ᠮᠣᠩᠭᠤᠯ ᠤᠨ ᠥᠨᠳᠦᠷᠯᠢᠭ ᠲᠤ ᠠᠳᠤᠭᠤ ᠶᠢ ᠤᠨᠤᠯᠭ᠎ᠠ ᠡᠳ᠋ᠯᠡᠭᠡᠨ ᠳᠤ ᠠᠰᠢᠭᠯᠠᠵᠤ ᠡᠬᠢᠯᠡᠭᠰᠡᠨ ᠴᠠᠬ ᠬᠤᠭᠤᠴᠠᠭ᠎ᠠ ᠲᠣᠳᠣᠷᠬᠠᠢ ᠦᠭᠡᠢ ᠪᠣᠯᠪᠠᠴᠤ | ᠨᠡᠶᠢᠲᠡ ᠶᠢᠨ ᠣᠨ ᠲᠣᠭᠠᠯᠠᠯ ᠠᠴᠠ ᠡᠮᠦᠨ᠎ᠡ 2000 ᠵᠢᠯ ᠤᠨ ᠡᠮᠦᠨ᠎ᠡ ᠠᠴᠠ ᠠᠳᠤᠭᠤ ᠶᠢ ᠭᠠᠷᠰᠢᠭᠤᠯᠤᠨ ᠡᠳ᠋ᠯᠡᠵᠦ ᠬᠡᠷᠡᠭᠯᠡᠵᠦ ᠪᠠᠶᠢᠭᠰᠠᠨ ᠨᠢ ᠬᠠᠭᠤᠴᠢ | ᠰᠤᠳᠤᠯᠭᠠᠨ ᠢᠶᠠᠷ ᠪᠠᠲᠤᠯᠠᠭᠳᠠᠵᠠᠢ᠃ | ᠨᠡᠭᠦᠳᠡᠯᠴᠢᠳ ᠠᠳᠤᠭᠤ ᠶᠢ ᠤᠨᠤᠯᠭ᠎ᠠ ᠡᠳ᠋ᠯᠡᠭᠡᠨ ᠳᠤ ᠬᠡᠷᠡᠭᠯᠡᠬᠦ ᠶᠠᠪᠤᠴᠠ ᠳᠠᠭᠠᠨ ᠬᠡᠷᠡᠭᠯᠡᠭᠡᠨ ᠤ ᠣᠨᠴᠠᠯᠢᠭ ᠲᠤ ᠲᠣᠬᠢᠷᠠᠭᠰᠠᠨ ᠣᠯᠠᠨ ᠲᠥᠷᠥᠯ ᠤᠨ ᠲᠣᠨᠤᠭ | ᠬᠡᠷᠡᠭᠰᠡᠯ ᠢ ᠪᠦᠲᠦᠭᠡᠨ ᠪᠤᠢ ᠪᠣᠯᠭᠠᠵᠤ᠂ ᠬᠥᠭᠵᠢᠭᠦᠯᠦᠨ ᠤᠯᠠᠮᠵᠢᠯᠠᠭᠰᠠᠭᠠᠷ ᠢᠷᠠᠵᠠᠢ᠃ ᠮᠣᠩᠭᠤᠯ ᠤᠨ ᠥᠨᠳᠦᠷᠯᠢᠭ ᠲᠤ ᠬᠦᠷᠡᠯ ᠲᠡᠮᠦᠷ ᠤᠨ ᠲᠦᠷᠦᠭᠦᠦ ᠦᠶ᠎ᠡ ᠳᠤ | ᠬᠠᠮᠢᠶᠡᠷᠬᠤ ᠬᠠᠳᠠᠨ ᠤ ᠵᠢᠷᠤᠭᠲᠤ ᠴᠤᠪᠤᠵᠤ ᠶᠠᠪᠤᠭ᠎ᠠ ᠮᠣᠷᠢᠳ᠂ ᠮᠣᠷᠢ ᠬᠥᠲᠦᠯᠦᠭᠰᠡᠨ ᠬᠥᠮᠦᠨ᠂ ᠲᠡᠷᠭᠡ ᠬᠥᠯᠯᠡᠭᠰᠡᠨ ᠮᠣᠷᠢᠳ ᠵᠡᠷᠭᠡ ᠶᠢ ᠳᠦᠷᠰᠦᠯᠡᠭᠰᠡᠨ ᠨᠢ | ᠠᠳᠤᠭᠤ ᠶᠢ ᠤᠨᠤᠯᠭ᠎ᠠ ᠡᠳ᠋ᠯᠡᠭᠡᠨ ᠳᠤ ᠬᠡᠷᠡᠭᠯᠡᠵᠦ ᠪᠠᠶᠢᠭᠰᠠᠨ ᠢ ᠢᠯᠡᠳᠬᠡᠬᠦ ᠬᠠᠮᠤᠬ ᠤᠨ ᠡᠷᠲᠡᠨ ᠤ ᠳᠤᠷᠠᠰᠬᠠᠯ ᠶᠤᠮ᠃ | ᠾᠦᠩᠨᠦ ᠶᠢᠨ ᠬᠤᠪᠢ ᠳᠤ ᠬᠦᠯᠦᠭ ᠮᠣᠷᠢ ᠬᠠᠮᠤᠬ ᠤᠨ ᠡᠷᠬᠢᠮ ᠲᠡᠭᠡᠳᠦ ᠦᠨᠡᠲᠦ ᠵᠦᠢᠯ ᠤᠨ ᠨᠢᠭᠡ ᠪᠠᠶᠢᠯ᠎ᠠ᠃ ᠲᠡᠭᠦᠨ ᠢ ᠢᠯᠡᠳᠬᠡᠬᠦ ᠬᠠᠵᠠᠭᠠᠷ ᠤᠨ | ᠨᠤᠮᠤᠨ᠂ ᠴᠢᠭᠲᠠᠨ ᠵᠤᠤᠵᠠᠢ ᠲᠠᠢ ᠬᠦᠷᠡᠯ᠂ ᠲᠡᠮᠦᠷ ᠠᠮᠠᠭᠠᠢ᠂ ᠶᠠᠰᠤᠨ ᠵᠤᠤᠵᠠᠢ ᠲᠠᠢ ᠲᠡᠮᠦᠷ ᠠᠮᠠᠭᠠᠢ᠂ ᠳᠤᠭᠤᠶ ᠬᠦᠷᠡᠯ ᠬᠠᠳᠤᠯᠭᠠ᠂ ᠬᠦᠷᠡᠯ ᠲᠣᠪᠣᠷᠤᠤ᠂ | ᠮᠤᠬᠤᠯᠠᠭ ᠲᠠᠢ ᠲᠡᠷᠭᠡᠨ ᠤ ᠳᠡᠪᠰᠢᠨ ᠤ ᠬᠦᠷᠡᠯ ᠬᠤᠯᠪᠣᠭᠠᠰᠤ᠂ ᠰᠢᠬᠦᠷ ᠤᠨ ᠦᠵᠦᠭᠦᠷ ᠤᠨ ᠬᠦᠷᠡᠯ ᠴᠢᠮᠡᠭᠯᠡᠯ᠂ ᠳᠤᠭᠤᠢ ᠶᠢᠨ ᠪᠤᠯᠤ ᠶᠢᠨ ᠠᠯᠳᠠ ᠰᠢᠷᠠᠮᠠᠯ ᠬᠦᠷᠡᠯ | ᠲᠠᠭ ᠵᠡᠷᠭᠡ ᠣᠯᠳᠠᠪᠤᠷᠢ ᠪᠤᠢ᠃ | ᠮᠣᠩᠭᠤᠯ ᠤᠨ ᠥᠨᠳᠦᠷᠯᠢᠭ ᠠᠴᠠ ᠲᠦᠷᠦᠭ ᠤᠨ ᠦᠶ᠎ᠡ ᠶᠢᠨ 30 ᠭᠠᠷᠦᠢ ᠮᠣᠷᠢᠲᠠᠶ ᠣᠷᠣᠰᠢᠭᠤᠯᠭ᠎ᠠ ᠭᠠᠷᠤᠭᠰᠠᠨ ᠨᠢ ︽... ᠣᠷᠣᠰᠢᠭᠤᠯᠤᠭ᠎ᠠ ᠶᠢᠨ ᠵᠠᠩ | ᠦᠢᠯᠡ ᠳᠤ ᠤᠨᠤᠵᠤ ᠶᠠᠪᠤᠭᠰᠠᠨ ᠮᠣᠷᠢ᠂ ᠡᠳ᠋ᠯᠡᠵᠦ ᠪᠠᠶᠢᠭᠰᠠᠨ ᠵᠦᠢᠯᠡᠰ ᠢ ᠬᠠᠮᠲᠤ ᠣᠷᠣᠰᠢᠭᠤᠯᠳᠠᠭ ...︾ ᠬᠡᠮᠡᠨ ᠲᠡᠮᠳᠡᠭᠯᠡᠭᠰᠡᠨ ᠰᠤᠷᠪᠤᠯᠵᠢ ᠶᠢᠨ ᠮᠡᠳᠡᠭᠡ ᠶᠢ | ᠳᠠᠪᠬᠤᠷ ᠨᠤᠲᠠᠯᠠᠵᠤ ᠪᠠᠶᠢᠨ᠎ᠡ᠃ | ᠮᠣᠩᠭᠤᠯ ᠤᠨ ᠥᠨᠳᠦᠷᠯᠢᠭ ᠠᠴᠠ ᠢᠯᠡᠷᠡᠭᠰᠡᠨ ᠬᠠᠳᠠᠨ ᠤ ᠣᠷᠣᠰᠢᠭᠤᠯᠤᠭ᠎ᠠ ᠠᠴᠠ ᠠᠳᠤᠭᠤᠨ ᠤ ᠥᠪ ᠰᠣᠶᠣᠯ ᠲᠠᠢ ᠬᠤᠯᠪᠣᠭ᠎ᠠ ᠲᠠᠢ ᠡᠮᠡᠭᠡᠯ ᠤᠨ ᠮᠣᠳᠤ᠂ | ᠳᠥᠷᠦᠭᠡ᠂ ᠬᠠᠵᠠᠭᠠᠷ ᠤᠨ ᠠᠮᠠᠭᠠᠢ᠂ ᠴᠦᠭᠡᠠ ᠲᠣᠭᠠᠨ ᠤ ᠲᠠᠰᠢᠭᠤᠷ ᠭᠠᠷᠤᠭᠰᠠᠨ ᠠᠴᠠ ᠶᠤᠮ᠃ | ᠨᠡᠭᠦᠳᠡᠯᠴᠢᠳ ᠤᠨ ᠪᠦᠲᠦᠭᠡᠭᠰᠡᠨ ᠮᠠᠯ ᠠᠵᠤ ᠠᠬᠤᠢ ᠶᠢᠨ ᠲᠣᠨᠤᠭ ᠭᠡᠷᠡᠭᠰᠡᠯ ᠣᠯᠠᠨ ᠵᠠᠭᠤᠨ ᠵᠢᠯ ᠤᠨ ᠲᠤᠷᠰᠢ ᠬᠥᠭᠵᠢᠵᠦ ᠤᠯᠠᠮ ᠪᠤᠯᠪᠡᠰᠦᠷᠡᠩᠭᠤᠢ | ᠪᠣᠯᠣᠭᠰᠠᠭᠠᠷ ᠥᠨᠥ ᠬᠦᠷᠴᠡᠢ᠃ ᠠᠳᠤᠭᠤ ᠶᠢ ᠤᠨᠤᠵᠤ᠂ ᠡᠳ᠋ᠯᠡᠬᠦ ᠳᠤ ᠬᠠᠵᠡᠭᠠᠷ᠂ ᠨᠤᠬᠳᠦ᠂ ᠴᠢᠳᠦᠷ᠂ ᠬᠤᠳᠠᠷᠭ᠎ᠠ᠂ ᠡᠮᠡᠭᠡᠯ᠂ ᠲᠠᠰᠢᠭᠤᠷ᠂ ᠬᠤᠮᠠᠭᠤᠲᠤ᠂ ᠲᠡᠷᠭᠡ | ᠂ ᠲᠡᠷᠭᠡᠨ ᠤ ᠬᠡᠷᠡᠭᠯᠡᠯ᠂ ᠬᠤᠰᠤᠭᠤᠷ ᠭᠡᠬᠦ ᠮᠡᠲᠦ ᠲᠣᠨᠤᠭ ᠬᠡᠷᠡᠭᠯᠡᠯ ᠣᠷᠣᠳᠠᠭ᠃ ᠮᠣᠩᠭᠤᠯᠴᠤᠳ ᠮᠣᠷᠢ ᠪᠠᠨ ᠡᠷᠬᠢᠮᠯᠡᠨ ᠳᠡᠭᠡᠳᠦᠯᠡᠬᠦ ᠶᠢᠨ ᠵᠡᠷᠭᠡᠴᠡᠭᠡ ᠡᠮᠡᠭᠡᠯ᠂ | ᠬᠠᠵᠡᠭᠠᠷ᠂ ᠬᠤᠳᠠᠷᠭ᠎ᠠ᠂ ᠬᠥᠮᠥᠯᠳᠥᠷᠭᠡ᠂ ᠲᠠᠰᠢᠭᠤᠷ ᠵᠡᠷᠭᠡ ᠶᠢ ᠮᠦᠡᠭᠬᠦ᠂ ᠭᠠᠤᠯᠢ᠂ ᠵᠡᠰ᠂ ᠭᠠᠩ ᠢᠶᠠᠷ ᠤᠷᠠᠯᠠᠵᠤ᠂ ᠭᠤᠶᠣᠮᠰᠤᠭ ᠬᠡ ᠴᠢᠮᠡᠭᠯᠡᠯ ᠢᠶᠠᠷ ᠴᠢᠮᠡᠭᠯᠡᠭᠰᠡᠨ | ᠪᠠᠭᠠᠪᠤᠷ᠂ ᠳᠠᠷᠤᠭᠤᠯᠭ᠎ᠠ ᠵᠡᠭᠦᠵᠦ᠂ ᠬᠠᠵᠠᠭᠠᠷ ᠢᠶᠠᠨ ᠴᠢᠮᠡᠭᠯᠡᠳᠡᠭ ᠨᠢ ᠨᠢᠭᠡ ᠲᠠᠯ᠎ᠠ ᠪᠠᠷ ᠢᠶᠠᠨ ᠮᠣᠷᠢ ᠪᠠᠨ ᠭᠤᠶᠣᠵᠤ ᠪᠠᠶᠢᠭ᠎ᠠ ᠴᠤ ᠨᠥᠭᠦᠭᠡ ᠳᠤ ᠡᠵᠡᠨ ᠬᠥᠮᠥᠨ ᠤ | ᠬᠥᠷᠥᠩᠭᠡ ᠴᠢᠨᠡᠭᠡ᠂ ᠵᠡᠷᠭᠡ ᠳᠡᠪ ᠢ ᠢᠯᠡᠳᠬᠡᠬᠦ ᠶᠢᠨ ᠬᠠᠮᠲᠤ ᠡᠷᠡᠭᠲᠡᠢ ᠬᠥᠮᠥᠨ ᠤ ᠭᠤᠶᠣᠯᠠᠯ ᠤᠨ ᠰᠠᠯᠤᠰᠢ ᠦᠭᠡᠢ ᠨᠢᠭᠡ ᠬᠡᠰᠡᠭ ᠪᠣᠯᠣᠭᠰᠠᠭᠠᠷ ᠢᠷᠠᠵᠠᠢ᠃ | ᠮᠣᠩᠭᠤᠯ ᠤᠨ ᠣᠯᠠᠨ ᠤᠭᠰᠠᠭᠠᠲᠠᠨ ᠤ ᠪᠦᠯᠦᠭ ᠤᠳ᠂ ᠨᠤᠳᠤᠬ ᠨᠤᠲᠤᠭ ᠤᠨ ᠣᠨᠴᠠᠯᠢᠭ᠂ ᠤᠷᠠᠯᠠᠭᠠᠴᠢ ᠶᠢᠨ ᠤᠷ᠎ᠠ ᠴᠢᠳᠠᠪᠤᠷᠢ ᠵᠡᠷᠭᠡ ᠠᠴᠠ ᠪᠠᠨ ᠰᠢᠯᠲᠠᠭᠠᠯᠠᠨ | ᠥᠪᠡᠷ ᠥᠪᠡᠷ ᠤᠨ ᠥᠪᠡᠷᠮᠢᠴᠡ ᠣᠨᠴᠠᠯᠢᠭ ᠲᠠᠢ ᠡᠮᠡᠭᠡᠯ᠂ ᠮᠣᠷᠢᠨ ᠤ ᠲᠣᠨᠤᠭ ᠬᠡᠷᠡᠭᠰᠡᠯ ᠢ ᠬᠢᠵᠦ ᠪᠦᠲᠦᠭᠡᠵᠦ ᠬᠡᠷᠡᠭᠯᠡᠬᠦ ᠶᠢᠨ ᠵᠡᠷᠭᠡᠴᠡᠭᠡ ᠤᠯᠠᠨ᠎ᠠ ᠠᠯᠳᠠᠷᠰᠢᠭᠰᠠᠨ | ᠳᠠᠬᠢᠨ ᠳᠠᠪᠲᠠᠭᠳᠠᠰᠢ ᠦᠭᠡᠶ ᠥᠪᠡᠷᠮᠢᠴᠡ ᠬᠢᠴᠡ ᠤᠷᠠᠯᠠᠯ ᠲᠠᠢ ᠬᠢᠴᠡ ᠵᠡᠷᠭᠡ ᠳᠢᠭ ᠰᠤᠷᠭᠠᠭᠤᠯᠢ ᠶᠢ ᠪᠤᠢ ᠪᠣᠯᠭᠠᠵᠠᠢ᠃ | ᠮᠣᠩᠭᠤᠯᠴᠤᠳ ᠡᠷᠡᠭᠲᠡᠢ ᠬᠡᠦᠬᠡᠳ ᠲᠤ ᠪᠠᠨ ᠠᠷᠪᠠᠨ ᠭᠤᠷᠪᠠᠨ ᠨᠡᠰᠦ ᠬᠦᠷᠬᠦ ᠳᠤ ᠰᠢᠨ᠎ᠡ ᠪᠠᠷ ᠡᠮᠡᠭᠡᠯ᠂ ᠬᠠᠵᠡᠭᠠᠷ ᠲᠥᠬᠦᠭᠡᠷᠡᠵᠦ ᠥᠭᠳᠡᠭ ᠤᠯᠠᠮᠵᠢᠯᠠᠯ ᠲᠠᠢ᠃ | ᠡᠨᠡ ᠨᠢ ᠬᠡᠦᠬᠡᠳ ᠢᠶᠠᠨ ᠭᠠᠷ ᠨᠢ ᠭᠠᠨᠵᠤᠭᠠᠨ ᠳᠤ᠂ ᠬᠥᠯ ᠨᠢ ᠳᠥᠷᠥᠭᠡᠨ ᠳᠤ ᠬᠦᠷᠴᠦ ᠡᠷ᠎ᠡ ᠬᠥᠮᠦᠨ ᠪᠣᠯᠣᠭᠰᠠᠨ ᠢ ᠪᠡᠯᠭᠡᠳᠡᠭᠰᠡᠨ ᠬᠡᠷᠡᠭ ᠪᠢᠯᠡ᠃ ᠮᠦᠠ | ᠥᠬᠢᠳ ᠲᠡᠭᠡᠨ ᠬᠠᠳᠠᠮ ᠳᠤ ᠭᠠᠷᠬᠤ ᠳᠤ ᠵᠠᠪᠠᠯ ᠰᠢᠨ᠎ᠡ ᠡᠮᠡᠭᠡᠯ ᠲᠥᠬᠦᠭᠡᠷᠡᠵᠦ ᠥᠭᠳᠡᠭ ᠵᠠᠩᠰᠢᠯ ᠲᠠᠢ᠃ ᠡᠮᠡᠭᠡᠯ ᠢ ᠡᠷᠡᠭᠲᠡᠢ᠂ ᠡᠮᠡᠭᠳᠡᠢ᠂ ᠬᠡᠦᠬᠡᠳ ᠤᠨ᠂ ᠨᠠᠰᠤᠲᠠᠨ | ᠬᠥᠮᠥᠨ ᠤ᠂ ᠬᠤᠷᠳᠦᠠ ᠮᠣᠷᠢᠨ ᠤ ᠭᠡᠬᠦ ᠠᠴᠠ ᠭᠠᠳᠡᠨ᠎ᠡ ᠬᠡᠷᠡᠭᠯᠡᠭᠳᠡᠬᠦ ᠪᠠᠶᠢᠳᠠᠯ᠂ ᠡᠭᠦᠷᠭᠡ ᠵᠣᠷᠢᠭᠤᠯᠤᠯᠲᠠ᠂ ᠴᠢᠮᠡᠭᠯᠡᠯ ᠵᠡᠷᠭᠡ ᠠᠴᠠ ᠨᠢ ᠰᠢᠯᠲᠠᠭᠠᠯᠠᠨ ᠡᠳᠦᠷ | ᠲᠤᠲᠤᠮ ᠤᠨ᠂ ᠭᠤᠶᠤᠯ ᠴᠢᠮᠡᠭᠯᠡᠯ ᠤᠨ ᠭᠡᠵᠦ ᠠᠩᠭᠢᠯᠠᠨ᠎ᠠ᠃ ᠬᠠᠵᠡᠭᠠᠷ ᠨᠢ ᠡᠩ ᠤᠨ ᠪᠤᠯᠦᠠ ᠭᠤᠶᠣᠯᠠᠯ ᠤᠨ ᠭᠡᠵᠦ ᠬᠤᠶᠠᠷ ᠶᠠᠩᠵᠤ᠃ ᠮᠣᠩᠭᠤᠯᠴᠤᠳ | ᠡᠷᠲᠡᠨ ᠠᠴᠠ ᠬᠠᠵᠠᠭᠠᠷ ᠢ ᠠᠯᠳᠠ᠂ ᠮᠦᠡᠭᠬᠦ᠂ ᠵᠡᠰ᠂ ᠭᠠᠤᠯᠢ᠂ ᠴᠠᠰᠤ ᠵᠡᠷᠭᠡ ᠮᠠᠲ᠋ᠧᠷᠢᠶᠠᠯ ᠤᠳ ᠢᠶᠠᠷ ᠬᠡ ᠲᠠᠢ ᠲᠣᠪᠣᠷᠤᠤ ᠪᠥᠭᠡᠵᠢ ᠭᠤᠷᠤᠬ᠎ᠠ ᠬᠢᠵᠦ ᠴᠢᠮᠡᠭᠯᠡᠵᠦ | ᠢᠷᠠᠵᠠᠢ᠃ | ᠠᠭᠤᠯᠠᠷᠬᠠᠭ ᠨᠤᠲᠤᠭ ᠲᠤ ᠡᠮᠡᠭᠡᠯ ᠤᠷᠤᠭᠰᠢ᠂ ᠬᠤᠶᠢᠰᠢ ᠪᠣᠯᠵᠤ ᠭᠦᠶᠦᠬᠦ ᠠᠴᠠ ᠰᠡᠷᠭᠡᠶᠢᠯᠡᠵᠦ ᠬᠤᠳᠠᠷᠭ᠎ᠠ ᠬᠥᠮᠥᠯᠳᠥᠷᠭᠡ ᠪᠤᠢ ᠪᠣᠯᠣᠭᠰᠠᠨ ᠰᠠᠨ ᠴᠤ | ᠬᠤᠵᠢᠮ ᠬᠡᠷᠡᠭᠯᠡᠭᠡᠨ ᠠᠴᠠ ᠪᠠᠨ ᠢᠯᠡᠭᠦᠦ ᠲᠠᠢ ᠮᠣᠷᠢᠨ ᠤ ᠭᠤᠶᠤᠯ ᠴᠢᠮᠡᠭᠯᠡᠯ ᠪᠤᠯᠦᠠ ᠬᠥᠭᠵᠢᠭᠰᠡᠨ ᠪᠠᠶᠢᠨ᠎ᠡ᠃ ᠵᠠᠷᠢᠮ ᠨᠤᠲᠤᠭ ᠢᠶᠠᠷ ᠬᠠᠯᠢᠶ᠎ᠠ ᠮᠥᠩᠭᠦᠨ ᠴᠢᠮᠡᠭ ᠲᠠᠢ | ᠬᠥᠮᠥᠯᠳᠥᠷᠭᠡ᠂ ᠬᠤᠳᠠᠷᠭ᠎ᠠ ᠶᠢ ᠦᠷᠭᠡᠠ ᠬᠡᠷᠡᠭᠯᠡᠳᠡᠭ ᠪᠣᠯ ᠵᠠᠷᠢᠮ ᠨᠤᠲᠤᠭ ᠢᠶᠠᠷ ᠴᠡᠪᠡᠷ ᠮᠥᠩᠭᠦᠨ ᠴᠢᠮᠡᠭ ᠲᠠᠢ ᠬᠤᠳᠠᠷᠭ᠎ᠠ ᠬᠡᠷᠡᠭᠯᠡᠳᠡᠭ᠃ ᠮᠦᠠ ᠳᠥᠷᠥᠭᠡᠨ ᠤ | ᠬᠤᠪᠢ ᠳᠤ ᠬᠥᠩᠭᠡᠨ ᠬᠠᠪᠢᠷᠭᠠᠨ ᠳᠥᠷᠥᠭᠡᠨ ᠠᠴᠠ ᠳᠤᠭᠤᠶ ᠲᠠᠪᠠᠭ ᠲᠠᠢ ᠵᠢᠷᠢᠢᠨ ᠲᠡᠮᠦᠷ ᠳᠥᠷᠦᠭᠡ᠂ ᠭᠠᠤᠯᠢᠨ ᠳᠥᠷᠦᠭᠡ᠂ ᠴᠠᠰᠤ ᠳᠥᠷᠦᠭᠡ᠂ ᠵᠢᠵᠠᠤᠳᠠᠭᠰᠠᠨ | ᠲᠡᠮᠦᠷ ᠳᠥᠷᠦᠭᠡ᠂ ᠳᠥᠷᠥᠭᠡᠨ ᠤ ᠤᠯᠠ ᠪᠤᠯᠦᠠ ᠬᠠᠵᠠᠭᠤ᠂ ᠲᠡᠭᠡᠳᠦ ᠬᠡᠰᠡᠭ ᠢᠶᠠᠷ ᠪᠢᠳᠡᠬᠦᠦ ᠰᠡᠶᠢᠯᠪᠦᠷᠢᠯᠡᠵᠦ ᠬᠡᠭᠡᠯᠡᠭᠰᠡᠨ᠂ ᠡᠩ ᠤᠨ ᠪᠤᠯᠦᠠ ᠭᠤᠶᠣᠯᠠᠯ ᠤᠨ ᠭᠡᠬᠦ | ᠮᠡᠲᠦ ᠪᠠᠷ ᠣᠯᠠᠨ ᠬᠡᠯᠪᠡᠷᠢ ᠬᠢᠴᠡᠲᠡᠢ ᠪᠤᠯᠦᠠ ᠬᠥᠭᠵᠢᠭᠰᠡᠨ ᠪᠠᠶᠢᠨ᠎ᠡ᠃ | ᠢᠷᠭᠠᠢ᠂ ᠬᠤᠯᠤᠰᠤ᠂ ᠰᠤᠮᠤᠨ ᠵᠡᠷᠭᠡ ᠬᠠᠲᠠᠭᠤ ᠮᠣᠳᠣ ᠪᠠᠷ ᠬᠢᠭᠰᠡᠨ ᠤᠷᠲᠤ ᠪᠠᠷ ᠢᠶᠠᠨ 9 ᠪᠠᠷᠢᠮ᠎ᠠ ᠬᠡᠮᠵᠢᠶ᠎ᠡ ᠲᠠᠢ ᠲᠡᠩᠵᠡᠨ ᠲᠠᠰᠢᠭᠤᠷ ᠨᠢ ᠪᠥᠬᠦ᠂ | ᠦᠵᠡᠮᠵᠢ ᠲᠠᠢ ᠲᠤᠯᠠ ᠶᠡᠬᠡᠪᠴᠢᠯᠡᠨ ᠭᠤᠶᠣᠯᠠᠯ ᠳᠤ ᠪᠠᠷᠢᠳᠠᠭ ᠣᠨᠴᠠᠯᠢᠭ ᠲᠠᠢ᠃ ᠠᠳᠤᠭᠤ ᠶᠢ ᠨᠤᠳᠤᠬ ᠨᠤᠲᠤᠭ ᠲᠤ ᠪᠡᠷᠢᠬᠤ ᠠᠷᠭ᠎ᠠ ᠥᠭᠡᠷ᠎ᠡ ᠪᠥᠭᠡᠳ | ᠶᠡᠬᠡᠪᠴᠢᠯᠡᠨ ᠪᠤᠭᠤᠶᠢᠯᠢ ᠬᠠᠶᠠᠬᠤ ᠪᠣᠯᠣᠨ ᠤᠷᠭ᠎ᠠ ᠪᠠᠷ ᠤᠷᠭᠠᠯᠠᠵᠤ ᠪᠠᠷᠢᠳᠠᠭ᠃ ᠦᠬᠡᠷ ᠤᠨ ᠡᠯᠳᠡᠭᠰᠡᠨ ᠰᠤᠷ ᠢᠶᠠᠷ ᠴᠡᠭᠡᠵᠢ ᠬᠡᠰᠡᠭ ᠢ ᠪᠥᠭᠡᠷᠡᠩᠬᠡᠶᠢᠯᠡᠨ ᠰᠦᠯᠵᠢᠵᠦ | ᠬᠢᠭᠰᠡᠨ 9 ᠠᠯᠳᠠ ᠶᠢᠨ ᠤᠷᠲᠤ ᠲᠠᠢ ᠪᠤᠭᠤᠶᠢᠯᠢ ᠶᠢ ᠡᠮᠡᠭᠡᠯ ᠤᠨ ᠢᠶᠠᠨ ᠬᠤᠶᠠᠷ ᠪᠦᠦᠷᠭᠡ ᠳᠤ ᠤᠭᠯᠠᠬᠤ ᠪᠤᠶᠤ ᠪᠡᠶ᠎ᠡ ᠳᠡᠭᠡᠨ ᠮᠥᠷᠥᠪᠴᠢᠯᠡᠨ ᠠᠪᠴᠤ ᠶᠠᠪᠤᠳᠠᠭ | ᠵᠠᠩᠰᠢᠯ ᠲᠠᠢ᠃ | ᠠᠳᠤᠭᠤᠴᠢᠳ 5-6 ᠮᠧᠲᠷ ᠤᠷᠲᠤ ᠤᠷᠭ᠎ᠠ ᠶᠢᠨ ᠢᠶᠠᠨ ᠴᠡᠭᠡᠵᠢ ᠶᠢ ᠪᠤᠷᠭᠠᠰᠤ ᠪᠠᠷ᠂ ᠪᠥᠭᠰᠡᠨ ᠬᠡᠰᠡᠭ ᠢ ᠬᠤᠰᠤ ᠪᠠᠷ ᠬᠢᠵᠦ ᠬᠤᠭᠤᠷᠦᠡᠳᠦ ᠨᠢ ᠨᠡᠷᠢᠠ | ᠰᠤᠷ ᠢᠶᠠᠷ ᠲᠠᠩᠨᠠᠶᠢᠯᠳᠠᠨ ᠪᠣᠭᠤᠵᠢ ᠬᠤᠯᠪᠤᠳᠠᠭ᠃ ᠬᠤᠶᠢᠪᠢ ᠶᠢ ᠣᠭᠤᠨᠣ ᠶᠢᠨ ᠬᠦᠵᠦᠭᠦᠨ ᠤ ᠠᠷᠠᠰᠤ ᠪᠠᠷ ᠬᠢᠪᠡᠯ ᠢᠯᠡᠭᠦᠦ ᠪᠥᠬᠡ ᠪᠣᠯᠳᠠᠭ᠃ | ︽ᠠᠯᠲᠠᠨ ᠪᠡᠶ᠎ᠡ ᠳᠤ ᠠᠮᠠᠨ ᠭᠡᠷᠡᠴᠢ᠂ ᠠᠳᠤᠭᠤ ᠶᠢ ᠮᠠᠯ ᠳᠤ ᠲᠠᠮᠠᠭ᠎ᠠ ᠭᠡᠷᠡᠴᠢ︾ ᠭᠡᠳᠡᠭ᠃ ᠠᠳᠤᠭᠤᠨ ᠤ ᠲᠠᠮᠠᠭ᠎ᠠ ᠪᠣᠯ ᠲᠤᠬᠠᠢ ᠶᠢᠨ ᠣᠪᠣᠭ ᠤᠨ ᠲᠡᠮᠳᠡᠭ | ᠂ ᠰᠦᠯᠳᠠ ᠨᠢ ᠶᠤᠮ᠃ ᠠᠳᠤᠭᠤᠨ ᠤ ᠲᠠᠮᠠᠭ᠎ᠠ ᠨᠢ ᠥᠮᠴᠢ ᠬᠥᠷᠥᠩᠭᠡ ᠡᠭᠦᠰᠦᠭᠰᠡᠨ ᠲᠠᠢ ᠬᠤᠯᠪᠣᠭ᠎ᠠ ᠲᠠᠢ ᠥᠪᠡᠷ ᠤᠨ ᠮᠠᠯ ᠢ ᠪᠤᠰᠤᠳ ᠠᠴᠠ ᠢᠯᠭᠠᠬᠤ ᠶᠢᠨ | ᠲᠤᠯᠠᠳᠠ ᠪᠤᠢ ᠪᠣᠯᠭᠤᠭᠠᠭᠰᠠᠨ ᠬᠥᠷᠦᠩᠭᠡ ᠶᠢᠨ ᠪᠡᠳᠦᠯᠠᠭ᠎ᠠ ᠶᠤᠮ᠃ ᠮᠠᠯ ᠳᠤ ᠲᠡᠷᠦᠬᠤ ᠡᠨᠡ ᠬᠦ ᠲᠡᠮᠳᠡᠭ ᠢ ᠲᠠᠮᠠᠭ᠎ᠠ᠂ ᠲᠡᠮᠳᠡᠭ᠂ ᠲᠠᠮᠠᠭ᠎ᠠ ᠲᠡᠮᠳᠡᠭ᠂ ᠲᠦᠷᠢᠮ᠂ | ᠬᠠᠭᠠᠷᠢᠯᠭ᠎ᠠ᠂ ᠬᠠᠭᠠᠷᠢᠭᠰᠠᠨ ᠭᠡᠬᠦᠴᠢᠯᠡᠨ ᠨᠤᠳᠤᠬ ᠨᠤᠲᠤᠭ ᠲᠤ ᠶᠠᠩᠵᠤ ᠪᠦᠷᠢ ᠪᠠᠷ ᠨᠡᠷᠡᠯᠡᠭᠰᠡᠭᠡᠷ ᠢᠷᠡᠭᠰᠡᠨ᠃ ᠠᠳᠤᠭᠤᠨ ᠤ ᠪᠠᠨ ᠲᠠᠮᠠᠭ᠎ᠠ ᠶᠢ ᠶᠡᠭᠡᠳᠠ ᠰᠢᠲᠦᠵᠦ᠂ | ᠲᠡᠭᠦᠨ ᠢ ᠬᠢᠯᠭᠡᠬᠦ᠂ ᠤᠨᠠᠭ᠎ᠠ ᠲᠠᠮᠠᠭᠠᠯᠠᠬᠤ᠂ ᠬᠦᠦ ᠳᠤ ᠪᠠᠨ ᠰᠢᠯᠵᠢᠬᠦᠯᠬᠦ ᠡᠳᠦᠷ ᠰᠤᠳᠤᠷ ᠢᠶᠠᠨ ᠶᠡᠭᠡ ᠨᠡᠷᠢᠠ ᠰᠣᠩᠭᠤᠵᠤ᠂ ᠲᠠᠮᠠᠭᠠᠯᠠᠭᠰᠠᠨ ᠤ ᠪᠠᠨ ᠳᠠᠷᠠᠭ᠎ᠠ | ᠰᠦᠨ ᠳᠤ ᠳᠦᠷᠦᠵᠦ ᠪᠠᠷᠴᠢᠳ ᠢ ᠨᠢ ᠭᠠᠷᠭᠠᠵᠤ ᠳᠡᠭᠡᠳᠦᠯᠡᠨ ᠬᠠᠳᠠᠭᠠᠯᠠᠳᠠᠭ ᠪᠠᠶᠢᠵᠠᠢ᠃ | ᠮᠣᠩᠭᠤᠯᠴᠤᠳ ᠨᠠᠮᠤᠷ ᠤᠨ ᠠᠳᠠᠭ ᠰᠠᠷ᠎ᠠ ᠶᠢᠨ ᠪᠠᠷᠰ ᠡᠳᠦᠷ ᠤᠨᠠᠭ᠎ᠠ ᠪᠠᠨ ᠲᠠᠮᠠᠭᠠᠯᠠᠵᠤ᠂ ᠭᠡᠭᠦᠦ ᠪᠠᠨ ᠲᠠᠯᠪᠢᠬᠤ ᠪᠥᠭᠡᠳ ᠡᠨᠡ ᠦᠶ᠎ᠡ ᠪᠠᠷ ︽ | ᠲᠠᠪᠢᠯᠭ᠎ᠠ ᠶᠢᠨ ᠨᠠᠶᠢᠷ︾᠂ ︽ᠲᠠᠮᠠᠭᠠᠨ ᠤ ᠨᠠᠶᠢᠷ︾ ᠭᠡᠬᠦ ᠮᠡᠲᠦ ᠶᠣᠰᠣᠯᠠᠯ ᠬᠢᠳᠡᠭ᠃ ᠬᠠᠮᠤᠬ ᠤᠨ ᠰᠡᠭᠦᠯ ᠤᠨ ᠠᠳᠤᠭᠤ ᠪᠠᠨ ᠲᠠᠮᠠᠭᠠᠯᠠᠬᠤ ᠳᠤ ᠪᠠᠨ ︽ | ᠲᠠᠮᠠᠭᠠᠯᠠᠭᠰᠠᠨ ᠠᠳᠤᠭᠤ ᠶᠢ ᠮᠢᠨᠢ ᠲᠡᠯ᠎ᠠ ᠪᠦᠷᠬᠦᠵᠦ᠂ ᠲᠡᠮᠳᠡᠭᠯᠡᠭᠰᠡᠨ ᠠᠳᠤᠭᠤ ᠶᠢ ᠮᠢᠨᠢ ᠲᠡᠭᠷᠢ ᠶᠢᠨ ᠣᠳᠣᠨ ᠰᠢᠭ ᠦᠷᠡᠵᠢᠭᠡᠷᠡᠢ︕︾ ᠭᠡᠵᠦ ᠢᠷᠦᠭᠡᠳᠡᠭ ᠶᠤᠮ᠃ | ᠲᠠᠮᠠᠭᠠᠨ ᠤ ᠨᠡᠷ᠎ᠡ ᠭᠠᠵᠠᠷ ᠭᠠᠵᠠᠷ ᠥᠪᠡᠷ ᠥᠪᠡᠷ᠂ ᠰᠠᠷᠠᠨ ᠲᠠᠮᠠᠭ᠎ᠠ᠂ ᠵᠤᠤᠵᠠᠢ ᠲᠠᠮᠠᠭ᠎ᠠ᠂ ᠴᠢᠨᠳᠠᠮᠤᠨᠢ ᠲᠠᠮᠠᠭ᠎ᠠ᠂ ᠬᠠᠰ ᠲᠠᠮᠠᠭ᠎ᠠ᠂ ᠭᠠᠯ ᠲᠠᠮᠠᠭ᠎ᠠ ᠭᠡᠳ ᠪᠡᠶᠡᠯᠢᠬ | ᠠᠷᠪᠢᠠ ᠶᠤᠮ᠃ | ᠤᠯᠠᠮᠵᠢᠯᠠᠯᠲᠤ ᠡᠷ᠎ᠡ ᠶᠢᠨ ᠭᠤᠷᠪᠠᠨ ᠨᠠᠭᠠᠳᠤᠮ ᠤᠨ ᠨᠢᠭᠡ ᠨᠢ ᠬᠤᠷᠳᠦᠠ ᠮᠣᠷᠢᠨ ᠤ ᠤᠷᠤᠯᠳᠤᠭᠠᠨ ᠶᠤᠮ᠃ ᠮᠣᠩᠭᠤᠯᠴᠤᠳ ᠤᠨ ᠳᠤᠮᠳᠠ ᠡᠷᠲᠡᠨ ᠠᠴᠠ | ᠬᠤᠷᠳᠦᠠ ᠮᠣᠷᠢ ᠰᠢᠡᠵᠢᠬᠦ᠂ ᠤᠶᠡᠬᠤ᠂ ᠰᠦᠢᠬᠤ ᠠᠷᠭ᠎ᠠ ᠤᠬᠠᠭᠠᠨ᠂ ᠤᠯᠠᠮᠵᠢᠯᠠᠯᠲᠤ ᠶᠣᠰᠣ ᠵᠠᠩᠰᠢᠯ ᠶᠡᠭᠡᠳᠠ ᠲᠥᠬᠡᠵᠠᠢ᠃ ᠬᠤᠷᠳᠦᠠ ᠬᠦᠯᠦᠭ ᠤᠨ ᠲᠤᠬᠠᠶ | ᠨᠢᠭᠡᠨ ᠰᠤᠳᠤᠷ ᠲᠤ ᠬᠤᠷᠳᠦᠠ ᠮᠣᠷᠢ ᠶᠢ ᠳᠣᠲᠣᠷ᠎ᠠ᠂ ᠨᠢᠭᠤᠴᠠ ᠭᠤᠷᠪᠠᠨ ᠵᠦᠢᠯ ᠢᠶᠠᠷ ᠰᠢᠨᠵᠢᠨ᠎ᠡ ᠬᠡᠮᠡᠨ ᠳᠤᠷᠠᠳᠤᠭᠰᠠᠨ ᠪᠠᠶᠢᠳᠠᠭ ᠨᠢ ᠮᠣᠩᠭᠤᠯᠴᠤᠳ | ᠰᠢᠨᠳᠠᠰᠤᠲᠤ ᠬᠦᠯᠦᠭ ᠢᠶᠠᠨ ᠬᠡᠴᠢᠨᠡᠨ ᠨᠢᠬᠳᠠ ᠨᠡᠷᠢᠠ ᠠᠵᠢᠭᠯᠠᠨ ᠰᠤᠳᠤᠯᠵᠤ᠂ ᠰᠢᠨᠵᠢᠯᠡᠵᠦ ᠪᠠᠶᠢᠭᠰᠠᠨ ᠤ ᠲᠣᠳᠤᠷᠬᠠᠶ ᠵᠢᠱᠢᠶ᠎ᠡ ᠶᠤᠮ᠃ | ᠵᠠᠩᠭᠠᠷ ᠤᠨ ᠲᠤᠤᠯᠢ ᠳᠤ ᠮᠣᠷᠢᠨ ᠤ ᠬᠤᠷᠳᠤ ᠶᠢ ︽ᠬᠥᠩᠭᠡᠨ ᠲᠡᠮᠡᠤᠯᠬᠦ ᠮᠣᠷᠢ ᠨᠢ ᠬᠥᠮᠥᠨ ᠤ ᠪᠣᠳᠣᠯ ᠠᠴᠠ ᠳᠡᠯᠢᠮ ᠬᠤᠷᠳᠦᠠ᠂ ᠬᠤᠢ ᠰᠠᠯᠬᠢᠨ ᠠᠴᠠ | ᠠᠯᠳᠠ ᠬᠤᠷᠳᠦᠠ︾ ᠭᠡᠵᠦ ᠱᠠᠭᠰᠢᠨ ᠪᠢᠴᠢᠵᠦ ᠦᠯᠡᠳᠡᠭᠡᠭᠰᠡᠨ ᠨᠢ ᠪᠤᠶ᠃ | ᠬᠥᠭᠰᠢᠴᠦᠦᠯ ᠤᠨᠤᠭᠰᠠᠨ ᠬᠡᠦᠬᠡᠳ ᠤᠨ ᠬᠡᠶᠢᠮᠣᠷᠢ᠂ ᠤᠶᠠᠭᠰᠠᠨ ᠮᠣᠷᠢᠨ ᠤ ᠬᠡᠶᠢᠮᠣᠷᠢ᠂ ᠤᠶᠠᠭᠠᠴᠢ ᠡᠵᠡᠨ ᠤ ᠬᠡᠶᠢᠮᠣᠷᠢ ᠲᠡᠭᠰᠢᠷᠡᠵᠦ ᠪᠠᠶᠢᠵᠤ ᠮᠣᠷᠢ | ᠬᠤᠷᠳᠤᠯᠠᠳᠠᠭ ᠬᠡᠮᠡᠨ ᠬᠡᠯᠡᠯᠴᠡᠳᠡᠭ᠃ ᠬᠤᠷᠳᠦᠠ ᠮᠣᠷᠢ ᠤᠷᠤᠯᠳᠤᠭᠤᠯᠬᠤ ᠳᠤ ᠰᠡᠭᠦᠯ᠂ ᠰᠣᠭᠰᠤᠭ᠎ᠠ ᠶᠢ ᠨᠢ ᠪᠣᠭᠤᠬᠤ ᠪᠣᠭᠤᠯᠲᠠ᠂ ᠬᠥᠯᠥᠰᠦ ᠶᠢ ᠨᠢ ᠬᠤᠰᠤᠬᠤ | ᠬᠤᠰᠤᠭᠤᠷ᠂ ᠬᠥᠩᠭᠡᠨ ᠡᠮᠡᠭᠡᠯ᠂ ᠬᠠᠵᠡᠭᠠᠷ᠂ ᠵᠢᠵᠢᠭ ᠲᠠᠰᠢᠭᠤᠷ ᠵᠡᠷᠭᠡ ᠠᠴᠠ ᠭᠠᠳᠡᠨ᠎ᠡ ᠤᠨᠤᠭᠠᠴᠢ ᠬᠡᠦᠬᠡᠳ ᠲᠤ ᠡᠮᠦᠰᠬᠡᠬᠦ ᠲᠤᠰᠬᠠᠶ ᠴᠡᠮᠴᠠ᠂ ᠭᠤᠶᠠᠪᠴᠢ᠂ | ᠪᠤᠶᠢᠲᠤᠭ᠂ ᠮᠠᠯᠠᠭᠠᠶ ᠪᠦᠬᠦ᠋ᠢᠯᠡ ᠬᠤᠪᠴᠠᠰᠤ ᠵᠡᠷᠭᠡ ᠵᠦᠢᠯᠡᠰ ᠣᠷᠣᠨ᠎ᠠ᠃ | ᠬᠤᠷᠳᠦᠠ ᠮᠣᠷᠢ ᠤᠨᠠᠬᠤ ᠬᠡᠦᠬᠡᠳ ᠬᠥᠳᠡᠯᠭᠡᠭᠡᠨ ᠳᠤ ᠰᠠᠭᠠᠳ ᠪᠣᠯᠬᠤ ᠦᠭᠡᠢ᠂ ᠬᠠᠯᠠᠭᠤᠴᠠᠬᠤ ᠳᠤ ᠪᠡᠶ᠎ᠠ ᠪᠠᠷᠢᠬᠤ ᠦᠭᠡᠢ᠂ ᠳᠠᠪᠬᠢᠬᠤ ᠳᠤ ᠰᠠᠯᠬᠢ | ᠬᠥᠭᠡᠷᠭᠡᠳᠡᠬᠦ ᠦᠭᠡᠢ᠂ ᠪᠡᠶ᠎ᠡ ᠳᠤ ᠲᠣᠬᠢᠷᠠᠭᠰᠠᠨ᠂ ᠬᠥᠩᠭᠡᠨ ᠠᠪᠰᠠᠷᠬᠠᠨ᠂ ᠲᠤᠳᠦ ᠥᠩᠭᠡ ᠶᠢᠨ ᠬᠤᠪᠴᠠᠰᠤ ᠡᠮᠦᠰᠦᠨ᠎ᠡ᠃ | | |