠵᠢ ᠪᠠᠶᠢᠵᠤ ᠪᠤᠯᠤᠨ᠎ᠠ᠃ | 7. ᠰᠢᠭᠡᠰᠦᠨ ᠤ ᠪᠤᠯᠤᠨ ᠦᠳᠭᠡᠨ ᠤ ᠦᠩᠬᠡ ᠦᠭᠡᠷᠡᠴᠢᠯᠡᠭᠳᠡᠬᠦ᠃ | ᠲᠠᠨ ᠤ ᠰᠢᠬᠡᠰᠦ ᠢᠯᠡᠬᠦᠦ ᠬᠦᠨᠳᠦ ᠦᠩᠭᠡ ᠲᠠᠢ ᠪᠤᠯᠵᠤ᠂ ᠬᠠᠷᠢᠨ ᠦᠳᠭᠡᠨ ᠢᠯᠡᠬᠦᠦ ᠴᠠᠶᠢᠪᠤᠷ ᠲᠤᠶᠠᠭᠠᠲᠠᠢ ᠪᠤᠯᠪᠠᠯ ᠡᠯᠢᠭᠡ ᠡᠬᠦᠷᠭᠡ ᠬᠦᠢᠴᠡᠳᠭᠡᠵᠦ | ᠴᠢᠳᠠᠬᠤ ᠦᠭᠡᠢ ᠪᠠᠶᠢᠭ᠎ᠠ ᠶᠢᠨ ᠨᠢᠭᠡ ᠢᠯᠡᠷᠡᠯ ᠶᠤᠮ ᠰᠢᠦ᠃ | 8. ᠠᠷᠠᠰᠤ ᠵᠠᠭᠠᠳᠤᠨᠠᠬᠤ᠃ | ᠡᠯᠢᠭᠡᠨ ᠤ ᠦᠢᠯᠡ ᠠᠵᠢᠯᠯᠠᠭ᠎ᠠ ᠲᠤᠭᠤᠯᠳᠠᠭᠰᠠᠨ ᠠᠴᠠ ᠲᠠᠨ ᠤ ᠠᠷᠠᠰᠤ ᠶᠡᠭᠡ ᠵᠠᠭᠠᠳᠤᠨᠠᠵᠤ ᠮᠠᠭᠠᠳ ᠦᠭᠡᠢ᠃ ᠬᠤᠤᠷᠠᠳᠤ ᠪᠤᠳᠠᠰ ᠶᠡᠬᠡᠪᠡᠷ | ᠬᠤᠷᠠᠮᠳᠤᠯᠠᠭᠳᠠᠨ᠂ ᠡᠯᠢᠭᠡ ᠡᠬᠦᠷᠭᠡ ᠪᠠᠨ ᠪᠦᠷᠢᠨ ᠪᠡᠶᠡᠯᠡᠬᠦᠯᠵᠦ ᠴᠢᠳᠠᠬᠤ ᠦᠭᠡᠢ ᠦᠶ᠎ᠡ ᠳᠤ ᠬᠦᠮᠦᠨ ᠤ ᠪᠡᠶ᠎ᠡ ᠡᠶᠢᠮᠦ ᠬᠠᠷᠢᠭᠤ ᠦᠢᠯᠡᠳᠦᠯ ᠦᠵᠡᠬᠦᠯᠳᠡᠭ ᠪᠠᠶᠢᠨ᠎ᠠ᠃ | | 9. ᠴᠢᠰᠤ ᠭᠠᠷᠬᠤ᠃ | ᠡᠨᠡ ᠨᠢ ᠬᠤᠪᠤᠷ ᠲᠤᠬᠢᠶᠠᠯᠳᠤᠬᠤ ᠰᠢᠨᠵᠢ ᠪᠤᠯᠪᠠᠴᠤ ᠪᠠᠰᠠ ᠲᠤᠭᠤᠬᠤ ᠦᠭᠡᠢ ᠪᠠᠶᠢᠵᠤ ᠪᠤᠯᠬᠤ ᠦᠭᠡᠢ ᠰᠢᠨᠵᠢ᠃ ᠬᠠᠮᠠᠷ ᠠᠴᠠ ᠪᠠᠶᠢᠩᠭᠤ ᠴᠢᠰᠤ ᠭᠠᠷᠬᠤ᠂ | ᠪᠠᠶ᠎ᠠ ᠶᠢᠨ ᠠᠳᠡ ᠲᠡᠨᠳᠡ ᠶᠠᠮᠠᠷ ᠨᠢᠭᠡ ᠰᠢᠯᠳᠠᠭᠠᠨ ᠦᠭᠡᠢ ᠬᠦᠬᠡᠷᠡᠬᠦ ᠵᠡᠷᠭᠡ ᠨᠢ ᠴᠢᠰᠤ ᠨᠦᠵᠢᠷᠡᠬᠦ ᠦᠢᠯᠡ ᠶᠠᠪᠤᠴᠠ ᠲᠤᠭᠤᠯᠳᠠᠬᠤ ᠠᠴᠠ ᠪᠤᠢ ᠪᠤᠯᠬᠤ ᠪᠦᠭᠡᠳ | ᠡᠨᠡ ᠨᠢ ᠮᠦᠨ ᠯᠡ ᠡᠯᠢᠬᠡ ᠲᠠᠢ ᠬᠤᠯᠪᠤᠭᠠᠳᠠᠢ ᠪᠠᠶᠢᠵᠤ ᠪᠤᠯᠤᠨ᠎ᠠ᠃ ᠡᠯᠢᠭᠡ ᠬᠤᠤᠷᠠᠳᠤ ᠪᠤᠳᠠᠰ ᠢᠶᠠᠷ ᠲᠦᠬᠦᠷᠦᠭᠰᠡᠨ ᠶᠠᠩᠵᠤ ᠪᠦᠷᠢ ᠶᠢᠨ ᠲᠤᠬᠢᠶᠠᠯᠳᠤᠯ ᠳᠤ | ᠢᠯᠡᠷᠡᠬᠦ ᠰᠢᠨᠵᠢ ᠲᠡᠮᠳᠡᠭ ᠨᠢ ᠪᠠᠰᠠ ᠶᠠᠩᠵᠤ ᠪᠦᠷᠢ ᠪᠠᠶᠢᠳᠠᠭ᠃ ᠲᠡᠶᠢᠮᠦ ᠠᠴᠠ ᠡᠮᠴᠢ ᠳᠤ ᠦᠵᠡᠬᠦᠯᠬᠦ ᠨᠢ ᠴᠢᠬᠤᠯᠠ ᠶᠤᠮ ᠰᠢᠦ᠃ | ᠡᠯᠢᠬᠡ ᠪᠠᠨ ᠶᠠᠭᠤᠨ ᠠᠴᠠ ᠬᠠᠮᠠᠭᠠᠯᠠᠬᠤ ᠪᠤᠢ︖ | ᠡᠯᠢᠭᠡ ᠪᠤᠯ ᠬᠦᠮᠦᠨ ᠤ ᠴᠢᠰᠤ ᠶᠢ ᠶᠠᠯᠵᠤ ᠪᠦᠷᠢ ᠶᠢᠨ ᠬᠤᠤᠷᠠᠳᠤ ᠪᠤᠳᠠᠰ ᠠᠴᠠ ᠬᠠᠮᠠᠭᠠᠯᠠᠵᠤ ᠰᠢᠬᠦᠵᠦ ᠪᠠᠶᠢᠳᠠᠭ ᠰᠢᠬᠦᠯᠳᠡᠬᠦᠷ ᠶᠤᠮ᠃ ᠡᠯᠢᠬᠡᠨ ᠤ ᠤᠯᠠᠨ | ᠲᠠᠶᠢᠰᠤᠨ ᠪᠤᠢ ᠪᠦᠭᠡᠳ ᠲᠡᠳᠡᠭᠡᠷ ᠠᠴᠠ ᠡᠯᠢᠭᠡ ᠪᠠᠨ ᠬᠠᠮᠠᠭᠠᠯᠠᠵᠤ ᠪᠠᠶᠢᠬᠤ ᠬᠡᠷᠡᠭᠲᠡᠢ᠃ ᠡᠳᠡᠭᠡᠷ ᠲᠠᠶᠢᠰᠤᠨ ᠨᠢ ᠲᠤᠤᠷᠠᠬᠢ ᠵᠦᠢᠯ ᠤᠳ ᠪᠤᠯᠤᠨ᠎ᠠ︕ ᠠᠷᠢᠬᠢ | ᠳᠠᠷᠠᠰᠤ᠂ ᠦᠭᠡᠬᠦ ᠲᠤᠰᠤ ᠲᠠᠢ ᠬᠤᠭᠤᠯᠠ᠂ ᠪᠡᠶ᠎ᠡ ᠶᠢᠨ ᠬᠦᠳᠡᠯᠭᠡᠭᠡᠨ ᠲᠤᠳᠠᠭᠳᠠᠬᠤ᠂ ᠵᠢᠩ ᠬᠠᠰᠤᠬᠤ ᠶᠠᠩᠵᠤ ᠪᠦᠷᠢ ᠶᠢᠨ ᠨᠡᠮᠡᠭᠳᠡᠯ ᠬᠡᠷᠡᠭᠯᠡᠬᠦ᠂ ᠡᠪᠡᠳᠴᠢᠨ | ᠨᠠᠮᠳᠠᠭᠠᠬᠤ ᠬᠡᠷᠡᠭᠰᠡᠯ ᠬᠡᠳᠦ ᠶᠡᠭᠡ ᠪᠠᠷ ᠬᠡᠷᠡᠭᠯᠡᠬᠦ ᠵᠠᠷᠢᠮ ᠲᠦᠷᠦᠯ ᠤᠨ ᠡᠮ ᠲᠠᠷᠢᠶ᠎ᠠ᠃ ᠡᠯᠢᠬᠡ ᠡᠷᠡᠬᠦᠯ ᠪᠠᠶᠢᠬᠤ ᠳᠤ ᠲᠤᠰᠠᠳᠠᠢ ᠬᠦᠨᠡᠰᠦ᠄ ᠡᠯᠢᠬᠡ ᠡᠷᠡᠬᠦᠯ | ᠪᠠᠶᠢᠬᠤ ᠶᠢᠨ ᠲᠤᠯᠠᠳᠠ ᠤᠯᠠᠨ ᠪᠤᠷᠤᠭᠤ ᠵᠤᠷᠰᠢᠯ ᠠᠴᠠ ᠰᠠᠯᠵᠤ᠂ ︿ᠲᠠᠶᠢᠰᠤᠨ ᠨᠤᠭᠤᠳ ᠢ﹀ ᠢᠯᠠᠵᠤ᠂ ᠺᠦᠪ ᠬᠤᠭᠤᠯᠠᠯᠠᠬᠤ ᠬᠡᠷᠡᠭᠲᠡᠢ᠃ ᠲᠠᠨ ᠳᠤ ᠪᠤᠯᠤᠨ | ᠲᠠᠨ ᠤ ᠡᠯᠢᠬᠡᠨ ᠳᠤ ᠠᠰᠢᠭ ᠲᠤᠰᠠᠳᠠᠢ ᠬᠦᠨᠡᠰᠦᠨ ᠤ ᠵᠢᠭᠰᠠᠭᠠᠯᠳᠠ ᠶᠢ ᠲᠠᠨ ᠳᠤ ᠲᠠᠨᠢᠯᠴᠠᠭᠤᠯᠵᠤ ᠪᠠᠶᠢᠨ᠎ᠠ᠃ ᠬᠠᠩᠭᠠᠭᠠᠯᠳᠠᠢ ᠬᠡᠮᠵᠢᠶᠡᠨ ᠤ ᠤᠰᠤ᠂ ᠲᠠᠷᠠᠭ᠂ | ᠺᠤᠷᠺᠤᠮᠠ᠂ ᠵᠦᠭᠡᠢ ᠶᠢᠨ ᠪᠠᠯ᠂ ᠪᠦᠬᠦᠯᠢ ᠦᠷ᠎ᠡ ᠶᠢᠨ ᠺᠠᠱ ᠵᠢᠮᠢᠰ᠂ ᠵᠢᠩᠨᠡᠭᠰᠡᠨ ᠠᠯᠢᠮ᠎ᠠ᠂ ᠭᠠᠳᠠᠯᠢ᠂ ᠯᠢᠷ᠂ ᠲᠤᠭᠤᠷ᠂ ᠬᠦᠢᠯᠡᠰᠦ᠃ ᠨᠤᠭᠤᠭ᠎ᠠ᠄ ᠬᠤᠯᠤᠭᠤ᠂ | ᠯᠤᠤᠪᠠᠩ᠂ ᠬᠦᠷᠡᠩ ᠮᠠᠨᠵᠢᠨ᠂ ᠦᠩᠭᠡᠳᠦ ᠪᠠᠶᠢᠽᠠᠢ᠂ ᠲᠠ ᠡᠨᠡ ᠨᠡᠶᠢᠳᠡᠯᠡᠯ ᠢ ᠬᠠᠳᠠᠭᠠᠯᠵᠤ ᠠᠪᠤᠭᠠᠳ ᠨᠠᠶᠢᠵᠠ ᠨᠦᠬᠦᠳ ᠲᠡᠭᠡᠨ ᠬᠤᠪᠢᠶᠠᠯᠴᠠᠭᠠᠷᠠᠢ᠂ ᠡᠶᠢᠮᠦ | ᠮᠡᠳᠡᠭᠡᠯᠡᠯ ᠬᠡᠨ ᠨᠢᠭᠡᠨ ᠳᠤ ᠲᠠᠨᠢ ᠬᠡᠷᠡᠭ ᠪᠤᠯᠵᠤ ᠮᠠᠭᠠᠳ ᠦᠭᠡᠢ ᠪᠢᠯᠡ᠃ | | |