10% ᠶᠢᠨ ᠵᠢᠷᠦᠬᠡᠨ ᠤ ᠲᠦᠭᠵᠢᠷᠡᠯ ᠡᠪᠡᠳᠴᠢᠨ ᠨᠢ ᠠᠭᠤᠷ ᠤᠮᠤᠭ ᠶᠡᠭᠡᠳᠡᠭᠰᠡᠨ ᠠᠴᠠ ᠪᠤᠯᠵᠤ ᠡᠭᠦᠰᠳᠡᠭ︕ ᠡᠮᠴᠢ ᠶᠢᠨ ᠰᠠᠨᠠᠭᠤᠯᠭ᠎ᠠ
ᠨᠡᠶᠢᠲᠡᠯᠡᠭᠰᠡᠨ ᠴᠠᠭ᠄
2025/5/26
      ᠳᠤᠮᠳᠠᠳᠤ ᠤᠯᠤᠰ ᠤᠨ ᠠᠨᠠᠭᠠᠬᠤ ᠤᠬᠠᠭᠠᠨ ᠤ ᠰᠢᠨᠵᠢᠯᠡᠬᠦ ᠤᠬᠠᠭᠠᠨ ᠤ ᠬᠦᠷᠢᠶᠡᠯᠡᠩ ᠤᠨ ᠹᠦ᠋ ᠸᠠᠶ ᠡᠮᠨᠡᠯᠭᠡ ᠶᠢᠨ ᠬᠤᠷᠢᠶᠠᠨ ᠤ ᠪᠦᠯᠬᠦᠮ ᠤᠨ ᠬᠢᠨ ᠳᠤᠮᠳᠠᠳᠤ ᠤᠯᠤᠰ ᠤᠨ ᠵᠢᠷᠦᠬᠡᠨ ᠤ ᠲᠦᠭᠵᠢᠷᠡᠯ ᠤᠯᠤᠬᠰᠠᠨ ᠡᠪᠡᠳᠴᠢᠲᠡᠨ ᠳᠤ ᠵᠠᠳᠠᠯᠤᠯᠲᠠ ᠬᠢᠭᠡᠳ᠂ 10% ᠶᠢᠨ ᠵᠢᠷᠦᠬᠡᠨ ᠤ ᠲᠦᠭᠵᠢᠷᠡᠯ ᠡᠪᠡᠳᠴᠢᠨ ᠨᠢ ᠠᠭᠤᠷ ᠤᠮᠤᠭ ᠶᠡᠭᠡᠳᠡᠭᠰᠡᠨ ᠠᠴᠠ ᠪᠤᠯᠵᠤ ᠡᠭᠦᠰᠳᠡᠭ ᠢ ᠣᠯᠵᠤ ᠮᠡᠳᠡᠵᠡᠢ᠃ ᠡᠮᠴᠢ᠄ ᠬᠥᠮᠦᠨ ᠤᠷᠮ᠎ᠠ ᠰᠡᠳᠬᠢᠯᠭᠡ ᠶᠢᠨ ᠲᠠᠯ᠎ᠠ ᠪᠠᠷ ᠰᠠᠨᠳᠤᠷᠠᠬᠤ᠂ ᠪᠠᠴᠢᠮᠳᠠᠬᠤ᠂ ᠠᠭᠤᠷᠯᠠᠬᠤ᠂ ᠳᠣᠭᠳᠣᠯᠬᠤ ᠦᠶ᠎ᠡ ᠳᠤ᠂ ᠰᠣᠯᠪᠢᠭᠤ ᠮᠡᠳᠡᠷᠡᠯ ᠢᠳᠡᠪᠬᠢᠵᠢᠵᠦ᠂ ᠡᠭᠦᠨ ᠤ ᠤᠯᠠᠮ ᠢᠶᠠᠷ ᠴᠢᠰᠤᠨ ᠳᠠᠷᠤᠯᠲᠠ ᠲᠦᠷᠭᠡᠨ ᠳᠡᠭᠡᠭᠰᠢᠯᠡᠵᠦ᠂ ᠵᠢᠷᠦᠬᠡᠨ ᠳᠠᠪᠲᠠᠮᠵᠢ ᠲᠦᠷᠭᠡᠰᠴᠦ᠂ ᠴᠢᠰᠤ ᠠᠮᠠᠷᠬᠠᠨ ᠡᠭᠡᠳᠡᠷᠡᠨ᠎ᠡ᠃ ᠡᠨᠡ ᠦᠶ᠎ᠡ ᠳᠤ᠂ ᠬᠥᠮᠦᠨ ᠤ ᠳᠣᠲᠣᠭᠠᠳᠤ ᠣᠷᠴᠢᠨ ᠲᠡᠩᠴᠡᠭᠦᠷᠢ ᠪᠠᠨ ᠠᠯᠳᠠᠵᠤ᠂ ᠵᠠᠯᠭᠠᠭᠠᠳ ᠵᠢᠷᠦᠬᠡ ᠴᠢᠰᠤᠨ ᠰᠤᠳᠠᠯ ᠤᠨ ᠡᠪᠡᠳᠴᠢᠨ ᠢ ᠡᠭᠦᠰᠭᠡᠬᠦ ᠪᠦᠭᠡᠳ ᠤᠷᠲᠤ ᠬᠤᠭᠤᠴᠠᠭ᠎ᠠ ᠪᠠᠷ ᠢᠩᠭᠢᠭᠡᠳ ᠪᠠᠶᠢᠪᠠᠯ ᠥᠮᠡᠨ ᠡᠪᠡᠳᠴᠢᠨ ᠡᠭᠦᠰᠭᠡᠵᠦ ᠮᠡᠳᠡᠨ᠎ᠡ ᠬᠡᠪᠡ᠃ ᠤᠷᠮ᠎ᠠ ᠰᠡᠳᠬᠢᠯᠭᠡ ᠳᠣᠭᠳᠣᠯᠵᠤ ᠪᠠᠶᠢᠭ᠎ᠠ ᠦᠶ᠎ᠡ ᠳᠤ ᠠᠭᠤᠷᠯᠠᠬᠤ ᠪᠠᠨ ᠵᠣᠭᠰᠣᠵᠤ᠂ ᠭᠦᠨ ᠠᠮᠢᠰᠬᠤᠵᠤ᠂ ᠥᠪᠡᠷ ᠤᠨ ᠵᠢᠷᠦᠬᠡᠨ ᠤ ᠡᠷᠡᠭᠦᠯ ᠮᠡᠨᠳᠦ ᠪᠠᠨ ᠬᠠᠮᠠᠭᠠᠯᠠᠪᠡᠯ ᠵᠤᠬᠢᠨ᠎ᠠ ᠭᠡᠵᠦ ᠰᠠᠨᠠᠭᠤᠯᠪᠠ᠃
ᠢᠷᠡᠯᠲᠡ᠄ ᠳᠤᠮᠳᠠᠳᠤ ᠤᠯᠤᠰ ᠤᠨ ᠮᠣᠩᠭᠤᠯ ᠬᠡᠯᠡᠨ ᠤ ᠰᠣᠨᠢᠨ ᠮᠡᠳᠡᠭᠡ ᠶᠢᠨ ᠰᠦᠯᠵᠢᠶ᠎ᠡ