ᠰᠤᠳᠠᠯ ᠬᠠᠳᠠᠭᠤᠷᠡᠪᠡᠯ ᠬᠥᠮᠥᠨ ᠴᠤ ᠥᠳᠡᠯᠳᠡᠭ᠃ ᠬᠥᠮᠥᠨ ᠤ ᠪᠡᠶ᠎ᠠ ᠨᠢᠭᠡ ᠪᠥᠳᠥᠭᠦᠨ ᠮᠤᠳᠤ ᠰᠢᠬ ᠮᠥᠷᠳᠡᠭᠡᠨ ᠴᠢᠰᠤᠨ ᠰᠤᠳᠠᠯ ᠨᠢ ᠶᠠᠭ ᠯᠠ ᠮᠤᠳᠤᠨ | ᠥᠨᠳᠤᠰᠤ ᠰᠤᠷᠪᠤᠯᠵᠢ ᠮᠡᠳᠤ ᠪᠠᠶᠢᠵᠤ᠂ ᠴᠢᠰᠤᠨ ᠰᠤᠳᠠᠯ ᠵᠠᠯᠠᠭᠤ ᠳᠠᠩᠬᠢᠯ ᠪᠠᠶᠢᠮᠠᠨᠵᠢᠨ ᠬᠥᠮᠥᠨ ᠰᠠᠶᠢ ᠠᠮᠢᠵᠢᠷᠠᠯ ᠤᠨ ᠬᠥᠴᠥᠨ ᠢᠶᠠᠨ ᠡᠭᠦᠷᠢᠳᠡ ᠪᠠᠳᠤᠯᠠᠵᠤ | ᠴᠢᠳᠠᠨ᠎ᠠ᠃ ᠢᠳᠡᠭᠡᠨ ᠤ ᠰᠢᠷᠬᠡᠭᠯᠢᠭ ᠴᠢᠰᠤᠨ ᠳᠠᠷᠤᠯᠳᠠ ᠶᠢ ᠬᠢᠵᠠᠭᠠᠷᠯᠠᠵᠤ᠂ ᠴᠢᠰᠤᠨ ᠤ ᠥᠭᠡᠬᠦ ᠶᠢ ᠵᠤᠬᠢᠴᠠᠭᠤᠯᠳᠠᠭ᠃ | ᠢᠳᠡᠭᠡᠨ ᠤ ᠰᠢᠷᠬᠡᠭᠯᠢᠭ ᠤᠨᠴᠠᠭᠠᠢᠢᠯᠠᠨ ᠤᠰᠤᠨ ᠳᠤ ᠠᠭᠤᠰᠬᠤ ᠴᠢᠨᠠᠷᠳᠡᠢ ᠢᠳᠡᠭᠡᠨ ᠤ ᠰᠢᠷᠬᠡᠭᠯᠢᠭ ᠨᠢ ᠴᠢᠰᠤᠨ ᠳᠤᠳᠤᠷᠠᠬᠢ ᠰᠥᠰᠥᠨ ᠤ ᠭᠤᠤᠨᠠᠨ | ᠠᠯᠺᠥᠤᠯ ᠢ ᠪᠠᠭᠤᠷᠠᠭᠤᠯᠳᠠᠭ᠃ ᠳᠡᠯᠭᠡᠷᠡᠮᠡᠯ ᠡᠪᠡᠳᠴᠢᠨ ᠤ ᠰᠤᠳᠤᠯᠤᠯ ᠳᠤ ᠭᠡᠷᠡᠴᠢᠯᠡᠭᠰᠡᠨ ᠢᠶᠠᠷ᠂ ᠭᠥᠢᠴᠡᠳ ᠢᠳᠡᠭᠡᠨ ᠤ ᠰᠢᠷᠬᠡᠭᠯᠢᠭ ᠨᠢ ᠲᠢᠳᠢᠮᠯᠢᠭ ᠵᠢᠷᠤᠬᠡᠨ | ᠡᠪᠡᠳᠴᠢᠨ᠂ ᠯᠤᠭᠰᠢᠭᠤᠨ ᠰᠤᠳᠠᠯ ᠤᠨ ᠥᠭᠡᠬᠦᠵᠢᠬᠦ ᠴᠢᠨᠠᠷᠳᠡᠢ ᠬᠠᠳᠠᠭᠤᠷᠠᠯ ᠵᠡᠷᠭᠡ ᠵᠢᠷᠤᠬᠡ ᠳᠠᠷᠢᠬᠢᠨ ᠰᠤᠳᠠᠯ ᠤᠨ ᠡᠪᠡᠳᠴᠢᠨ ᠤ ᠲᠥᠭᠰᠢᠭᠦᠷᠢ ᠶᠢ | ᠳᠤᠷᠤᠭᠰᠢᠯᠠᠭᠤᠯᠤᠨ᠎ᠠ᠃ ᠬᠥᠮᠥᠨ ᠡᠳᠤᠷ ᠪᠥᠷᠢ 25 ᠭᠷᠠᠮ ᠢᠳᠡᠭᠡᠨ ᠤ ᠰᠢᠷᠬᠡᠭᠯᠢᠭ ᠢ ᠰᠢᠩᠭᠡᠭᠡᠪᠡᠯ ᠪᠡᠶ᠎ᠠ ᠶᠢᠨ ᠡᠷᠡᠭᠦᠯ ᠳᠤ ᠠᠰᠢᠬᠳᠡᠢ᠃ ᠲᠥᠯᠥᠭᠡᠯᠡᠬᠦ ᠴᠢᠨᠠᠷᠳᠡᠢ | ᠢᠳᠡᠭᠡᠨ ᠳᠤ ᠪᠤᠷᠴᠠᠭ᠂ ᠵᠥᠷᠵᠢ᠂ ᠠᠯᠮᠤᠷᠠᠳ᠂ ᠠᠯᠢᠮ᠎ᠠ ᠵᠡᠷᠭᠡ ᠵᠢᠮᠢᠰ ᠨᠤᠭᠤᠭ᠎ᠠ᠂ ᠬᠠᠯᠢᠰᠤ ᠲᠠᠢ ᠰᠢᠷ᠎ᠠ ᠪᠤᠷᠴᠠᠭ ᠪᠠ ᠨᠤᠭᠤᠭᠠᠨ ᠪᠤᠷᠴᠠᠭ᠂ ᠬᠠᠪᠳᠠᠭᠠᠢ ᠪᠤᠷᠴᠠᠭ | ᠪᠠ ᠸᠨᠨᠳᠧᠤ ᠵᠡᠷᠭᠡ ᠬᠤᠯᠢᠮᠠᠭ ᠪᠤᠷᠴᠠᠭ᠂ ᠪᠤᠭᠤᠳᠠᠢ ᠵᠡᠷᠭᠡ ᠨᠠᠷᠢᠮᠤ ᠶᠢᠨ ᠵᠥᠢᠯᠡᠰ᠂ ᠳᠤᠮᠤ ᠭᠥᠢᠯᠡᠰᠤᠨ ᠴᠥᠮ᠎ᠠ᠂ ᠬᠤᠰᠢᠭ᠎ᠠ᠂ ᠯᠤᠬᠠᠱᠧᠩ ᠵᠡᠷᠭᠡ ᠬᠠᠳᠠᠭᠤ | ᠬᠠᠯᠢᠰᠤᠳᠤ ᠵᠢᠮᠢᠰ ᠲᠤ ᠢᠳᠡᠭᠡᠨ ᠤ ᠰᠢᠷᠬᠡᠭᠯᠢᠭ ᠮᠠᠰᠢ ᠡᠯᠪᠡᠭ ᠪᠠᠶᠢᠳᠠᠭ᠃ | ᠹᠤᠰᠹᠤᠷᠳᠤ ᠥᠭᠡᠬᠦ ᠰᠤᠳᠠᠯ ᠬᠠᠳᠠᠭᠤᠷᠠᠬᠤ ᠶᠢ ᠰᠡᠷᠭᠡᠶᠢᠯᠡᠳᠡᠭ᠃ ᠹᠤᠰᠹᠤᠷᠳᠤ ᠥᠭᠡᠬᠦ ᠪᠤᠯ ᠤᠭᠤᠷᠠᠭ ᠤᠨ ᠪᠥᠷᠢᠯᠳᠥᠭᠦᠨ ᠤ ᠨᠢᠭᠡ ᠨᠢ ᠪᠠᠶᠢᠵᠤ᠂ ᠤᠭᠤᠷᠠᠭ | ᠶᠠᠭ ᠯᠠ ᠰᠥᠰᠥᠨ ᠤ ᠭᠤᠤᠨᠠᠨ ᠠᠯᠺᠥᠤᠯ ᠢ ᠠᠴᠢᠭᠰᠠᠨ ︽ᠵᠢᠵᠢᠭ ᠰᠠᠯ︾ ᠰᠢᠬ ᠢᠶᠠᠷ ᠰᠥᠰᠥᠨ ᠤ ᠭᠤᠤᠨᠠᠨ ᠠᠯᠺᠥᠤᠯ ᠤᠨ ᠳᠤᠬᠢᠷᠠᠮᠵᠢᠳᠡᠢ ᠡᠷᠭᠢᠯᠳᠡ ᠪᠠ | ᠰᠤᠯᠢᠭᠳᠠᠯ ᠢ ᠠᠬᠢᠭᠤᠯᠵᠤ᠂ ᠰᠥᠰᠥᠨ ᠤ ᠭᠤᠤᠨᠠᠨ ᠠᠯᠺᠥᠤᠯ ᠰᠤᠳᠠᠯ ᠤᠨ ᠬᠠᠨᠠᠨ ᠳᠡᠭᠡᠷ᠎ᠠ ᠬᠤᠷᠠᠬᠤ ᠶᠢ ᠰᠡᠷᠭᠡᠶᠢᠯᠡᠳᠡᠭ᠃ ᠡᠩ ᠤᠨ ᠬᠥᠮᠥᠨ ᠡᠳᠤᠷ ᠪᠥᠷᠢ 6 - | 8 ᠭᠷᠡᠮ ᠹᠤᠰᠹᠤᠷᠳᠤ ᠥᠭᠡᠬᠦ ᠰᠢᠩᠭᠡᠭᠡᠪᠡᠯ ᠳᠤᠬᠢᠷᠠᠮᠵᠢᠳᠡᠢ᠃ ᠡᠷᠡᠭᠦᠯᠵᠢᠯ ᠤᠨ ᠱᠠᠭᠠᠷᠳᠠᠯᠭ᠎ᠠ ᠠᠴᠠ ᠪᠤᠯᠵᠤ᠂ 15 - 25 ᠭᠷᠡᠮ ᠰᠢᠩᠭᠡᠭᠡᠭᠰᠡᠨ ᠴᠤ ᠪᠤᠯᠤᠨ᠎ᠠ᠃ | ᠹᠤᠰᠹᠤᠷᠳᠤ ᠥᠭᠡᠬᠦ ᠨᠢ ᠥᠨᠳᠡᠭᠡᠨ ᠰᠢᠷ᠎ᠠ᠂ ᠪᠤᠷᠴᠠᠭ ᠲᠤ ᠡᠯᠪᠡᠭ ᠠᠭᠤᠯᠤᠭᠳᠠᠳᠠᠭ᠃ ᠡᠭᠦᠨ ᠠᠴᠠ ᠭᠠᠳᠠᠨ᠎ᠠ᠂ ᠬᠠᠷ᠎ᠠ ᠮᠢᠬ᠎ᠠ᠂ ᠠᠮᠢᠳᠠᠨ ᠤ ᠡᠯᠢᠭᠡ᠂ ᠨᠠᠷᠠᠨ | ᠬᠤᠸᠠᠷ ᠤᠨ ᠥᠷ᠎ᠠ᠂ ᠮᠠᠭᠠᠯᠢᠩᠭᠤ ᠶᠢᠨ ᠥᠷ᠎ᠠ ᠪᠠ ᠮᠠᠭᠠᠵᠢ ᠶᠢᠨ ᠳᠤᠳᠤᠷ᠎ᠠ ᠴᠤ ᠨᠡᠯᠢᠶᠡᠳ ᠡᠯᠪᠡᠭ ᠪᠠᠶᠢᠳᠠᠭ᠃ | ᠸᠢᠲ᠋ᠠᠮᠢᠨ C ᠪᠤᠯ ᠨᠢᠭᠡ ᠵᠥᠢᠯ ᠤᠨ ᠴᠢᠩᠭ᠎ᠠ ᠢᠰᠥᠯᠳᠤᠬᠦ ᠶᠢ ᠬᠤᠷᠢᠭᠯᠠᠬᠤ ᠡᠳ᠋ ᠶᠤᠮ᠃ ᠲᠡᠷᠡ ᠨᠢ ᠡᠯ᠎ᠠ ᠵᠥᠢᠯ ᠤᠨ ᠴᠢᠯᠥᠭᠡᠳᠤ ᠭᠧᠨ ᠪᠠ ᠰᠢᠯᠵᠢᠩᠭᠦᠢ | ᠬᠥᠴᠢᠯᠳᠦ᠋ᠷᠥᠭᠴᠢ ᠶᠢ ᠢᠯᠭᠠᠨ᠂ ᠰᠤᠳᠠᠯ ᠳᠠᠬᠢ ᠥᠭᠡᠬᠦ ᠢᠰᠥᠯᠳᠥᠬᠦ ᠶᠢ ᠰᠡᠷᠬᠡᠶᠢᠯᠡᠵᠤ᠂ ᠯᠤᠭᠰᠢᠭᠤᠨ ᠰᠤᠳᠠᠯ ᠥᠭᠡᠬᠦᠵᠢᠬᠦ ᠬᠠᠳᠠᠭᠤᠷᠠᠬᠤ ᠵᠡᠷᠭᠡ ᠵᠢᠷᠤᠬᠡ | ᠳᠠᠷᠢᠬᠢᠨ ᠰᠤᠳᠠᠯ ᠤᠨ ᠡᠪᠡᠳᠴᠢᠨ ᠢ ᠪᠠᠭᠠᠰᠬᠠᠳᠠᠭ᠃ ᠸᠢᠲ᠋ᠠᠮᠢᠨ C ᠨᠢ ᠳᠤᠯᠤᠨᠤ᠂ ᠴᠢᠪᠠᠭ᠎ᠠ᠂ ᠳᠤᠰᠢᠯᠤᠭ᠂ ᠨᠤᠭᠤᠭᠠᠨ ᠴᠡᠴᠡᠭᠳᠤ ᠨᠤᠭᠤᠭ᠎ᠠ᠂ ᠴᠠᠭᠠᠨ ᠨᠤᠭᠤᠭ᠎ᠠ | ᠵᠡᠷᠭᠡ ᠰᠢᠨ᠎ᠠ ᠰᠤᠷᠭᠤᠭ ᠵᠢᠮᠢᠰ ᠨᠤᠭᠤᠭ᠎ᠠ ᠳᠤ ᠡᠯᠪᠡᠭ ᠠᠭᠤᠯᠤᠭᠳᠠᠨ᠂ ᠢᠯᠠᠩᠭᠤᠶ᠎ᠠ ᠳᠤᠯᠤᠨᠤ᠂ ᠰᠤᠷᠭᠤᠭ ᠴᠢᠪᠠᠭ᠎ᠠ᠂ ᠳᠤᠰᠢᠯᠤᠭ ᠲᠤ ᠮᠠᠰᠢ ᠡᠯᠪᠡᠭ ᠪᠠᠶᠢᠵᠤ᠂ ᠡᠳᠤᠷ | ᠪᠥᠷᠢ ᠲᠤᠯᠤᠭ᠎ᠠ ᠨᠠᠢᠮᠠᠨ ᠴᠢᠪᠠᠭ᠎ᠠ ᠢᠳᠡᠪᠡᠯ ᠸᠢᠲ᠋ᠠᠮᠢᠨ C ᠶᠢᠨ ᠱᠠᠭᠠᠷᠳᠠᠯᠭ᠎ᠠ ᠶᠢ ᠥᠨᠳᠤᠰᠤᠨ ᠳᠡᠭᠡᠨ ᠬᠠᠩᠭᠠᠴᠢᠬᠠᠨᠠ᠃ | ᠺᠠᠯᠢ ᠶᠢ ᠪᠠᠶᠢᠭᠠᠯᠢᠯᠢᠭ ᠴᠢᠰᠤᠨ ᠳᠠᠷᠤᠯᠳᠠ ᠪᠠᠭᠤᠷᠠᠭᠤᠯᠬᠤ ᠡᠮ ᠭᠡᠳᠡᠭ᠃ ᠺᠠᠯᠢ ᠨᠢ ᠰᠤᠳᠠᠯ ᠢ ᠳᠡᠯᠡᠵᠤ᠂ ᠰᠤᠳᠠᠯ ᠳᠤᠳᠤᠷᠠᠬᠢ ᠬᠠᠷᠰᠢ ᠰᠠᠭᠠᠳ ᠢ | ᠪᠠᠭᠠᠰᠬᠠᠬᠤ᠂ ᠰᠢᠩᠭᠡᠨ ᠨᠠᠳ᠋ᠷᠢ ᠶᠢ ᠭᠠᠳᠠᠭᠰᠢᠯᠠᠭᠤᠯᠬᠤ ᠥᠢᠯᠡᠳᠤᠯ ᠲᠠᠢ᠃ ᠺᠠᠯᠢ ᠶᠢ ᠡᠳᠤᠷ ᠪᠥᠷᠢ 3500 ᠮᠢᠯᠢᠭᠷᠡᠮ ᠰᠢᠩᠭᠡᠬᠡᠪᠡᠯ ᠪᠤᠯᠴᠢᠬᠠᠨ᠎ᠠ᠃ ᠢᠳᠡᠰᠢᠨ | ᠨᠤᠭᠤᠭ᠎ᠠ᠂ ᠢᠯᠠᠩᠭᠤᠶ᠎ᠠ ᠨᠤᠭᠤᠭᠠᠨ ᠨᠠᠪᠴᠢᠳᠤ ᠢᠳᠡᠰᠢᠨ ᠨᠤᠭᠤᠭ᠎ᠠ᠂ ᠮᠥᠭᠦ ᠶᠢᠨ ᠲᠥᠷᠥᠯ᠂ ᠲᠥᠮᠤᠰᠤᠨ ᠤ ᠲᠥᠷᠥᠯ ᠵᠢᠴᠢ ᠵᠢᠮᠢᠰ ᠪᠠ ᠪᠤᠷᠴᠠᠭ ᠲᠤ ᠡᠯᠪᠡᠭ | ᠪᠠᠶᠢᠳᠠᠭ᠃ |