ᠬᠦᠰᠡᠬᠦᠢ ᠬᠢᠭᠡᠳ ᠬᠦᠷᠬᠦᠢ ᠶᠢᠨ ᠵᠠᠢ ᠳᠤ ᠲᠡᠮᠡᠦᠯᠦᠯ ᠪᠤᠢ
ᠨᠡᠶᠢᠲᠡᠯᠡᠭᠰᠡᠨ ᠴᠠᠭ᠄
2025/5/19
      ᠤᠷᠴᠢᠮᠬᠠᠨ ᠰᠦᠯᠵᠢᠶᠡᠨ ᠵᠢᠷᠳᠢᠨᠴᠤ ᠶᠢ ᠨᠢᠭᠡᠨ ᠮᠤᠩᠭᠤᠯ ᠮᠤᠷᠢ ᠲᠤᠷᠭᠢᠭᠤᠯᠤᠭᠰᠠᠨ᠃ ᠪᠠᠷᠠᠭᠤᠨ ᠦᠵᠦᠮᠦᠴᠢᠨ ᠬᠤᠰᠢᠭᠤᠨ ᠤ ᠬᠤᠭᠤᠯᠠᠳᠤ ᠶᠢᠨ ᠭᠤᠤᠯ ᠪᠠᠯᠭᠠᠰᠤ ᠶᠢᠨ ᠪᠠᠶ᠋ᠬᠠᠦ᠋ᠨᠳᠦᠷ ᠭᠠᠴᠠᠭ᠎ᠠ ᠶᠢᠨ ᠮᠠᠯᠴᠢᠨ ᠲᠡᠭᠵᠢᠷᠡᠬᠦ ᠶᠢᠨ ᠰᠠᠷ᠎ᠠ ᠶᠢᠨ ᠡᠮᠦᠨ᠎ᠡ ᠬᠤᠳᠠᠯᠳᠤᠭᠰᠠᠨ ᠨᠢᠭᠡᠨ ᠮᠤᠷᠢ ᠭᠤᠷᠪᠠᠨ ᠵᠠᠭᠤ ᠭᠠᠷᠤᠢ ᠭᠠᠵᠠᠷ ᠤᠨ ᠠᠯᠤᠰ ᠠᠴᠠ ᠨᠤᠲᠤᠭ ᠲᠠᠭᠠᠨ ᠪᠤᠴᠠᠭᠠᠳ ᠢᠷᠡᠵᠡᠢ᠃ ᠠᠮᠢᠳᠤᠷᠠᠯ ᠤᠨ ᠡᠷᠭᠡ ᠪᠠᠷ ᠬᠤᠳᠠᠯᠳᠤᠭᠰᠠᠨ ᠠᠳᠤᠭᠤ ᠨᠢ ᠪᠤᠴᠠᠭᠠᠳ ᠢᠷᠡᠬᠦ ᠪᠠᠷ ᠡᠵᠡᠨ ᠨᠢ ᠪᠤᠯᠤᠭᠰᠠᠨ ᠮᠠᠯᠴᠢᠨ ᠲᠤᠭᠳᠤᠯᠬᠤ ᠶᠢᠨ ᠡᠷᠭᠡ ᠪᠠᠷ ᠪᠡᠯᠴᠢᠭᠡᠷ ᠲᠡᠭᠡᠷ᠎ᠡ ᠪᠠᠨ ᠴᠢᠯᠦᠭᠡᠳᠡᠢ ᠲᠠᠪᠬᠢᠭ᠎ᠠ ᠮᠤᠷᠢ ᠪᠠᠨ ᠰᠡᠭᠦᠳᠡᠷᠯᠡᠭᠡᠳ ᠰᠦᠯᠵᠢᠶᠡᠨ ᠲᠡᠭᠡᠷ᠎ᠡ ᠨᠡᠶᠢᠳᠡᠯᠡᠵᠡᠢ᠃       ᠪᠢᠴᠢᠯᠭᠡ ᠨᠡᠶᠢᠳᠡᠯᠡᠭᠳᠡᠮᠡᠭᠴᠡ ᠰᠦᠯᠵᠢᠶᠡᠴᠢᠳ ᠤᠨ ᠠᠩᠬᠠᠷᠤᠯ ᠳᠤ ᠬᠦᠷᠴᠦ᠂ ᠡᠯ᠎ᠡ ᠲᠤᠮᠤ ᠵᠠᠭᠤᠴᠢᠯᠠᠭᠤᠷ ᠰᠢᠯᠵᠢᠭᠦᠯᠦᠨ ᠨᠡᠶᠢᠳᠡᠯᠡᠭᠡᠳ ᠬᠦᠯᠢᠶᠡᠨ ᠠᠪᠴᠤ ᠦᠵᠡᠭᠰᠡᠨ ᠬᠦᠮᠦᠨ ᠤ ᠲᠤᠭ᠎ᠠ ᠳ᠋ᠦ᠋ᠩᠰᠢᠭᠤᠷ ᠢ ᠲᠠᠪᠠᠯ᠎ᠠ ᠭᠡᠵᠦ ᠰᠢᠯᠢ ᠶᠢᠨ ᠭᠤᠤᠯ ᠤᠨ ᠬᠠᠮ ᠵᠠᠭᠤᠴᠢᠯᠠᠭᠤᠷ ᠤᠨ ᠲᠦᠪ ᠤᠨ ᠬᠢᠨ ᠮᠡᠳᠡᠭᠡᠯᠡᠵᠦ ᠪᠠᠶᠢᠭᠰᠠᠨ᠃ ᠶᠠᠭᠠᠬᠢᠭᠠᠳ ᠡᠪ ᠡᠩ ᠤᠨ ᠨᠢᠭᠡᠨ ᠮᠤᠷᠢᠨ ᠤ ᠨᠤᠲᠤᠭ ᠲᠠᠭᠠᠨ ᠬᠠᠷᠢᠵᠦ ᠢᠷᠡᠭᠰᠡᠨ ᠲᠤᠬᠠᠢ ᠮᠡᠳᠡᠭᠡᠯᠡᠯ ᠢᠩᠬᠢᠳᠡᠯ᠎ᠡ ᠪᠠᠨ ᠬᠦᠮᠦᠰ ᠤᠨ ᠠᠩᠬᠠᠷᠤᠯ ᠢ ᠳᠠᠳᠠᠴᠢᠬᠠᠪᠠ⁈       ᠮᠤᠩᠭᠤᠯ ᠮᠤᠷᠢᠨ ᠤ ᠭᠠᠵᠠᠷᠴᠢ᠂ ᠨᠤᠲᠤᠭᠴᠢ᠂ ᠵᠤᠷᠢᠭᠰᠠᠨ ᠳᠠᠭᠠᠨ ᠬᠦᠷᠬᠦ ᠦᠭᠡᠢ ᠪᠤᠯ ᠵᠤᠭᠰᠤᠳᠠᠭ ᠦᠭᠡᠢ ᠴᠤᠴᠠᠰᠢ ᠦᠭᠡᠢ ᠲᠡᠮᠡᠦᠯᠬᠦ ᠵᠤᠷᠢᠭ ᠰᠠᠨᠠᠭ᠎ᠠ ᠬᠦᠮᠦᠰ ᠤᠨ ᠰᠡᠳᠬᠢᠯ ᠢ ᠲᠤᠭᠳᠤᠯᠤᠭᠤᠯᠤᠭᠰᠠᠨ ᠪᠤᠯᠤᠯᠳᠠᠢ᠃ ᠮᠤᠩᠭᠤᠯ ᠮᠤᠷᠢᠨ ᠤ ᠡᠶᠢᠮᠦᠷᠬᠦᠦ ᠨᠤᠲᠤᠭ ᠲᠠᠭᠠᠨ ᠪᠤᠴᠠᠭᠰᠠᠨ ᠦᠯᠢᠭᠡᠷ ᠴᠦᠭᠡᠨ ᠪᠤᠰᠤ᠃ ᠤᠨᠠᠭᠰᠠᠨ ᠨᠤᠲᠤᠭ ᠤᠨ ᠢᠶᠠᠨ ᠰᠢᠷᠤᠢ ᠲᠡᠭᠡᠷ᠎ᠡ ᠵᠤᠭᠰᠤᠭ᠎ᠠ ᠪᠠᠷ ᠢᠶᠠᠨ ᠦᠬᠦᠬᠦ ᠨᠢ ᠮᠤᠩᠭᠤᠯ ᠮᠤᠷᠢᠨ ᠤ ᠲᠡᠭᠷᠢ ᠳᠤ ᠡᠷᠭᠦᠭᠰᠡᠨ ᠲᠠᠩᠭᠠᠷᠢᠭ ᠴᠦ ᠭᠡᠮᠡᠷ᠃ ᠮᠠᠯᠴᠢᠨ ᠲᠡᠭᠵᠢᠷᠡᠬᠦ ᠶᠢᠨ ᠲᠡᠷᠡ ᠮᠤᠷᠢ ᠨᠤᠲᠤᠭ ᠲᠠᠭᠠᠨ ᠪᠤᠴᠠᠨ ᠢᠷᠡᠭᠡᠳ ᠤᠤᠭᠤᠵᠦ ᠲᠠᠳᠤᠭᠰᠠᠨ ᠤᠩᠭᠤᠴᠠ ᠠᠴᠠ ᠪᠠᠨ ᠤᠰᠤ ᠤᠤᠭᠤᠵᠦ ᠪᠠᠶᠢᠭᠰᠠᠨ ᠪᠢᠴᠢᠯᠭᠡ ᠶᠢ ᠬᠠᠷᠠᠭᠠᠳ ᠪᠢ ᠴᠦ ᠭᠡᠰᠡᠨ ᠦᠪᠡᠷ ᠤᠨ ᠡᠷᠭᠡ ᠦᠭᠡᠢ ᠨᠢᠯᠪᠤᠰᠤ ᠪᠦᠮᠪᠦᠷᠢᠬᠦᠯᠦᠭᠰᠡᠨ᠃ ᠭᠡᠳᠦᠨ ᠵᠠᠭᠤᠨ ᠤ ᠭᠠᠵᠠᠷ ᠠᠴᠠ ᠲᠦᠷᠦᠭᠰᠡᠨ ᠨᠤᠲᠤᠭ ᠲᠠᠭᠠᠨ ᠪᠤᠴᠠᠬᠤ ᠪᠠᠷ ᠬᠦᠰᠡᠨ ᠲᠡᠮᠡᠦᠯᠦᠭᠡᠳ᠂ ᠬᠦᠴᠢᠷ ᠪᠡᠷᠭᠡ ᠠᠶᠤᠯ ᠪᠠᠷᠳᠠᠭ᠎ᠠ ᠪᠦᠬᠦᠨ ᠢ ᠲᠤᠭᠤᠯᠵᠦ᠂ ᠪᠦᠬᠦ ᠪᠡᠶ᠎ᠡ ᠨᠢ ᠰᠢᠷᠬ᠎ᠠ ᠰᠤᠷᠪᠢ ᠪᠠᠷ ᠲᠦᠬᠦᠷᠡᠭᠰᠡᠨ ᠴᠦ᠂ ᠲᠦᠷᠦᠭᠰᠡᠨ ᠨᠤᠲᠤᠭ ᠤᠨ ᠢᠶᠠᠨ ᠬᠠᠯᠠᠭᠤᠨ ᠬᠦᠷᠦᠰᠦᠨ ᠲᠡᠭᠡᠷ᠎ᠡ ᠲᠤᠭᠯᠠᠨ ᠲᠠᠪᠬᠢᠵᠦ᠂ ᠷᠠᠰᠢᠶᠠᠨ ᠤᠰᠤᠨ ᠠᠴᠠ ᠪᠠᠨ ᠬᠤᠪᠳᠤᠭᠯᠠᠨ ᠤᠤᠭᠤᠵᠦ ᠪᠠᠶᠢᠭᠰᠠᠨ ᠲᠡᠷᠡ ᠬᠦ ᠵᠤᠷᠢᠭᠰᠠᠨ ᠳᠠᠭᠠᠨ ᠬᠦᠷᠴᠦ ᠴᠢᠳᠠᠭᠰᠠᠨ ᠵᠢᠷᠭᠠᠯᠳᠠᠢ ᠲᠦᠷᠢ ᠮᠤᠩᠭᠤᠯ ᠮᠤᠷᠢᠨ ᠤ ᠰᠦᠯᠳᠡ ᠬᠡᠶᠢᠮᠤᠷᠢ ᠶᠢ ᠶᠠᠭᠠᠬᠢᠬᠤ ᠶᠢᠨ ᠠᠷᠭ᠎ᠠ ᠦᠭᠡᠢ ᠱᠤᠭᠤᠵᠠᠢ᠃ ᠬᠦᠰᠡᠬᠦ ᠬᠢᠭᠡᠳ ᠬᠦᠷᠬᠦ ᠶᠢᠨ ᠵᠠᠢ ᠶᠢ ᠲᠡᠮᠦᠷ ᠲᠤᠭᠤᠷᠠᠢ ᠪᠠᠷ ᠢᠶᠠᠨ ᠲᠤᠪᠴᠢᠯᠠᠵᠦ ᠴᠢᠳᠠᠭᠰᠠᠨ ᠮᠤᠩᠭᠤᠯ ᠮᠤᠷᠢᠨ ᠤ ᠲᠡᠮᠡᠦᠯᠦᠯ ᠤᠨ ᠵᠤᠷᠢᠭ ᠶᠠᠭᠠᠬᠢᠭᠰᠠᠨ ᠪᠠᠭ᠋ᠠᠳᠤᠯᠳᠠᠢ ᠪᠢᠯᠡ︕       ︽ᠦᠯᠦᠭᠡᠢ ᠠᠴᠠ ᠠᠪᠰᠠ ᠬᠦᠷᠳᠡᠯᠡᠬᠢ ᠵᠠᠢ ᠶᠢ ᠠᠮᠢᠳᠤᠷᠠᠯ ᠭᠡᠳᠡᠭ︾ ᠭᠡᠵᠦ ᠨᠢᠭᠡᠨ ᠰᠢᠯᠦᠭᠴᠢ ᠰᠢᠯᠦᠭᠯᠡᠵᠦ ᠪᠠᠶᠢᠭᠰᠠᠨ᠃ ᠬᠠᠷᠢᠨ ᠠᠮᠢᠳᠤᠷᠠᠯ ᠭᠡᠳᠡᠭ ᠦᠨᠡᠨᠳᠡᠭᠡᠨ ᠬᠦᠰᠡᠭᠰᠡᠨ ᠬᠦᠰᠡᠯ ᠢᠶᠠᠨ ᠪᠡᠶᠡᠯᠡᠬᠦᠯᠬᠦ ᠶᠢᠨ ᠲᠦᠯᠦᠭᠡ ᠨᠢᠭᠡᠨ ᠦᠵᠦᠭᠦᠷᠳᠤ ᠰᠡᠳᠬᠢᠯ ᠢᠶᠠᠷ ᠲᠡᠮᠡᠦᠯᠬᠦ ᠲᠡᠮᠡᠦᠯᠦᠯ ᠲᠡᠳᠦᠢ᠃ ᠬᠦᠰᠡᠭᠰᠡᠨ ᠳᠡᠭᠡᠨ ᠬᠦᠷᠴᠦ ᠲᠡᠶᠢᠯᠦᠭᠰᠡᠳ ᠪᠤᠢ᠂ ᠬᠦᠷᠴᠦ ᠡᠰᠡ ᠲᠡᠶᠢᠯᠦᠭᠰᠡᠳ ᠴᠦ ᠮᠤᠩ ᠦᠭᠡᠢ᠃ ᠡᠨᠡ ᠬᠤᠶᠠᠷ ᠤᠨ ᠵᠦᠷᠢᠶ᠎ᠡ ᠨᠢ ᠲᠠᠷᠤᠢ ︽ᠲᠡᠮᠡᠦᠯᠦᠯ︾᠃ ᠪᠤᠳᠠᠭᠠᠯᠢ ᠴᠤᠭᠴᠠ ᠪᠤᠶᠤ ᠪᠦᠯᠦᠭ ᠴᠤᠭᠴᠠ ᠭᠡᠰᠡᠨ ᠦᠭᠡᠢ ᠪᠦᠷ ᠠᠳᠠᠯᠢᠬᠠᠨ᠃       ︽ᠬᠦᠮᠦᠨ ᠲᠦᠷᠦᠯᠬᠢᠳᠡᠨ ᠳᠤ ᠵᠤᠯ ᠵᠢᠷᠭᠠᠯ ᠡᠳ᠋ᠯᠡᠬᠦᠯᠬᠦ︾ ᠬᠦᠰᠡᠯ ᠢᠶᠠᠷ ᠪᠢᠳᠠ ᠬᠠᠯᠠᠭᠤᠨ ᠠᠮᠢ ᠪᠠᠨ ᠦᠷᠡᠭᠳᠡᠬᠦᠯᠵᠦ᠂ ᠪᠦᠯᠢᠶᠡᠨ ᠴᠢᠰᠤ ᠪᠠᠨ ᠤᠷᠤᠰᠬᠠᠨ ᠪᠠᠶᠢᠵᠦ᠂ ᠠᠭᠤᠤ ᠶᠡᠭᠡ ᠰᠢᠨ᠎ᠡ ᠲᠤᠮᠳᠠᠳᠤ ᠤᠯᠤᠰ ᠢᠶᠠᠨ ᠲᠤᠷᠤᠨᠠᠳᠠᠬᠢᠨ ᠳᠤ ᠰᠦᠨᠳᠡᠷᠯᠡᠬᠦᠯᠦᠯ᠎ᠡ︔ ᠵᠠᠯᠭᠠᠭᠠᠳ ᠴᠢᠨᠡᠭᠡᠯᠢᠭ ᠨᠡᠶᠢᠭᠡᠮ ᠢ ᠪᠠᠶᠢᠭᠤᠯᠤᠯ᠎ᠠ︔ ᠲᠠᠬᠢᠭᠠᠳ ᠲᠤᠮᠳᠠᠳᠤ ᠤᠯᠤᠰ ᠤᠨ ᠮᠠᠶ᠋ᠢᠬ ᠤᠨ ᠤᠳᠤᠬᠢᠴᠢᠯᠠᠯᠳᠠ ᠶᠢ ᠪᠡᠶᠡᠯᠡᠬᠦᠯᠬᠦ ᠰᠢᠨ᠎ᠠ ᠠᠶᠠᠨ ᠳᠠᠭᠠᠨ ᠡᠷᠡᠮᠡᠬᠡᠶᠢᠯᠡᠨ ᠲᠡᠮᠡᠦᠯᠵᠦ ᠪᠠᠶᠢᠨ᠎ᠠ᠃ ᠬᠦᠰᠡᠬᠦ ᠬᠢᠭᠡᠳ ᠬᠦᠷᠬᠦ ᠶᠢᠨ ᠵᠠᠢ ᠶᠢ ︽ᠮᠤᠩᠭᠤᠯ ᠮᠤᠷᠢᠨ ᠤ ᠵᠤᠷᠢᠭ ᠰᠠᠨᠠᠭ᠎ᠠ︾ ᠪᠠᠷ ᠲᠤᠪᠴᠢᠯᠠᠨ ᠲᠡᠮᠡᠦᠯᠪᠡᠰᠦ ᠬᠦᠷᠴᠦ ᠦᠯᠦ ᠲᠡᠶᠢᠯᠬᠦ ᠢᠷᠡᠭᠡᠳᠦᠢ ᠭᠡᠵᠦ ᠠᠯᠠᠭ᠎ᠠ᠃
ᠢᠷᠡᠯᠲᠡ᠄ ᠳᠤᠮᠳᠠᠳᠤ ᠤᠯᠤᠰ ᠤᠨ ᠮᠣᠩᠭᠤᠯ ᠬᠡᠯᠡᠨ ᠤ ᠰᠣᠨᠢᠨ ᠮᠡᠳᠡᠭᠡ ᠶᠢᠨ ᠰᠦᠯᠵᠢᠶ᠎ᠡ