ᠬᠠᠷ᠎ᠠ ᠮᠠᠭᠠᠵᠢ ᠢᠳᠡᠪᠡᠯ ᠪᠤᠭᠤᠷᠤᠯ ᠦᠰᠦ ᠶᠢ ᠬᠠᠷᠠᠯᠠᠭᠤᠯᠵᠤ ᠴᠢᠳᠠᠨ᠎ᠠ ᠦᠦ︖
ᠨᠡᠶᠢᠲᠡᠯᠡᠭᠰᠡᠨ ᠴᠠᠭ᠄
2025/5/23
      ᠦᠰᠦᠨ ᠤ ᠥᠩᠭᠡ ᠨᠢ ᠦᠰᠦᠨ ᠤ ᠤᠭᠤᠲᠠ ᠳᠣᠲᠣᠷᠠᠬᠢ ᠬᠠᠷ᠎ᠠ ᠥᠩᠭᠡᠨ ᠡᠳ᠋ ᠤᠨ ᠡᠰ ᠠᠴᠠ ᠲᠣᠭᠲᠠᠭᠠᠭᠳᠠᠳᠠᠭ᠃ ᠬᠡᠪ ᠤᠨ ᠪᠠᠶᠢᠳᠠᠯ ᠳᠣᠣᠷ᠎ᠠ᠂ ᠦᠰᠦᠨ ᠤ ᠤᠭᠤᠲᠠᠨ ᠳᠠᠬᠢ ᠬᠠᠷ᠎ᠠ ᠡᠳ᠋ ᠤᠨ ᠡᠰ ᠠᠴᠠ ᠬᠠᠷ᠎ᠠ ᠥᠩᠭᠡ ᠶᠢᠨ ᠡᠳ᠋ ᠢᠯᠭᠠᠷᠠᠭᠤᠯᠬᠤ ᠳᠤ ᠭᠡᠵᠢᠭᠡ ᠶᠢ ᠬᠠᠷ᠎ᠠ ᠥᠩᠭᠡ᠂ ᠬᠦᠷᠡᠩ ᠥᠩᠭᠡ ᠶᠢᠨ ᠠᠳᠠᠯᠢ ᠪᠤᠰᠤ ᠥᠩᠭᠡ ᠲᠠᠢ ᠪᠣᠯᠭᠠᠳᠠᠭ᠃ ᠡᠶᠢᠮᠦᠷᠬᠦᠦ ᠰᠢᠭᠦᠷᠡᠭᠦᠯᠬᠦ ᠴᠢᠳᠠᠪᠤᠷᠢ ᠨᠢ ᠤᠳᠤᠮᠯᠠᠯ᠂ ᠳᠠᠷᠤᠯᠲᠠ᠂ ᠨᠠᠰᠤᠨ ᠤ ᠨᠡᠮᠡᠭᠳᠡᠯ᠂ ᠡᠪᠡᠳᠴᠢᠨ ᠡᠮᠭᠡᠭ᠂ ᠰᠢᠮ᠎ᠡ ᠲᠡᠵᠢᠭᠡᠯ ᠤᠨ ᠪᠠᠶᠢᠳᠠᠯ ᠵᠡᠷᠭᠡ ᠡᠯᠧᠮᠧᠨ᠋ᠲ ᠤᠨ ᠨᠥᠯᠥᠭᠡ ᠶᠢ ᠭᠥᠷᠳᠡᠵᠦ᠂ ᠠᠳᠠᠯᠢ ᠪᠤᠰᠤ ᠪᠣᠳᠠᠭᠠᠯᠢ ᠪᠡᠶ᠎ᠡ ᠶᠢᠨ ᠦᠰᠦᠨ ᠤ ᠥᠩᠭᠡ ᠶᠢᠨ ᠭᠦᠨ ᠭᠦᠢᠬᠡᠨ ᠨᠢ ᠠᠳᠠᠯᠢ ᠪᠤᠰᠤ ᠪᠠᠶᠢᠳᠠᠭ᠃       ᠳᠡᠭᠡᠷ᠎ᠡ ᠶᠠᠷᠢᠭᠰᠠᠨ ᠡᠯᠧᠮᠧᠨ᠋ᠲ ᠤᠨ ᠨᠥᠯᠥᠭᠡᠯᠡᠯ ᠳᠣᠣᠷ᠎ᠠ᠂ ᠬᠠᠷ᠎ᠠ ᠦᠩᠭᠡᠨ ᠡᠳ᠋ ᠤᠨ ᠡᠰ ᠤᠨ ᠠᠵᠢᠯᠯᠠᠭ᠎ᠠ ᠨᠢ ᠠᠳᠠᠯᠢ ᠪᠤᠰᠤ ᠬᠡᠮᠵᠢᠶ᠎ᠡ ᠪᠠᠷ ᠭᠡᠮᠲᠦᠬᠦ᠂ ᠳᠣᠷᠦ᠋ᠢᠲᠠᠬᠤ ᠶᠢᠨ ᠤᠯᠠᠮ ᠠᠴᠠ ᠦᠰᠦ ᠴᠠᠶᠢᠵᠤ᠂ ᠦᠰᠦᠨ ᠤ ᠤᠭᠤᠲᠠᠨ ᠳᠤ ᠬᠠᠷ᠎ᠠ ᠦᠩᠭᠡᠨ ᠡᠳ᠋ ᠡᠭᠦᠰᠬᠦ ᠪᠠᠨ ᠵᠣᠭᠰᠣᠪᠠᠯ᠂ ᠦᠰᠦ ᠴᠠᠶᠢᠳᠠᠭ᠃       ᠡᠭᠦᠨ ᠠᠴᠠ ᠦᠵᠡᠬᠦ ᠳᠤ᠂ ᠦᠰᠦᠨ ᠤ ᠬᠠᠷ᠎ᠠ ᠦᠩᠭᠡᠨ ᠡᠳ᠋ ᠤᠨ ᠪᠣᠢ ᠪᠣᠯᠬᠤ ᠶᠢᠨ ᠵᠠᠩᠭᠢᠯᠠᠭ᠎ᠠ ᠨᠢ ᠦᠰᠦᠨ ᠤ ᠤᠭᠤᠲᠠ ᠶᠢᠨ ᠠᠵᠢᠯᠯᠠᠭ᠎ᠠ ᠪᠣᠯᠣᠨ᠎ᠠ᠃ ᠬᠡᠷᠪᠡ ᠦᠰᠦᠨ ᠤ ᠤᠭᠤᠲᠠ ᠶᠢᠨ ᠬᠠᠷ᠎ᠠ ᠥᠩᠭᠡ ᠶᠢᠨ ᠡᠳ᠋ ᠤᠨ ᠡᠰ ᠨᠢ ᠭᠡᠮᠲᠦᠭᠰᠡᠨ ᠪᠣᠯ ᠰᠢᠮ᠎ᠡ ᠲᠡᠵᠢᠭᠡᠯ ᠨᠥᠬᠦᠪᠦᠷᠢᠯᠡᠬᠦ ᠪᠠᠷ ᠳᠠᠮᠵᠢᠨ ᠦᠰᠦᠨ ᠤ ᠥᠩᠭᠡ ᠶᠢ ᠰᠡᠷᠭᠦᠭᠡᠵᠦ ᠲᠠᠶᠢᠯᠤᠨ᠎ᠠ︔       ᠬᠠᠷ᠎ᠠ ᠮᠠᠭᠠᠵᠢ ᠦᠨᠡᠬᠡᠷ ᠦᠰᠦ ᠲᠡᠵᠢᠭᠡᠬᠦ ᠦᠢᠯᠡᠳᠦᠯ ᠲᠠᠢ       ᠮᠠᠭᠠᠵᠢ ᠶᠢᠨ ᠰᠢᠮ᠎ᠡ ᠲᠡᠵᠢᠭᠡᠯ ᠤᠨ ᠥᠷᠲᠡᠭ ᠡᠯᠪᠡᠭ᠂ ᠣᠨᠴᠠᠭᠠᠶᠢᠯᠠᠨ ᠬᠠᠷ᠎ᠠ ᠮᠠᠭᠠᠵᠢ᠂ ᠤᠭᠤᠷᠠᠭ᠂ ᠬᠠᠨᠤᠮᠠᠯ ᠪᠤᠰᠤ ᠥᠭᠡᠬᠦᠨ ᠬᠦᠴᠢᠯ᠂ ᠸᠢᠲ᠋ᠠᠮᠢᠨ E᠂ B ᠲᠥᠷᠥᠯ ᠤᠨ ᠸᠢᠲ᠋ᠠᠮᠢᠨ ᠵᠢᠴᠢ ᠺᠠᠯᠼ᠂ ᠲᠡᠮᠦᠷ᠂ ᠴᠠᠶᠢᠷ᠂ ᠵᠡᠰ ᠵᠡᠷᠭᠡ ᠡᠷᠦᠳᠡᠰᠦ ᠡᠯᠪᠡᠭ ᠠᠭᠤᠯᠤᠭᠳᠠᠳᠠᠭ᠃ ᠡᠭᠦᠨ ᠳᠤ ᠸᠢᠲ᠋ᠠᠮᠢᠨ E ᠨᠢ ᠢᠰᠦᠯᠳᠦᠬᠦ ᠶᠢ ᠡᠰᠡᠷᠭᠦᠴᠡᠬᠦ ᠦᠢᠯᠡᠳᠦᠯ ᠲᠠᠢ᠂ ᠦᠰᠦᠨ ᠤ ᠤᠭᠤᠲᠠ ᠶᠢᠨ ᠦᠵᠢᠷᠡᠬᠦ ᠶᠢ ᠤᠳᠠᠭᠠᠰᠢᠷᠠᠭᠤᠯᠤᠨ᠎ᠠ︔ ᠵᠡᠰ᠂ ᠲᠡᠮᠦᠷ ᠨᠢ ᠪᠤᠰᠤᠳ ᠰᠢᠮ᠎ᠡ ᠲᠡᠵᠢᠭᠡᠯ ᠤᠨ ᠡᠯᠧᠮᠧᠨ᠋ᠲ ᠤᠨ ᠬᠠᠮᠵᠢᠯᠴᠠᠯᠭ᠎ᠠ ᠪᠠᠷ ᠬᠠᠷ᠎ᠠ ᠥᠩᠭᠡᠲᠦ ᠡᠳ᠋ ᠤᠨ ᠨᠡᠶᠢᠯᠡᠯᠭᠡ ᠳᠤ ᠣᠷᠣᠯᠴᠠᠳᠠᠭ︔ ᠬᠠᠨᠤᠮᠠᠯ ᠪᠤᠰᠤ ᠥᠭᠡᠬᠦᠨ ᠬᠦᠴᠢᠯ ᠪᠣᠯᠣᠨ ᠤᠭᠤᠷᠠᠭ ᠨᠢ ᠭᠡᠵᠢᠭᠡᠨ ᠳᠤ ᠰᠢᠮ᠎ᠡ ᠲᠡᠵᠢᠭᠡᠯ ᠬᠠᠩᠭᠠᠵᠤ᠂ ᠬᠠᠲᠠᠬᠤ᠂ ᠬᠡᠪᠡᠷᠡᠭ ᠪᠣᠯᠬᠤ ᠵᠡᠷᠭᠡ ᠠᠰᠠᠭᠤᠳᠠᠯ ᠢ ᠰᠠᠶᠢᠵᠢᠷᠠᠭᠤᠯᠤᠨ᠎ᠠ᠃       ᠡᠶᠢᠮᠦ ᠠᠴᠠ ᠵᠣᠬᠢᠬᠤ ᠬᠡᠮᠵᠢᠶ᠎ᠡ ᠪᠠᠷ ᠬᠠᠷ᠎ᠠ ᠮᠠᠭᠠᠵᠢ ᠢᠳᠡᠪᠡᠯ ᠭᠡᠵᠢᠭᠡᠨ ᠤ ᠭᠢᠯᠪᠠᠭ᠎ᠠ ᠪᠠ ᠤᠶᠠᠨ ᠴᠢᠨᠠᠷ ᠢ ᠰᠠᠶᠢᠵᠢᠷᠠᠭᠤᠯᠬᠤ ᠳᠤ ᠬᠠᠪᠰᠤᠷᠤᠮᠵᠢ ᠪᠣᠯᠳᠠᠭ᠃       ᠬᠡᠲᠦᠷᠬᠡᠢ ᠡᠷᠲᠡ ᠦᠰᠦ ᠴᠠᠶᠢᠬᠤ ᠠᠴᠠ ᠵᠠᠶᠢᠯᠠᠰᠬᠢᠬᠦ ᠵᠣᠷᠢᠯᠭ᠎ᠠ ᠪᠠᠷ᠂ ᠢᠳᠡᠰᠢ ᠶᠢᠨ ᠲᠡᠩᠴᠡᠭᠦᠷᠢ ᠶᠢ ᠪᠠᠲᠤᠯᠠᠬᠤ ᠬᠡᠷᠡᠭᠲᠡᠢ᠂ ᠣᠨᠴᠠᠭᠠᠶᠢᠯᠠᠨ ᠤᠭᠤᠷᠠᠭ᠂ ᠸᠢᠲ᠋ᠠᠮᠢᠨ ᠵᠢᠴᠢ ᠡᠷᠦᠳᠡᠰᠦ ᠶᠢᠨ ᠲᠡᠩᠴᠡᠭᠦᠷᠢ ᠶᠢ ᠠᠩᠬᠠᠷᠬᠤ ᠬᠡᠷᠡᠭᠲᠡᠢ᠃ ᠡᠭᠦᠨ ᠤ ᠬᠠᠮᠲᠤ ᠦᠰᠦ ᠭᠡᠵᠢᠭᠡᠨ ᠤ ᠭᠡᠮᠲᠦᠯ ᠢ ᠪᠠᠭᠠᠰᠬᠠᠵᠤ᠂ ᠪᠠᠶᠢᠨ ᠳᠠᠬᠢᠨ ᠬᠠᠯᠠᠭᠠᠬᠤ᠂ ᠨᠡᠷᠡᠨ ᠳᠤ ᠰᠢᠷᠠᠭᠳᠠᠬᠤ᠂ ᠠᠴᠠ ᠵᠠᠶᠢᠯᠠᠰᠬᠢᠬᠦ ᠶᠢᠨ ᠬᠠᠮᠲᠤ ᠪᠠᠰᠠ ᠰᠥᠨᠢᠵᠢᠨ ᠰᠠᠭᠤᠬᠤ ᠶᠢ ᠪᠠᠭᠠᠰᠬᠠᠵᠤ᠂ ᠳᠠᠷᠤᠯᠲᠠ ᠶᠢ ᠬᠥᠩᠭᠡᠷᠡᠭᠦᠯᠬᠦ ᠶᠢ ᠠᠩᠬᠠᠷᠬᠤ ᠬᠡᠷᠡᠭᠲᠡᠢ᠃ ᠴᠢᠬᠤᠯᠠ ᠲᠠᠢ ᠦᠶ᠎ᠡ ᠳᠤ ᠲᠤᠰᠬᠠᠢ ᠮᠡᠷᠭᠡᠵᠢᠯ ᠤᠨ ᠡᠮᠴᠢ ᠠᠴᠠ ᠠᠰᠠᠭᠤᠨ ᠯᠠᠪᠯᠠᠵᠤ ᠪᠣᠯᠣᠨ᠎ᠠ᠃       ᠸᠧᠨ / ᠹᠦ᠋ ᠯᠠᠨ ᠴᠢᠨ ︵ᠪᠡᠭᠡᠵᠢᠩ ᠤᠨ ᠰᠢᠶᠧ ᠾᠧ ᠡᠮᠨᠡᠯᠭᠡ ᠶᠢᠨ ᠬᠤᠷᠢᠶ᠎ᠠ︶
ᠢᠷᠡᠯᠲᠡ᠄ ᠪᠡᠭᠡᠵᠢᠩ ᠤᠨ ᠵᠠᠯᠠᠭᠤᠴᠤᠳ ᠰᠣᠨᠢᠨ