ᠬᠡᠦᠭᠡᠳ ᠢᠶᠠᠨ ᠤᠷᠮ᠎ᠠ ᠪᠠᠷ ᠲᠡᠳᠭᠦᠶ᠎ᠠ
ᠨᠡᠶᠢᠲᠡᠯᠡᠭᠰᠡᠨ ᠴᠠᠭ᠄
2025/5/22
      ᠲᠦᠪ ᠲᠧᠯᠸᠢᠰ ᠤᠨ ᠰᠦᠯᠵᠢᠶ᠎ᠠ ᠪᠠᠷ ᠰᠠᠴᠤᠭᠳᠠᠭᠰᠠᠨ ︽ᠪᠠᠭᠰᠢ ᠶᠢᠨ ᠵᠤᠷᠢᠠᠠᠵᠢᠭᠤᠯᠤᠯ ᠠᠴᠠ ᠬᠡᠦᠭᠡᠳ ᠤᠨ ᠨᠢᠳᠤ ᠤᠯᠠᠮ ᠭᠡᠷᠡᠯᠳᠡᠢ ᠴᠤᠭᠳᠠᠢ ᠪᠤᠯᠤᠯ᠎ᠠ︾ ᠬᠡᠮᠡᠬᠦ ᠤᠬᠤᠷ ᠪᠢᠴᠢᠯᠭᠡ ᠶᠢ ᠬᠠᠷᠠᠭᠠᠳ ᠦᠪᠡᠷ ᠤᠨ ᠡᠷᠭᠡ ᠦᠭᠡᠢ ᠰᠡᠳᠭᠢᠯ ᠲᠤᠭᠳᠤᠯᠵᠤ ᠪᠢᠯᠡ᠃ ᠮᠠ ᠤᠪᠤᠭᠳᠤ ᠪᠠᠭᠰᠢ ᠶᠢᠨ ᠬᠡᠦᠭᠡᠳ ᠪᠤᠯᠭᠠᠨ ᠤ ᠤᠨᠴᠠᠯᠢᠭ ᠲᠤ ᠲᠤᠬᠢᠷᠠᠭᠤᠯᠤᠨ ᠪᠢᠴᠢᠭᠰᠡᠨ ᠵᠢᠵᠢᠭᠭᠡᠨ ᠬᠠᠭᠤᠳᠠᠰᠤᠨ ᠳᠤ ᠪᠠᠭᠰᠢ ᠶᠢᠨ ᠦᠷᠦᠪᠴᠢ ᠬᠠᠶᠢᠷ᠎ᠠ᠂ ᠨᠠᠨᠳᠢᠨ ᠵᠠᠬᠢᠶ᠎ᠠ ᠰᠢᠩᠭᠡᠬᠦ ᠶᠢᠨ ᠬᠠᠮᠳᠤ ᠵᠤᠷᠢᠠᠠᠵᠢᠭᠤᠯᠤᠯ ᠤᠨ ᠬᠠᠭᠤᠳᠠᠰᠤ ᠲᠤᠰᠤᠭᠰᠠᠨ ᠬᠡᠦᠭᠡᠳ ᠤᠨ ᠭᠡᠨᠡᠨ ᠴᠠᠶᠢᠯᠭᠠᠨ ᠮᠦᠰᠢᠶᠡᠳᠤ᠂ ᠴᠤᠭᠳᠠᠢ ᠬᠢᠯᠠᠯᠵᠠᠬᠤ ᠬᠠᠷᠠᠴᠠ ᠠᠴᠠ ᠪᠠᠭᠰᠢ ᠶᠢᠨ ᠬᠡᠮᠨᠡᠵᠦ ᠬᠡᠯᠡᠭᠰᠡᠨ ᠦᠭᠡ ᠶᠢᠨ ᠬᠢᠨᠢ ᠦᠨ᠎ᠠ ᠴᠠᠨ᠎ᠠ ᠲᠤᠳᠤᠷᠠᠵᠤ᠂ ᠬᠠᠶᠢᠷ᠎ᠠ ᠬᠠᠯᠠᠮᠵᠢ ᠪᠠ ᠢᠳᠡᠪᠬᠢ ᠬᠦᠴᠦᠨ ᠢᠯᠡᠨ ᠲᠠᠯᠠᠨ ᠦᠭᠡᠢ ᠲᠠᠮᠵᠢᠭᠤᠯᠤᠭᠳᠠᠵᠠᠢ᠃       ᠦᠭᠡ ᠡᠨᠧᠷᠭᠢ ᠲᠠᠢ᠃ ᠵᠠᠷᠢᠮ ᠳᠠᠭᠠᠨ ᠨᠢᠭᠡᠯᠡ ᠦᠭᠡ ᠨᠢ ᠬᠦᠮᠦᠨ ᠤ ᠨᠢᠭᠡ ᠨᠠᠰᠤ ᠶᠢ ᠬᠤᠪᠢᠷᠠᠭᠤᠯᠵᠤ᠂ ᠨᠢᠭᠡᠯᠡ ᠶᠠᠪᠤᠳᠠᠯ ᠨᠢ ᠬᠦᠮᠦᠨ ᠤ ᠨᠢᠭᠡ ᠨᠠᠰᠤ ᠶᠢ ᠲᠤᠭᠳᠠᠭᠠᠳᠠᠭ ᠤᠴᠢᠷᠳᠠᠢ᠃ ᠭᠡᠬᠦ ᠳᠤ ᠤᠷᠮᠠᠰᠢᠭᠤᠯᠤᠯ ᠵᠤᠷᠢᠠᠠᠵᠢᠭᠤᠯᠤᠯ ᠤᠨ ᠦᠭᠡ ᠪᠤᠶᠤ ᠦᠨᠡᠨ ᠵᠢᠷᠦᠭᠡᠨ ᠠᠴᠠ ᠤᠨᠳᠤᠷᠤᠭᠰᠠᠨ ᠢᠨᠢᠶᠡᠮᠰᠦᠭᠯᠡᠯ ᠠᠴᠠ ᠴᠠᠭᠠᠳᠤᠬᠢ ᠴᠢᠨᠢ ᠡᠷᠴᠢ ᠬᠦᠴᠦᠨ ᠤᠯᠵᠤ᠂ ᠢᠳᠡᠭᠡᠯ ᠵᠤᠷᠢᠭ ᠨᠢ ᠬᠦᠪᠴᠢᠯᠡᠭᠳᠡᠨ᠂ ᠰᠠᠨᠠᠵᠤ ᠰᠠᠷᠪᠠᠶᠢᠭᠰᠠᠨ ᠬᠦᠰᠡᠯ ᠤᠨ ᠦᠨᠳᠦᠷ ᠲᠡᠭᠡᠨ ᠬᠦᠷᠳᠡᠭ ᠤᠴᠢᠷᠳᠠᠢ︕ ᠡᠭᠦᠨ ᠤ ᠡᠰᠡᠷᠬᠦ ᠪᠠᠷ ᠬᠡᠨ ᠨᠢᠭᠡᠨ ᠢᠶᠠᠨ ᠬᠠᠷᠠᠳᠠᠵᠤ ᠲᠠᠮᠤᠯᠵᠤ ᠶᠠᠷᠢᠭᠰᠠᠨ ᠦᠭᠡ ᠶᠠᠷᠢᠶ᠎ᠠ ᠪᠤᠶᠤ ᠬᠤᠪ ᠵᠢᠪ ᠠᠴᠠ ᠪᠤᠯᠵᠤ ᠴᠠᠭᠠᠳᠤᠬᠢ ᠴᠢᠨᠢ ᠰᠡᠳᠭᠢᠯ ᠤᠨ ᠰᠢᠨᠠᠯᠭᠠᠯ ᠳᠤ ᠤᠨᠠᠵᠤ ᠤᠷᠤᠭᠤ ᠲᠠᠪᠢᠯᠠᠩ ᠲᠤᠬᠢᠶᠠᠳᠠᠭ ᠨᠢ ᠴᠦ ᠪᠤᠢ᠃       ᠨᠡᠩ ᠴᠦ ᠬᠡᠦᠭᠡᠳ ᠨᠠᠰᠤ ᠭᠡᠵᠦ ᠬᠦᠨᠳᠡᠭᠳᠡᠭᠡ ᠦᠭᠡᠢ ᠴᠠᠭᠠᠨ ᠴᠠᠰᠤ᠂ ᠭᠬᠢᠷᠳᠦᠬᠡ ᠦᠭᠡᠢ ᠴᠠᠭᠠᠨ ᠴᠠᠭᠠᠰᠤ ᠠᠵᠢ᠃ ᠠᠪᠤ ᠡᠵᠢ ᠶᠢᠨ ᠬᠠᠶᠢᠷ᠎ᠠ ᠤᠷᠮᠠᠰᠢᠭᠤᠯᠤᠯ ᠪᠤᠯ ᠬᠡᠦᠭᠡᠳ ᠤᠨ ᠬᠠᠮᠤᠭ ᠤᠨ ᠰᠠᠶᠢᠨ ᠰᠡᠳᠭᠢᠯ ᠤᠨ ᠰᠢᠮ᠎ᠠ ᠲᠡᠵᠢᠭᠡᠯ ᠪᠤᠯᠬᠤ ᠶᠤᠮ᠃ ᠦᠩᠭᠡᠳᠡᠨ ᠢ ᠡᠮᠦᠰᠦᠭᠦᠯᠵᠦ᠂ ᠠᠮᠳᠠᠳᠠᠨ ᠢ ᠢᠳᠡᠭᠦᠯᠵᠦ᠂ ᠢᠵᠠᠭᠤᠷᠳᠠᠨ ᠤ ᠰᠤᠷᠭᠠᠭᠤᠯᠢ ᠳᠤ ᠬᠦᠷᠭᠡᠪᠡᠯ ᠬᠡᠦᠭᠡᠳ ᠤᠨ ᠢᠳᠡᠭᠡᠯ ᠢ ᠱᠤᠭᠤᠴᠢᠬᠠᠬᠤ ᠪᠢᠰᠢ᠂ ᠬᠠᠷᠢᠨ ᠲᠡᠳᠡ ᠦᠪᠡᠷ ᠢ ᠪᠠᠨ ᠢᠯᠡᠷᠭᠡᠶᠢᠯᠡᠬᠦ ᠦᠶᠡᠰ ᠰᠡᠳᠭᠢᠯ ᠲᠠᠯᠪᠢᠨ ᠰᠤᠨᠤᠰᠴᠤ᠂ ᠢᠯᠠᠭᠳᠠᠨ ᠪᠦᠳᠦᠴᠢᠬᠦ ᠦᠶᠡᠰ ᠡᠯᠢᠭᠡᠨ ᠳᠡᠭᠡᠨ ᠲᠡᠪᠡᠷᠢᠵᠦ ᠡᠩᠭᠦᠷᠡᠶᠢᠯᠡᠨ᠂ ᠶᠠᠮᠠᠷ ᠨᠢᠭᠡᠨ ᠵᠦᠢᠯ ᠳᠤ ᠡᠷᠡᠭᠡᠯᠵᠡᠨ ᠰᠶᠢᠳᠪᠦᠷᠢ ᠠᠪᠴᠤ ᠲᠠᠶᠢᠯᠬᠦ ᠦᠭᠡᠢ ᠦᠶᠡᠰ ︽ᠬᠠᠮᠢᠶ᠎ᠠ ᠦᠭᠡᠢ᠂ ᠴᠢ ᠲᠤᠷᠰᠢᠵᠤ ᠪᠤᠯᠤᠨ᠎ᠠ︾ ᠬᠡᠮᠡᠬᠦ ᠬᠡᠳᠦᠭᠡᠨ ᠦᠭᠡ ᠴᠢᠨᠢ ᠲᠡᠳᠡᠨ ᠳᠤ ᠬᠢᠵᠠᠭᠠᠯᠠᠰᠢ ᠦᠭᠡᠢ ᠬᠦᠴᠦᠨ ᠵᠤᠷᠢᠭ ᠤᠯᠭᠤᠬᠤ ᠪᠤᠯᠤᠨ᠎ᠠ᠃ ᠠᠪᠤ ᠡᠵᠢ ᠮᠢᠨᠢ ᠨᠠᠮ᠎ᠠ ᠶᠢ ᠢᠳᠡᠭᠡᠳᠡᠭ᠂ ᠪᠢ ᠢᠯᠠᠭᠳᠠᠭᠰᠠᠨ ᠴᠦ ᠲᠡᠳᠡ ᠨᠠᠮ᠎ᠠ ᠶᠢ ᠱᠤᠤᠯᠠᠵᠤ ᠲᠠᠷᠤᠮᠳᠠᠬᠤ ᠪᠠᠷ ᠦᠭᠡᠢ ᠬᠡᠮᠡᠬᠦ ᠲᠦᠷᠦᠭᠳᠡᠯ ᠲᠠᠢ ᠪᠤᠯᠬᠤ ᠦᠶᠡᠰ ᠬᠡᠦᠭᠡᠳ ᠰᠠᠶ᠋ᠢ ᠲᠤᠳᠤᠷ ᠲᠠᠮᠢᠷ ᠲᠠᠢ ᠮᠦᠷᠳᠡᠭᠡᠨ ᠤᠶᠠᠨ ᠵᠦᠭᠡᠯᠡᠨ ᠦᠪᠡᠷ ᠪᠢ ᠪᠤᠯᠵᠤ ᠬᠦᠮᠦᠵᠢᠭᠳᠡᠨ ᠪᠤᠶᠢᠵᠢᠳᠠᠭ ᠢ ᠡᠷᠳᠡᠨ ᠡᠳᠦᠭᠡ ᠲᠤᠳᠤᠭᠠᠳᠤ ᠭᠠᠳᠠᠭᠠᠳᠤ ᠶᠢᠨ ᠠᠯᠢ ᠤᠯᠠᠨ ᠦᠯᠢᠭᠡᠷ ᠵᠢᠱᠢᠶ᠎ᠠ ᠭᠡᠷᠡᠴᠢᠯᠡᠨ᠎ᠠ᠃       ᠲᠤᠳᠤᠭᠠᠳᠤ ᠰᠡᠳᠭᠢᠯ ᠨᠢ ᠬᠡᠷᠡᠯᠳᠦᠭᠰᠡᠨ ᠬᠡᠦᠭᠡᠳ ᠶᠠᠮᠠᠷᠪᠠ ᠬᠦᠴᠢᠷ ᠪᠡᠷᠭᠡᠰᠢᠶᠡᠯ ᠢ ᠲᠠᠪᠠᠨ ᠲᠤᠭᠤᠯᠵᠤ ᠴᠢᠳᠠᠳᠠᠭ᠃ ᠡᠴᠢᠭᠡ ᠡᠭᠡ ᠪᠤᠯᠤᠭᠰᠠᠳ ᠬᠡᠦᠭᠡᠳ ᠪᠤᠯᠭᠠᠨ ᠠᠳᠠᠯᠢ ᠦᠭᠡᠢ ᠭᠡᠳᠡᠭ ᠢ ᠬᠦᠯᠢᠶᠡᠨ ᠵᠦᠪᠰᠢᠶᠡᠷᠡᠵᠦ᠂ ᠬᠡᠦᠭᠡᠳ ᠢᠶᠠᠨ ᠤᠶᠢᠯᠠᠭᠠᠨ ᠮᠡᠳᠡᠷᠡᠵᠦ᠂ ᠲᠠᠪᠠᠭᠤᠯᠢᠭ ᠲᠠᠯ᠎ᠠ ᠶᠢ ᠨᠢ ᠤᠯᠵᠤ ᠬᠠᠷᠠᠬᠤ ᠮᠠᠰᠢ ᠴᠢᠬᠤᠯᠠ᠂ ᠬᠠᠷᠢᠨ ᠬᠡᠦᠭᠡᠳ ᠪᠤᠯᠭᠠᠨ ᠢ ᠨᠢᠭᠡᠯᠡ ᠠᠳᠠᠯᠢ ᠪᠠᠷ ᠱᠠᠭᠠᠷᠳᠠᠵᠤ᠂ ᠭᠡᠦᠭᠡᠳ ᠢᠶᠠᠨ ᠬᠠᠶᠢᠷ᠎ᠠ ᠰᠡᠳᠭᠢᠯᠭᠡ ᠲᠠᠢ ᠬᠦᠮᠦᠨ ᠬᠡᠳᠡᠭ ᠢ ᠨᠢ ᠤᠮᠠᠷᠳᠠᠨ᠂ ᠰᠡᠳᠦᠪ ᠬᠠᠷᠢᠭᠤᠯᠠᠬᠤ ᠮᠠᠰᠢᠨ ᠢᠶᠠᠷ ᠯᠡ ᠦᠵᠡᠵᠦ᠂ ᠡᠷᠭᠡ ᠴᠢᠯᠦᠭᠡ ᠶᠢ ᠨᠢ ᠨᠢᠭᠡᠮᠦᠰᠦᠨ ᠪᠤᠯᠢᠶᠠᠬᠤ ᠨᠢ ᠲᠤᠩ ᠠᠶᠤᠯ ᠲᠠᠢ ᠶᠤᠮ᠃ ᠬᠡᠦᠭᠡᠳ ᠢ ᠲᠠᠷᠤᠮᠳᠠᠬᠤ ᠲᠤᠳᠤᠮ᠂ ᠴᠤᠬᠢᠯᠳᠠ ᠦᠭᠬᠦ ᠲᠤᠳᠤᠮ ᠬᠡᠦᠭᠡᠳ ᠤᠨ ᠬᠦᠮᠦᠨ ᠴᠢᠨᠠᠷ ᠤᠨ ᠪᠠᠷᠠᠭᠠᠨ ᠲᠠᠯ᠎ᠠ ᠨᠢ ᠤᠯᠠᠮ ᠲᠤᠳᠤ ᠲᠤᠪᠤᠭᠤᠷ ᠪᠤᠯᠳᠠᠭ᠂ ᠬᠠᠶᠢᠷ᠎ᠠ ᠪᠤᠯ ᠪᠠᠷᠠᠭᠠᠨ ᠲᠠᠯ᠎ᠠ ᠶᠢ ᠨᠢ ᠬᠤᠷᠢᠠᠠᠯᠠᠬᠤ ᠬᠠᠮᠤᠭ ᠤᠨ ᠬᠦᠴᠦᠳᠡᠢ ᠵᠡᠪᠰᠡᠭ ᠪᠢᠯᠡ᠃       ᠭᠠᠭᠴᠠ ᠰᠠᠶᠢᠬᠠᠨ ᠦᠭᠡ ᠪᠠᠷ ᠲᠤᠳᠠᠵᠤ ᠶᠠᠪᠤᠭ᠎ᠠ ᠬᠡᠦᠭᠡᠳ ᠲᠡᠭᠡᠨ ᠭᠠᠷᠴᠠᠭ᠎ᠠ ᠦᠭᠡᠢ ᠲᠡᠭᠦᠨ ᠢ ᠨᠢ ᠬᠡᠯᠡᠶ᠎ᠠ︕ ᠬᠠᠷᠠᠳᠠᠯ ᠰᠡᠵᠢᠭᠯᠡᠯ ᠠᠳᠠᠯᠢᠳᠬᠠᠯ ᠦᠭᠡᠶᠢᠰᠭᠡᠯ ᠠᠴᠠ ᠢᠯᠡᠭᠦᠦ ᠤᠶᠢᠯᠠᠭᠠᠯᠳᠠ ᠲᠡᠮᠵᠢᠯᠭᠡ ᠢᠳᠡᠭᠡᠯ ᠤᠷᠮᠠᠰᠢᠭᠤᠯᠤᠯ ᠢᠶᠠᠨ ᠦᠭᠭᠦᠶ᠎ᠠ︕ ᠵᠢᠪ ᠵᠢᠩᠭᠢᠨᠢ ᠰᠤᠷᠭᠠᠨ ᠬᠦᠮᠦᠵᠢᠯ ᠪᠤᠯ ᠡᠴᠢᠭᠡ ᠡᠭᠡ ᠦᠷ᠎ᠠ ᠬᠡᠦᠭᠡᠳ ᠤᠨ ᠬᠤᠭᠤᠷᠤᠨᠳᠤᠬᠢ ᠰᠡᠳᠭᠢᠯ ᠰᠡᠳᠭᠢᠯ ᠢᠶᠠᠨ ᠮᠡᠳᠡᠯᠴᠡᠭᠰᠡᠨ ᠬᠠᠶᠢᠷ᠎ᠠ ᠶᠤᠮ ᠰᠢᠦ︕
ᠢᠷᠡᠯᠲᠡ᠄ ᠳᠤᠮᠳᠠᠳᠤ ᠤᠯᠤᠰ ᠤᠨ ᠮᠣᠩᠭᠤᠯ ᠬᠡᠯᠡᠨ ᠤ ᠰᠣᠨᠢᠨ ᠮᠡᠳᠡᠭᠡ ᠶᠢᠨ ᠰᠦᠯᠵᠢᠶ᠎ᠡ