ᠠᠷᠭᠠᠳᠠᠬᠤᠢ
ᠨᠡᠶᠢᠲᠡᠯᠡᠭᠰᠡᠨ ᠴᠠᠭ᠄
2025/5/29
      ᠠᠭᠤᠣ ᠣᠷᠴᠢᠯᠠᠩ ᠤᠨ ᠡᠨᠡ ᠠᠭᠤᠳᠠᠮ ᠵᠠᠢ ᠳᠤ ᠬᠦᠭᠡᠷᠦᠬᠦᠢ ᠴᠡᠩᠬᠡᠷ ᠪᠦᠮᠪᠦᠷᠴᠡᠭ ᠮᠢᠨᠢ ᠡᠬᠡ ᠶᠢᠨ ᠬᠡᠪᠡᠯᠢ ᠳᠤ ᠠᠮᠢᠰᠬᠤᠨ ᠪᠦᠮᠪᠦᠷᠢᠬᠦ ᠬᠦᠪᠦᠷᠡᠯ ᠮᠡᠳᠦ ᠡᠩᠬᠦᠷᠡᠶᠢᠬᠡᠨ᠂ ᠡᠮᠵᠡᠭᠬᠡᠨ ᠬᠠᠷᠠᠭᠳᠠᠨ᠎ᠠ ᠪᠢᠵᠡ︖ ᠲᠡᠶᠢᠮᠦ ᠰᠢᠦ᠂ ᠶᠡᠭᠡ ᠡᠮᠵᠡᠭ ᠶᠡᠭᠡ ᠡᠩᠬᠦᠷᠡᠢ ᠠᠵᠢ᠃ ᠡᠨᠡ ᠬᠦ ᠨᠠᠨᠳᠢᠨ ᠡᠩᠬᠦᠷᠡᠢ᠂ ᠡᠮᠵᠡᠭ ᠬᠤᠪᠣᠷ ᠡᠷᠳᠡᠨᠢ ᠲᠡᠭᠡᠷ᠎ᠡ ᠲᠦᠮᠡ ᠮᠢᠩᠭᠠᠨ ᠠᠮᠢ ᠨᠠᠰᠣ ᠲᠦᠮᠡ ᠮᠢᠩᠭᠠᠨ ᠵᠢᠯ ᠣᠷᠣᠰᠢᠨ ᠪᠣᠢ᠃ ᠬᠡᠴᠢᠨᠡᠬᠡᠨ ᠨᠠᠨᠳᠢᠨ᠂ ᠬᠡᠴᠢᠨᠡᠬᠡᠨ ᠣᠷᠠᠨ᠂ ᠬᠡᠴᠢᠨᠡᠬᠡᠨ ᠡᠷᠬᠢᠮ ᠠᠵᠢ᠃ ᠠᠮᠢ ᠣᠷᠣᠰᠢᠬᠤ ᠶᠢᠨ ᠴᠡᠩᠬᠡᠭ ᠠᠭᠠᠷ ᠶᠠᠮᠠᠷ ᠠᠭᠤᠣ ᠪᠢᠯᠡ︖ ᠬᠡᠴᠢᠨᠡᠬᠡᠨ ᠲᠦᠮᠡᠨ ᠵᠢᠯ ᠳᠤ ᠶᠠᠭᠠᠬᠢᠵᠦ ᠪᠦᠷᠢᠯᠳᠦᠨ ᠲᠣᠭᠲᠠᠪᠠ︖       ᠨᠢᠭᠡ ᠬᠤᠷᠣᠮ ᠴᠦ ᠰᠠᠯᠣᠯ ᠦᠭᠡᠢ ᠡᠨᠡ ᠲᠡᠯᠡᠬᠡᠢ ᠶᠢᠨ ᠠᠮᠢᠳᠠᠨ ᠣᠷᠭᠤᠮᠠᠯ ᠡᠨᠡ ᠠᠷᠢᠭᠤᠨ ᠨᠠᠨᠳᠢᠨ ᠡᠬᠡ ᠶᠢᠨ ᠰᠦ ᠮᠡᠳᠦ ᠠᠭᠠᠷ ᠢ ᠠᠮᠢᠰᠬᠤᠨ ᠪᠠᠶᠢᠨ᠎ᠠ ᠭᠡᠳᠡᠭ ᠢ ᠪᠣᠳᠣᠬᠤ ᠪᠠᠷ ᠴᠢ ᠪᠢᠳᠡ ᠶᠣᠰᠣᠲᠠᠢ ᠵᠠᠯᠪᠠᠷᠢᠨ᠎ᠠ ᠪᠠᠶᠢᠬ᠎ᠠ᠃ ᠪᠢ ᠠᠭᠠᠷ ᠤᠨ ᠲᠣᠬᠠᠢ ᠬᠠᠷ᠎ᠠ ᠣᠬᠠᠭᠠᠨ ᠢᠶᠠᠷ ᠢᠶᠠᠨ ᠶᠡᠭᠡ ᠪᠣᠳᠣᠵᠦ ᠰᠠᠭᠤᠳᠠᠭ ᠡ᠃ ᠠᠭᠠᠷ ᠪᠡᠶ᠎ᠡ ᠲᠣᠲᠣᠭᠤᠷ ᠮᠢᠨᠢ ᠣᠷᠣᠰᠦᠨ ᠲᠣᠯᠭᠢᠶᠠᠯᠠᠵᠦ᠂ ᠵᠢᠷᠦᠬᠡ ᠲᠠᠷᠢᠬᠢ ᠶᠢ ᠠᠵᠢᠯᠯᠠᠭᠤᠯᠣᠨ ᠪᠣᠳᠣᠯᠬᠢᠯᠠᠭᠤᠯᠵᠦ᠂ ᠰᠡᠳᠭᠢᠭᠦᠯᠵᠦ ᠁ ᠪᠠᠶᠢᠨ᠎ᠠ ᠭᠡᠬᠦ ᠠᠴᠠ ᠠᠮᠢ ᠨᠠᠰᠣ ᠠᠭᠠᠷ ᠤᠨ ᠪᠦᠳᠦᠭᠡᠯ᠂ ᠠᠭᠠᠷ ᠤᠨ ᠪᠣᠳᠣᠯ ᠵᠢᠷᠦᠬᠡ ᠮᠡᠳᠦ ᠪᠣᠯᠵᠦ ᠢᠷᠡᠳᠡᠭ᠃ ᠡᠳᠦᠷ ᠰᠦᠨᠢ ᠦᠭᠡᠢ ᠠᠭᠠᠷ ᠲᠣᠳᠣᠷ᠎ᠠ ᠱᠣᠩᠪᠠᠨ ᠠᠮᠢᠳᠣᠷᠠᠵᠦ ᠪᠠᠶᠢᠬᠤ ᠪᠠᠨ ᠪᠣᠳᠣᠬᠤ ᠪᠠᠷ ᠡᠬᠡ ᠶᠢᠨ ᠠᠯᠲᠠᠨ ᠬᠡᠪᠡᠯᠢ ᠮᠡᠳᠦ ᠠᠮᠣᠭᠤᠯᠠᠩ ᠠᠷᠢᠭᠤᠨ ᠲᠠᠭᠰᠢᠨ ᠦᠯᠦᠭᠡᠢ ᠮᠢᠨᠢ ᠪᠣᠯᠣᠨ᠎ᠠ᠃ ᠠᠭᠠᠷ ᠲᠦᠭᠦᠷᠡᠩ ᠰᠢᠷᠣᠩᠬᠠᠶᠢᠯᠠᠬᠤ ᠮᠣᠩᠭᠤᠯ ᠠᠷᠠᠳ ᠤᠨ ᠲᠠᠭᠤᠣ ︽ᠠᠯᠲᠠᠨ ᠵᠢᠭᠦᠷ ᠲᠠᠢ ᠴᠡᠭᠴᠡᠣᠬᠡᠢ ᠨᠢ᠂ ᠠᠭᠠᠷ ᠠᠴᠠ ᠨᠠᠭᠠᠭᠤᠷ ᠵᠢᠷᠭᠢᠨ᠎ᠠ ᠳ᠋ᠠ︾ ᠶᠢ ᠠᠭᠤᠳᠠᠮ ᠠᠭᠠᠷ ᠠᠴᠠ ᠮᠡᠳᠡᠷᠡᠬᠦ ᠪᠠᠷ ᠠᠭᠠᠷ ᠮᠢᠨᠢ ᠪᠠᠭ᠎ᠠ ᠴᠠᠭᠠᠰᠢ ᠪᠠᠨ ᠶᠠᠪᠣᠵᠦ᠂ ᠲᠡᠭᠷᠢ ᠪᠣᠯᠵᠦ ᠢᠷᠡᠨ᠎ᠡ᠃ ᠲᠡᠶᠢᠮᠦ ᠳ᠋ᠡ᠂ ᠠᠯᠲᠠᠨ ᠵᠢᠭᠦᠷᠲᠠᠢ ᠶᠤᠮ ᠴᠢᠨᠢ ᠲᠡᠶᠢᠮᠦ ᠦᠨᠳᠦᠷ ᠲᠤ ᠲᠡᠭᠦᠯᠢᠯ ᠦᠭᠡᠢ ᠶᠠᠭᠠᠬᠢᠬᠤᠪ ︖ ᠪᠢᠳᠡᠨ ᠤ ᠰᠡᠳᠭᠢᠯ ᠳᠤ ᠠᠭᠠᠷ ᠲᠡᠭᠷᠢ ᠭᠡᠵᠦ ᠬᠤᠯᠪᠣᠨ ᠲᠠᠳᠴᠦ ᠡᠬᠢᠯᠡᠭᠰᠡᠨ ᠨᠢ ᠴᠦ ᠶᠡᠭᠡ ᠣᠴᠢᠷᠲᠠᠢ ᠪᠠᠶᠢᠬᠤ ᠡ︖ ᠡᠶᠢᠮᠦ ᠠᠷᠢᠭᠤᠨ ᠨᠠᠨᠳᠢᠨ ᠢᠶᠠᠨ ᠡᠷᠬᠢᠮᠯᠡᠬᠦ ᠨᠢ ᠴᠦ ᠵᠦᠪ ᠪᠠᠶᠢᠯᠭᠦᠢ᠃ ᠦᠨᠳᠦᠷ ᠲᠤ ᠡᠷᠭᠦᠯ ᠦᠭᠡᠢ ᠴᠦ ᠶᠠᠭᠠᠬᠢᠬᠤᠪ︖ ᠠᠭᠠᠷ ᠲᠡᠭᠷᠢ᠂ ᠬᠦᠬᠡ ᠲᠡᠭᠷᠢ᠂ ᠮᠦᠩᠬᠡ ᠬᠦᠬᠡ ᠲᠡᠭᠷᠢ ᠁ ᠪᠢᠳᠡᠨ ᠤ ᠰᠢᠳᠦᠭᠡᠨ ᠲᠡᠶᠢᠮᠦ ᠯᠡ ᠠᠭᠤᠣ ᠭᠦᠨ ᠣᠳᠭ᠎ᠠ ᠲᠠᠢ ᠠᠵᠢ᠃ ᠪᠢᠳᠠᠨ ᠤ ᠰᠢᠳᠦᠭᠡᠨ᠂ ᠠᠭᠠᠷ ᠲᠡᠭᠷᠢ ᠮᠢᠨᠢ ᠠᠮᠢ ᠠᠮᠢᠰᠬᠤᠯ ᠪᠣᠯᠵᠦ ᠬᠤᠷᠣᠮ ᠪᠦᠷᠢ ᠵᠢᠷᠦᠭᠡᠨ ᠲᠣᠮᠳᠠᠭᠤᠷ ᠴᠣᠬᠢᠯᠠᠨ ᠪᠣᠢ᠃ ᠮᠦᠩᠬᠡ ᠬᠦᠬᠡ ᠲᠡᠭᠷᠢ ᠪᠠᠨ ᠠᠷᠭᠠᠳᠠᠨ ᠰᠢᠳᠦᠵᠦ᠂ ᠠᠪᠣᠷᠠᠯ ᠡᠷᠢᠬᠦ ᠶᠢᠨ ᠶᠣᠰᠣᠨ ᠴᠦ ᠠᠯᠣᠰ ᠬᠤᠯᠡ ᠠᠳᠠᠯ᠎ᠠ ᠣᠶᠢᠷ᠎ᠠ ᠵᠢᠷᠦᠬᠡᠨ ᠳᠤ ᠪᠣᠢ᠃ ᠪᠢᠳᠠ ᠶᠡᠭᠡ ᠠᠭᠤᠳᠠᠮ ᠢ ᠠᠷᠭᠠᠳᠠᠨ ᠲᠠᠬᠢᠵᠦ ᠪᠣᠢ᠂ ᠶᠡᠭᠡ ᠡᠭᠡᠯ ᠣᠶᠢᠷ᠎ᠠ ᠶᠢ ᠴᠦ ᠠᠷᠭᠠᠳᠠᠨ ᠲᠠᠬᠢᠵᠦ ᠪᠣᠢ᠃ ᠠᠷᠭᠠᠳᠠᠬᠤᠢ ᠭᠡᠳᠡᠭ ᠣᠷᠣᠰᠢᠨ ᠲᠣᠭᠲᠠᠨᠢᠬᠤ ᠶᠢᠨ ᠵᠦᠭᠡᠯᠡᠨ ᠠᠢ ᠶᠣᠮ᠃ ᠣᠷᠴᠢᠯᠠᠩ ᠬᠤᠷᠸ᠎ᠠ ᠶᠢᠨ ᠲᠦᠮᠡᠨ ᠪᠣᠳᠠᠰ ᠯᠤᠭ᠎ᠠ ᠡᠶ᠎ᠡ ᠵᠣᠬᠢᠴᠠᠯ ᠲᠠᠢ ᠣᠷᠣᠰᠢᠬᠤ ᠶᠢᠨ ᠭᠦᠨ ᠨᠠᠷᠢᠨ ᠣᠬᠠᠭᠠᠨ ᠪᠢᠯᠡ᠃ ᠠᠷᠭᠠᠳᠠᠶ᠎ᠠ ᠳ᠋ᠠ᠂ ᠬᠤᠷᠸ᠎ᠠ ᠲᠡᠯᠡᠬᠡᠢ᠂ ᠪᠠᠶᠢᠭᠠᠯᠢ ᠣᠷᠴᠢᠨ ᠢᠶᠠᠨ ᠬᠦᠮᠦᠰ ᠮᠢᠨᠢ︕       ︽ᠠᠭᠠᠷ᠎ᠠ ᠨᠢᠭᠡᠨ ᠪᠣᠢ︾᠃ ᠴᠣᠭᠳᠣ ᠬᠤᠩ ᠲᠠᠶᠢᠵᠢ ᠶᠢᠨ ᠬᠠᠳᠠᠨ ᠤ ᠪᠢᠴᠢᠭᠡᠰᠦ ᠳᠤ ᠡᠨᠡ ᠬᠦ ᠦᠭᠡ ᠲᠡᠮᠳᠡᠭᠯᠡᠭᠳᠡᠨ ᠴᠢ ᠪᠢᠳᠡᠨ ᠤ ᠦᠶ᠎ᠡ ᠳᠤ ᠬᠦᠷᠴᠦ ᠢᠷᠡᠨ᠂ ᠴᠢ ᠪᠢᠳᠡᠨ ᠤ ᠣᠶᠣᠨ ᠣᠬᠠᠭᠠᠨ ᠳᠤ ᠲᠣᠳᠣᠷᠠᠨ ᠪᠠᠶᠢᠬᠤ ᠨᠢ ᠴᠦ ᠶᠠᠭᠤᠲᠠᠢ ᠡᠷᠬᠢᠮ ᠠᠵᠢ᠃ ᠲᠡᠶᠢᠮᠦ ᠳ᠋ᠠ᠂ ᠠᠭᠠᠷ᠎ᠠ ᠨᠢᠭᠡᠨ ᠪᠢᠵᠠ ᠪᠢᠳᠠ ᠪᠦᠭᠦᠳᠡᠭᠡᠷ ᠢᠶᠠᠨ᠃ ᠲᠡᠭᠷᠢ ᠭᠠᠵᠠᠷ ᠯᠤᠭ᠎ᠠ ᠴᠦ ᠠᠭᠠᠷ᠎ᠠ ᠨᠢᠭᠡᠨ ᠪᠢᠵᠠ᠃ ᠮᠣᠩᠭᠤᠯᠴᠣᠳ ᠲᠡᠭᠷᠢ ᠯᠣᠣᠰ ᠢ ᠠᠷᠭᠠᠳᠠᠨ᠂ ᠲᠡᠭᠷᠢ ᠯᠣᠣᠰ ᠲᠠᠢ ᠪᠠᠨ ᠠᠭᠠᠷ ᠨᠢᠭᠡᠨ ᠣᠴᠢᠷ ᠶᠠᠷᠢᠵᠦ ᠬᠠᠷᠢᠴᠠᠵᠦ ᠴᠦ ᠢᠷᠡᠭᠰᠡᠨ ᠬᠦᠮᠣᠰ᠃ ᠲᠡᠶᠢᠮᠦ ᠶᠢᠨ ᠣᠴᠢᠷ ᠣᠪᠣᠭ᠎ᠠ ᠪᠣᠯᠠᠭ᠂ ᠨᠠᠭᠤᠷ ᠣᠰᠣ ᠪᠠᠨ ᠲᠠᠬᠢᠳᠠᠭ᠃ ᠠᠭᠠᠷ ᠲᠡᠭᠷᠢ ᠶᠢ ᠬᠠᠶᠢᠷᠠᠯᠠᠬᠤ ᠠᠴᠠ ᠲᠡᠭᠡᠳᠦᠯᠡᠨ ᠲᠠᠬᠢᠵᠦ ᠢᠷᠡᠭᠰᠡᠨ ᠬᠦᠮᠦᠰ ᠪᠢᠯᠡ᠃ ᠴᠠᠭᠠᠨ ᠰᠠᠷ᠎ᠠ ᠶᠢᠨ ᠰᠢᠨ᠎ᠡ ᠶᠢᠨ ᠨᠢᠭᠡᠨ ᠳᠤ ᠴᠠᠭᠠᠨ ᠢᠰᠡᠭᠡᠢ ᠪᠠᠨ ᠳᠡᠪᠢᠰᠦᠨ᠂ ᠴᠠᠭᠠᠨ ᠢᠳᠡᠭᠡ ᠪᠠᠨ ᠡᠷᠭᠦᠨ᠂ ᠲᠡᠭᠷᠢ ᠳᠤ ᠮᠦᠷᠭᠦᠨ ᠲᠡᠭᠰᠢ ᠵᠢᠷᠭᠠᠵᠦ ᠢᠷᠡᠭᠰᠡᠨ ᠬᠦᠮᠦᠰ ᠪᠢᠯᠡ᠃ ᠠᠭᠠᠷ ᠲᠡᠭᠷᠢ ᠶᠢ ᠰᠢᠳᠦᠬᠦ ᠶᠣᠰᠣᠨ ᠲᠡᠶᠢᠮᠦ ᠡᠷᠬᠢᠮ ᠠᠵᠢ᠃       ᠣᠳᠣ ᠬᠠᠷᠢᠨ ᠬᠦᠮᠦᠰ ᠨᠢᠳᠦᠨ ᠡᠮᠦᠨᠡᠬᠢ ᠠᠰᠢᠭ ᠵᠢᠷᠭᠠᠯ ᠳᠤ ᠰᠢᠨᠣᠨ᠂ ᠠᠭᠠᠷ ᠲᠡᠭᠷᠢ ᠶᠢ ᠠᠯᠢ ᠭᠠᠯᠪᠠ ᠳᠤ ᠮᠠᠷᠲᠠᠨ᠂ ᠪᠣᠬᠢᠷ ᠬᠡᠢ ᠣᠳᠤᠭ᠎ᠠ ᠶᠢ ᠲᠡᠭᠷᠢ ᠭᠠᠵᠠᠷ ᠲᠠᠢ ᠬᠤᠯᠪᠣᠨ ᠠᠶᠣᠬᠤ ᠬᠢᠴᠢᠶᠡᠬᠦ ᠶᠢ ᠮᠠᠷᠲᠠᠵᠠᠢ᠃ ᠠᠭᠠᠷ ᠨᠢᠭᠡᠨ ᠪᠣᠢ ᠨᠦᠭᠦᠭᠡ ᠪᠣᠬᠢᠷ ᠣᠳᠤᠭ᠎ᠠ ᠠᠮᠠᠨ ᠳᠤ ᠴᠢᠨᠢ ᠣᠷᠣᠨ᠂ ᠠᠶᠣᠣᠯᠢᠬᠠᠢ ᠳᠤ ᠴᠢᠨᠢ ᠬᠠᠷᠠᠯᠠᠬᠤ ᠵᠣᠪᠠᠯᠠᠩ ᠢᠷᠡᠨ᠎ᠡ᠃ ᠬᠢᠴᠢᠶᠡᠭᠲᠦᠨ᠂ ᠡᠨᠡ ᠴᠡᠯᠮᠡᠭ ᠠᠭᠠᠷ᠂ ᠴᠡᠩᠬᠡᠷ ᠲᠡᠭᠷᠢ ᠶᠢᠨ ᠲᠣᠣᠷ᠎ᠠ ᠪᠣᠶᠠᠨ ᠨᠢᠭᠦᠯ ᠢ ᠪᠣᠳᠣᠵᠦ ᠶᠠᠪᠣᠭᠠᠷᠠᠢ᠂ ᠲᠠ ᠨᠠᠷ ᠮᠢᠨᠢ︕       ᠠᠭᠤᠳᠠᠮ ᠣᠷᠴᠢᠯᠠᠩ ᠤᠨ ᠵᠠᠢ ᠠᠴᠠ ᠮᠠᠨ ᠤ ᠪᠦᠮᠪᠦᠷᠴᠡᠭ ᠴᠡᠩᠬᠡᠷ ᠬᠠᠷᠠᠭᠳᠠᠳᠠᠭ ᠭᠡᠰᠡᠨ᠃ ᠲᠡᠷᠡ ᠪᠣᠯ ᠣᠰᠣᠨ ᠴᠡᠩᠬᠡᠷ ᠪᠦᠮᠪᠦᠷᠴᠡᠭ᠂ ᠣᠰᠣ ᠠᠮᠢ ᠨᠠᠰᠣ ᠣᠷᠣᠰᠢᠬᠤ ᠶᠢᠨ ᠦᠨᠳᠦᠰᠦ ᠪᠦᠯᠦᠭᠡ᠃ ᠬᠦᠮᠦᠨ ᠤ ᠪᠡᠶ᠎ᠡ ᠶᠢᠨ ᠵᠠᠭᠤᠨ ᠤ ᠲᠡᠯᠠ ᠨᠢ ᠣᠰᠣ ᠭᠡᠳᠡᠭ᠃ ᠣᠰᠣ ᠦᠭᠡᠢ ᠪᠠᠷ ᠠᠮᠢ ᠨᠠᠰᠣᠨ ᠤ ᠣᠷᠣᠰᠢᠯ ᠲᠣᠭᠲᠠᠨᠢᠯ ᠢ ᠲᠦᠰᠦᠭᠡᠯᠡᠬᠦ ᠳᠤ ᠪᠡᠷᠬᠡ᠃ ᠲᠡᠶᠢᠮᠦ ᠶᠢᠨ ᠣᠴᠢᠷ ᠣᠬᠠᠭᠠᠨᠳᠦ ᠲᠡᠭᠡᠳᠦᠰ ᠮᠢᠨᠢ ᠣᠰᠣ ᠶᠢ ᠷᠠᠰᠢᠶᠠᠨ ᠬᠡᠮᠡᠨ ᠲᠡᠭᠡᠳᠦᠯᠡᠵᠦ ᠢᠷᠡᠵᠡᠢ᠃ ᠣᠰᠣ ᠯᠣᠣᠰ ᠨᠠᠢᠮᠠᠨ ᠠᠶᠢᠮᠠᠭ ᠢ ᠲᠡᠭᠡᠳᠦᠯᠡᠨ ᠲᠠᠬᠢᠵᠦ᠂ ᠠᠷᠭᠠᠳᠠᠨ ᠠᠮᠢᠳᠣᠷᠠᠵᠦ ᠢᠷᠡᠵᠡᠢ᠃ ︽ᠣᠣᠭᠤᠭᠰᠠᠨ ᠣᠰᠣ ᠷᠠᠰᠢᠶᠠᠨ᠂ ᠣᠨᠠᠭᠰᠠᠨ ᠰᠢᠷᠣᠢ ᠠᠯᠲᠠ︾ ︽ᠣᠰᠣ ᠶᠢ ᠨᠢ ᠣᠣᠭᠤᠪᠠᠯ ᠡᠬᠢ ᠶᠢ ᠨᠢ ᠪᠣᠳᠣ︾ ᠁ ᠬᠡᠮᠡᠨ ᠣᠰᠣᠨ ᠤ ᠲᠣᠬᠠᠢ ᠮᠠᠰᠢ ᠣᠯᠠᠨ ᠡᠷᠬᠢᠮ ᠠᠷᠢᠭᠤᠨ ᠰᠣᠷᠭᠠᠯ ᠢ ᠨᠣᠮᠯᠠᠵᠦ ᠢᠷᠡᠵᠡᠢ᠃ ᠡᠷᠳᠡᠮᠲᠡᠨ ᠰ᠊ · ᠲᠣᠯᠮ᠎ᠠ ᠶᠢᠨ ᠪᠦᠳᠦᠭᠡᠯ ᠳᠤ ︿ᠰᠣᠣ ᠵᠠᠯᠢ﹀ ᠭᠡᠳᠡᠭ ᠦᠭᠡ ᠶᠢ ᠰᠣᠣ ᠨᠢ ᠣᠰᠣ᠂ ᠵᠠᠯᠢ ᠨᠢ ᠭᠠᠯ ᠭᠡᠵᠦ ᠲᠠᠶᠢᠯᠪᠣᠷᠢᠯᠠᠭᠰᠠᠨ ᠪᠠᠶᠢᠳᠠᠭ᠃ ᠣᠰᠣ ᠲᠡᠶᠢᠮᠦ ᠬᠦᠴᠦᠲᠠᠢ ᠂ ᠰᠢᠳᠢ ᠲᠠᠢ ᠶᠢᠨ ᠣᠴᠢᠷ ᠪᠢᠯᠡ᠃ ︽ᠣᠰᠣ ᠶᠢ ᠨᠢ ᠣᠣᠭᠤᠪᠠᠯ ᠶᠣᠰᠣ ᠶᠢ ᠨᠢ ᠲᠠᠭ᠎ᠠ︾ ︽ᠬᠦᠮᠦᠨ ᠤ ᠲᠡᠭᠡᠳᠦ ᠨᠠᠭᠠᠴᠦ᠂ ᠣᠰᠣᠨ ᠤ ᠡᠬᠢ ᠪᠣᠯᠠᠭ︾ ᠭᠡᠵᠦ ᠴᠦ ᠬᠡᠯᠡᠳᠡᠭ᠃ ᠭᠤᠣᠯ ᠣᠰᠣ ᠪᠠᠷ ᠨᠢ ᠢᠯᠭᠠᠨ ᠨᠡᠷᠡᠯᠡᠵᠦ ᠴᠦ ᠪᠠᠶᠢᠳᠠᠭ᠃ ᠶᠠᠷᠣ ᠨᠢ ᠨᠣᠳᠤᠭ ᠣᠰᠣ ᠡ ᠭᠡᠵᠦ ᠨᠡᠷᠡᠯᠡᠨ ᠣᠴᠢᠷᠯᠠᠬᠤ ᠶᠢᠨ ᠶᠣᠰᠣᠨ ᠴᠦ ᠲᠡᠷᠡ ᠳ᠋ᠠ᠃ ᠡᠨᠡ ᠮᠡᠳᠦ ᠮᠠᠨ ᠤ ᠠᠷᠠᠳ ᠤᠨ ᠵᠠᠩ ᠵᠠᠩᠰᠢᠯ ᠳᠤ ᠣᠰᠣᠨ ᠤ ᠲᠣᠬᠠᠢ ᠦᠨᠡᠨ ᠣᠴᠢᠷᠯᠠᠯ ᠶᠡᠭᠡ ᠪᠣᠢ᠃ ᠴᠢᠨᠠᠭᠰᠢ ᠬᠤᠯᠪᠣᠨ ᠪᠣᠳᠣᠬᠤᠯᠠᠷ ᠪᠠᠷᠤᠭ ᠬᠦᠮᠦᠨ ᠪᠢᠳᠡ ᠣᠰᠣᠨ ᠤ ᠣᠴᠢᠷ᠂ ᠣᠰᠣᠨ ᠤ ᠬᠡᠯᠪᠡᠷᠢ᠂ ᠣᠰᠣᠨ ᠤ ᠬᠤᠪᠢᠷᠠᠯ ᠴᠦ ᠪᠣᠯᠵᠦ ᠪᠠᠶᠢᠨ᠎ᠠ᠃ ᠲᠡᠶᠢᠮᠦ ᠶᠢᠨ ᠣᠴᠢᠷ ᠣᠰᠣᠨ ᠤ ᠲᠡᠷᠭᠡᠳᠡ ᠡᠯᠳᠡᠪ ᠢ ᠦᠭᠦᠯᠡᠬᠦ ᠦᠭᠡᠢ᠂ ᠮᠠᠭᠤ ᠪᠣᠵᠠᠷ ᠢ ᠣᠰᠣᠨ ᠳᠤ ᠣᠷᠬᠢᠬᠤ ᠦᠭᠡᠢ ᠭᠡᠳ ᠶᠡᠭᠡ ᠣᠯᠠᠨ ᠴᠡᠭᠡᠷ ᠵᠢᠷᠣᠮ ᠢ ᠬᠡᠪᠰᠢᠭᠦᠯᠦᠨ ᠲᠠᠲᠠᠭᠤᠯᠵᠦ ᠢᠷᠡᠵᠡᠢ᠃ ᠲᠡᠭᠷᠢ ᠶᠢᠨ ᠬᠤᠷ᠎ᠠ ᠠᠴᠠ ᠳᠣᠰᠣᠯ ᠣᠰᠣ ᠬᠦᠷᠳᠡᠯ᠎ᠡ ᠲᠡᠭᠡᠳᠦᠯᠡᠨ ᠢᠷᠡᠭᠰᠡᠨ ᠤ ᠣᠴᠢᠷ ᠭᠤᠣᠯ ᠣᠰᠣ ᠮᠢᠨᠢ ᠠᠷᠢᠭᠤᠨ ᠲᠣᠩᠭᠠᠯᠠᠭ ᠢᠪᠢᠯᠵᠦ ᠯᠡ ᠪᠠᠶᠢᠳᠠᠭ᠃       ᠲᠣᠩᠭᠠᠯᠠᠭ ᠰᠠᠶᠢᠬᠠᠨ ᠣᠷᠣᠰᠬᠠᠯ ᠢ ᠬᠠᠷᠠᠭᠠᠳ ᠪᠠᠶᠠᠷᠯᠠᠬᠤ ᠦᠭᠡᠢ ᠬᠦᠮᠦᠨ ᠭᠡᠵᠦ ᠬᠤᠪᠣᠷ᠃ ᠴᠡᠯᠮᠡᠭ ᠬᠦᠬᠡ ᠠᠭᠠᠷ᠂ ᠴᠡᠩᠬᠡᠷ ᠲᠣᠩᠭᠠᠯᠠᠭ ᠣᠰᠣ ᠶᠢ ᠬᠠᠷᠠᠭᠠᠳ ᠪᠠᠶᠠᠰᠬᠤ ᠨᠢ ᠴᠢ ᠪᠢᠳᠠ ᠲᠡᠳᠡᠨ ᠤ ᠬᠡᠣᠬᠡᠳ᠂ ᠦᠷ᠎ᠡ ᠰᠡᠳᠦ ᠪᠣᠯᠣᠭᠠᠳ ᠲᠡᠷᠡ ᠤᠤ︖ ᠪᠣᠣ ᠮᠡᠳᠡ᠃ ᠡᠬᠡ ᠡᠴᠢᠭᠡ ᠪᠠᠨ ᠬᠠᠷᠠᠭᠰᠠᠨ ᠮᠡᠳᠦ ᠲᠣᠭᠳᠣᠯᠣᠨ ᠪᠠᠶᠢᠬᠤ ᠨᠢ ᠡᠴᠢᠨ᠎ᠡ ᠭᠦᠨ ᠤ ᠨᠠᠷᠢᠨ ᠬᠤᠯᠪᠣᠭᠠᠰᠣ ᠪᠠᠶᠢᠬᠤ ᠶᠢᠨ ᠣᠴᠢᠷ ᠪᠠᠶᠢᠬᠤ ᠡ᠃ ᠣᠳᠣ ᠰᠢᠨᠵᠢᠯᠡᠬᠦ ᠣᠬᠠᠭᠠᠨ ᠢᠶᠠᠷ ᠣᠰᠣ ᠮᠡᠳᠡᠷᠡᠯ ᠲᠠᠢ ᠭᠡᠵᠦ ᠰᠣᠳᠣᠯᠣᠨ ᠭᠠᠷᠭᠠᠵᠠᠢ᠃ ᠶᠠᠫᠣᠨ ᠤ ᠡᠷᠳᠡᠮᠲᠡᠨ ᠴᠦ ᠣᠰᠣᠨ ᠳᠤ ᠰᠠᠶᠢᠨ᠂ ᠮᠠᠭᠤ ᠦᠭᠡ ᠬᠡᠯᠡᠨ ᠲᠣᠷᠰᠢᠯᠳᠠ ᠬᠢᠵᠦ ᠭᠠᠶᠢᠬᠠᠯᠲᠠᠢ ᠳ᠋ᠦᠩ ᠭᠠᠷᠭᠠᠭᠰᠠᠨ ᠶᠣᠮ ᠃ ᠲᠡᠷᠡ ᠮᠡᠳᠡᠷᠡᠯ ᠲᠠᠢ᠂ ᠮᠠᠨ ᠤ ᠡᠪᠦᠭᠡ ᠲᠡᠭᠡᠳᠦᠰ ᠠᠯᠢ ᠡᠷᠳᠡ ᠰᠡᠳᠭᠢᠯ ᠵᠢᠷᠦᠬᠡ ᠪᠠᠷ ᠢᠶᠠᠨ ᠮᠡᠳᠡᠷᠡᠭᠰᠡᠨ ᠁ ᠡᠬᠡ ᠶᠢᠨ ᠰᠦ ᠮᠡᠳᠦ ᠠᠷᠢᠭᠤᠨ ᠲᠣᠩᠭᠠᠯᠠᠭ ᠷᠠᠰᠢᠶᠠᠨ ᠣᠰᠣ ᠶᠢ ᠲᠡᠭᠡᠳᠦᠯᠡᠨ ᠲᠠᠬᠢᠬᠤ ᠶᠢᠨ ᠣᠴᠢᠷ ᠡᠶᠢᠮᠦ ᠠᠵᠢ᠃       ᠡᠴᠢᠭᠡ ᠡᠪᠦᠭᠡᠳ ᠤᠨ ᠮᠢᠨᠢ ᠶᠠᠰᠦ ᠪᠠᠨ ᠲᠠᠯᠪᠢᠭᠰᠠᠨ ᠡᠨᠡ ᠠᠯᠲᠠᠨ ᠰᠢᠷᠣᠢ᠂ ᠠᠷᠢᠭᠤᠨ ᠴᠢᠰᠦ ᠠᠯᠲᠠᠨ ᠠᠮᠢ ᠪᠠᠷ ᠢᠶᠠᠨ ᠬᠠᠶᠢᠷᠠᠯᠠᠨ ᠬᠠᠮᠠᠭᠠᠯᠠᠵᠦ ᠢᠷᠡᠭᠰᠡᠨ ᠡᠨᠡ ᠨᠣᠳᠤᠭ ᠭᠡᠭᠴᠢ ᠴᠢ ᠪᠢᠳᠠᠨ ᠲᠠᠢ ᠠᠮᠢ ᠪᠡᠶ᠎ᠠ ᠠᠷᠢᠭᠤᠨ ᠰᠦᠨᠡᠰᠦᠨ ᠤ ᠬᠤᠯᠪᠣᠭ᠎ᠠ ᠲᠠᠢ ᠪᠢᠯᠡ᠃ ᠪᠢᠳᠠ ᠶᠠᠭᠠᠬᠢᠬᠤ ᠳᠠᠭᠠᠨ ᠦᠭᠡᠷ᠎ᠡ ᠳᠢᠪ ᠲᠤ ᠲᠦᠷᠦᠭᠡ ᠦᠭᠡᠢ᠂ ᠦᠭᠡᠷ᠎ᠡ ᠣᠷᠣᠨ ᠢ ᠵᠣᠷᠢᠭ᠎ᠠ ᠦᠭᠡᠢ᠂ ᠦᠭᠡᠷ᠎ᠡ ᠨᠣᠳᠤᠭ ᠲᠤ ᠣᠴᠢᠭ᠎ᠠ ᠦᠭᠡᠢ᠂ ᠦᠭᠡᠷ᠎ᠡ ᠠᠭᠤᠯᠡ ᠣᠰᠣᠨ ᠳᠤ ᠬᠦᠷᠴᠦ ᠵᠠᠶᠠᠭᠠᠭ᠎ᠠ ᠦᠭᠡᠢ ᠪᠢᠯᠡ᠃ ᠨᠣᠳᠤᠭ ᠣᠰᠣ ᠪᠠᠨ ᠬᠠᠶᠢᠷᠠᠯᠠᠬᠤ ᠶᠢᠨ ᠶᠣᠰᠣᠨ ᠲᠡᠷᠡ᠂ ᠴᠠᠭᠠᠨ᠎ᠠ ᠠᠴᠠ ᠪᠠᠨ ᠬᠦᠢ ᠶᠢᠨ ᠬᠤᠯᠪᠣᠭ᠎ᠠ ᠲᠠᠢ ᠶᠢᠨ ᠣᠴᠢᠷ ᠴᠦ ᠲᠡᠷᠡ ᠳ᠋ᠠ᠃ ᠣᠪᠣᠭ᠎ᠠ ᠪᠣᠰᠬᠠᠨ ᠠᠭᠤᠯᠡ ᠬᠠᠶᠢᠷᠬᠠᠳ ᠢᠶᠠᠨ ᠲᠠᠬᠢᠨ ᠲᠡᠭᠡᠳᠦᠯᠡᠬᠦ ᠶᠢᠨ ᠣᠴᠢᠷ ᠴᠦ ᠲᠡᠶᠢᠮᠦ᠂ ᠠᠯᠲᠠᠩᠬᠠᠨ ᠭᠠᠵᠠᠷ ᠰᠢᠷᠣᠢ ᠮᠢᠨᠢ᠃ ᠬᠦᠯᠦᠭ ᠮᠣᠷᠢᠳ ᠨᠣᠳᠤᠭ ᠵᠦᠭ ᠢᠶᠠᠨ ᠭᠦᠶᠦᠳᠡᠭ ᠤᠨ ᠨᠢᠭᠤᠴᠠ ᠴᠦ ᠲᠡᠷᠡ᠃ ᠲᠡᠷᠡ ᠭᠠᠵᠠᠷ ᠰᠢᠷᠣᠢ᠂ ᠠᠭᠤᠣ ᠬᠦᠷᠦᠰᠦᠨ ᠲᠡᠭᠡᠷ᠎ᠡ ᠮᠦᠷ ᠢᠶᠠᠨ ᠲᠠᠮᠠᠭᠠᠯᠠᠨ ᠶᠠᠪᠣᠭᠰᠠᠨ ᠡᠪᠦᠭᠡᠳ ᠤᠨ ᠠᠷᠢᠭᠤᠨ ᠦᠢᠯᠡᠰ ᠶᠠᠭᠤᠲᠠᠢ ᠨᠠᠨᠳᠢᠨ᠂ ᠲᠡᠳᠡᠨ ᠤ ᠪᠦᠳᠦᠭᠡᠭᠰᠡᠨ ᠰᠣᠶᠣᠯ ᠲᠡᠣᠬᠡ ᠶᠠᠭᠤᠲᠠᠢ ᠡᠷᠬᠢᠮ᠃ ᠡᠨᠡ ᠠᠭᠤᠣ ᠡᠷᠬᠢᠮ ᠰᠣᠶᠣᠯ ᠲᠡᠣᠬᠡ ᠶᠢ ᠪᠦᠳᠦᠭᠡᠬᠦ ᠳᠤ ᠠᠯᠲᠠᠨ ᠬᠦᠷᠦᠰᠦᠨ ᠠᠴᠠ ᠣᠷᠭᠤᠭᠰᠠᠨ ᠠᠮᠣ ᠲᠠᠷᠢᠶ᠎ᠠ᠂ ᠡᠪᠡᠰᠦ ᠪᠡᠯᠴᠢᠭᠡᠷ ᠬᠦᠮᠦᠨ ᠪᠢᠳᠠᠨ ᠳᠤ ᠦᠶ᠎ᠡ ᠶᠢᠨ ᠦᠶ᠎ᠡ ᠳᠤ ᠰᠢᠮ᠎ᠡ ᠪᠠᠨ ᠦᠭᠴᠦ ᠦᠰᠭᠡᠨ ᠲᠣᠷᠨᠢᠭᠤᠯᠣᠨ ᠢᠷᠡᠵᠡᠢ᠃ ᠭᠠᠭᠴᠠ ᠨᠠᠪᠴᠢᠨ ᠤ ᠦᠨ᠎ᠡ ᠪᠢᠳᠠᠨ ᠳᠤ ᠪᠠᠶᠢᠳᠠᠭ ᠴᠦ ᠪᠣᠯᠪᠠᠣ︖ ᠬᠡᠮᠡᠨ ᠪᠣᠳᠣᠬᠤ ᠦᠶ᠎ᠡ ᠪᠣᠢ ᠰᠢᠦ᠃ ᠣᠩᠭᠤᠨ ᠲᠠᠭᠰᠢᠨ ᠦᠨᠳᠦᠷ ᠰᠦᠷᠯᠢᠭ ᠠᠭᠤᠯᠡ ᠬᠠᠶᠢᠷᠬᠠᠳ ᠮᠢᠨᠢ᠂ ᠡᠯᠢᠭᠡᠨ ᠳᠡᠭᠡᠨ ᠮᠠᠨ ᠢ ᠪᠦᠪᠠᠶᠢᠯᠡᠭᠰᠡᠨ ᠡᠴᠢᠭᠡ ᠡᠪᠦᠭᠡᠳ ᠮᠡᠳᠦ ᠬᠠᠨᠠᠷᠠᠨ ᠰᠡᠬᠦ᠋ᠭᠰᠡᠨ ᠠᠭᠤᠯᠠᠰ ᠮᠢᠨᠢ᠂ ᠬᠠᠷᠠᠭ᠎ᠠ ᠠᠯᠳᠠᠨ ᠰᠣᠨᠢᠶᠠᠭᠰᠠᠨ ᠵᠡᠷᠭᠡᠯᠭᠡᠨᠳᠦ ᠲᠠᠯ᠎ᠠ ᠮᠢᠨᠢ᠂ ᠠᠭᠤᠳᠠᠮ ᠲᠡᠨᠢᠭᠡᠷ ᠵᠠᠩ ᠠᠷᠠᠨᠰᠢᠨ ᠤ ᠡᠬᠢ ᠮᠢᠨᠢ᠂ ᠠᠯᠳᠠᠨ ᠰᠢᠷᠭᠠᠯ ᠡᠯᠡᠰᠦ ᠮᠠᠩᠬ᠎ᠠ ᠮᠢᠨᠢ᠂ ᠠᠭᠤᠣ ᠶᠡᠭᠡ ᠲᠡᠰᠪᠦᠷᠢ ᠲᠠᠪᠴᠢᠶᠡᠷᠢ ᠶᠢᠨ ᠡᠭᠦᠰᠦᠯ ᠮᠢᠨᠢ︕      ᠠᠯᠲᠠᠨ ᠨᠠᠷᠠᠨ ᠤ ᠢᠯᠴᠢ ᠲᠣᠶᠠᠭᠠᠨ ᠳᠤ ᠠᠮᠢ ᠨᠠᠰᠣ ᠲᠣᠯᠠᠭᠠᠨ ᠪᠦᠯᠢᠶᠡᠨ ᠲᠣᠷᠨᠢᠵᠦ ᠢᠷᠠᠵᠠᠢ᠃ ᠲᠡᠷᠡ ᠪᠢᠳᠠᠨ ᠤ ᠬᠠᠯᠠᠭᠤᠨ ᠲᠣᠯᠠᠭᠠᠨ ᠤ ᠡᠬᠡ ᠶᠣᠮ᠃ ᠪᠢᠳᠠ ᠡᠴᠢᠭᠡ ᠡᠪᠦᠭᠡᠳ ᠤᠨ ᠣᠳᠣᠮ ᠣᠭᠰᠠᠭ᠎ᠠ ᠪᠠᠨ ᠭᠠᠯ ᠭᠤᠯᠣᠮᠳᠠ ᠭᠡᠳᠡᠭ᠃ ᠠᠷᠢᠭᠤᠨ ᠭᠠᠯ ᠢ ᠠᠪᠴᠢᠷᠠᠭᠰᠠᠨ ᠲᠡᠣᠬᠡ ᠮᠠᠨ ᠳᠤ ᠪᠣᠢ᠃ ᠭᠡᠷᠡᠯ ᠭᠡᠭᠡ ᠦᠭᠡᠢ ᠂ ᠬᠠᠯᠠᠭᠤᠨ ᠲᠣᠯᠠᠭᠠᠨ ᠦᠭᠡᠢ ᠪᠣᠯ ᠠᠮᠢ ᠨᠠᠰᠣ ᠦᠭᠡᠢ᠃ ᠨᠡᠬᠡᠨ ᠪᠣᠳᠣᠬᠤ ᠳᠤ ᠪᠢᠳᠠ ᠠᠯᠲᠠᠨ ᠨᠠᠷᠠᠨ ᠤ ᠬᠡᠣᠬᠡᠳ᠂ ᠠᠷᠢᠭᠤᠨ ᠭᠠᠯ ᠤᠨ ᠦᠷ᠎ᠡ ᠰᠡᠳᠣ ᠭᠡᠮᠡᠷ᠂ ᠨᠢᠳᠦᠨ ᠳᠡᠭᠡᠨ ᠭᠠᠯ ᠲᠠᠢ᠂ ᠨᠢᠭᠤᠷ ᠲᠠᠭᠠᠨ ᠴᠤᠭ ᠲᠠᠢ ᠬᠡᠣᠬᠡᠳ ᠮᠡᠨᠳᠦᠯᠡᠬᠦ ᠶᠢᠨ ᠣᠴᠢᠷ ᠴᠦ ᠲᠡᠷᠡ᠃ ᠠᠭᠠᠷ ᠨᠢᠭᠡᠨ ᠪᠢᠵᠠ ᠪᠢᠳᠠ᠃ ᠲᠡᠷᠡ ᠠᠭᠠᠷ ᠲᠤ ᠲᠦᠷᠡᠯᠵᠡᠨ ᠪᠣᠢ ᠭᠠᠯ ᠲᠠᠢ ᠴᠦ ᠠᠭᠠᠷ ᠨᠢᠭᠡᠨ ᠶᠣᠮ ᠪᠢᠳᠠ᠃ ᠭᠠᠯ ᠤᠨ ᠠᠮᠢ ᠪᠣᠯ ᠠᠭᠠᠷ ᠶᠣᠮ᠃ ᠲᠡᠷᠡ ᠪᠢᠳᠠᠨ ᠳᠤ ᠬᠠᠯᠠᠭᠤᠨ ᠳᠣᠯᠠᠭᠠᠨ᠂ ᠰᠠᠶᠢᠨ ᠰᠠᠶᠢᠬᠠᠨ ᠢ ᠬᠠᠶᠢᠷᠠᠯᠠᠨ ᠪᠣᠢ᠃ ᠲᠡᠶᠢᠮᠦ ᠶᠢᠨ ᠣᠴᠢᠷ ᠭᠠᠯ ᠳᠤ ᠡᠯᠳᠡᠪ ᠤᠨ ᠪᠣᠬᠢᠷ ᠮᠠᠭᠤ ᠶᠢ ᠰᠢᠲᠠᠭᠠᠨ᠂ ᠦᠨᠦᠷ ᠲᠠᠨᠣᠷ ᠭᠠᠷᠭᠠᠬᠤ ᠶᠢ ᠶᠡᠭᠡ ᠴᠡᠭᠡᠷᠯᠡᠳᠡᠭ᠃ ᠮᠠᠭᠤ ᠮᠠᠭᠤᠬᠠᠢ ᠶᠢ ᠴᠦ ᠭᠠᠯ ᠢᠶᠠᠷ ᠠᠷᠢᠭᠤᠯᠠᠨ ᠠᠷᠴᠢᠵᠦ᠂ ᠲᠣᠭᠰᠢᠨ ᠰᠢᠷᠦᠭᠦᠨ ᠢ ᠴᠦ ᠭᠠᠯ ᠢᠶᠠᠷ ᠲᠠᠷᠣᠵᠦ ᠪᠠᠶᠢᠭᠰᠠᠨ᠃ ᠬᠠᠷᠢᠨ ᠠᠩᠬᠢᠯᠣᠮ᠎ᠠ ᠬᠦᠵᠢ᠂ ᠠᠷᠴᠠ ᠪᠠᠨ ᠣᠭᠤᠭᠢᠭᠤᠯᠣᠨ ᠭᠠᠯ ᠢᠶᠠᠨ ᠠᠷᠭᠠᠳᠠᠨ ᠲᠠᠬᠢᠵᠦ ᠪᠠᠶᠢᠳᠠᠭ᠃       ᠨᠠᠷᠠ᠂ ᠣᠰᠣ᠂ ᠰᠢᠷᠣᠢ ᠶᠢᠨ ᠬᠦᠴᠦ ᠰᠢᠮ᠎ᠡ ᠪᠠᠷ ᠣᠷᠭᠤᠭᠰᠠᠨ ᠣᠢ ᠮᠣᠳᠣ ᠶᠢ ᠡᠷᠬᠢᠮᠯᠡᠨ ᠬᠠᠶᠢᠷᠠᠯᠠᠵᠦ ︽ᠣᠷᠭᠤᠭ᠎ᠠ ᠪᠠᠶᠢᠬᠤ ᠳᠠᠭᠠᠨ ᠣᠰᠣ ᠲᠠᠲᠠᠵᠦ᠂ ᠣᠷᠭ᠎ᠠ ᠪᠣᠯᠣᠭᠠᠳ ᠠᠳᠣᠭᠤ ᠲᠠᠲᠠᠵᠦ︾ ᠬᠡᠮᠡᠨ ᠢᠷᠦᠭᠡᠯ ᠳᠡᠭᠡᠨ ᠴᠦ ᠰᠢᠬᠢᠳᠭᠡᠵᠦ᠂ ᠠᠪᠣᠷᠭᠤ ᠱᠠᠩᠰᠢ ᠮᠣᠳᠣ ᠶᠢ ᠴᠢᠮᠡᠭᠯᠡᠨ ᠲᠠᠬᠢᠳᠠᠭ ᠵᠠᠩ ᠦᠢᠯᠨ ᠲᠦᠭᠡᠮᠡᠯ ᠪᠠᠶᠢᠳᠠᠭ᠃ ᠪᠢᠳᠠ ᠣᠢ ᠮᠣᠳᠣ ᠲᠠᠢ ᠳᠦᠷᠦᠯ ᠶᠣᠮ᠃ ᠲᠡᠳᠡ ᠪᠢᠳᠡᠨ ᠳᠤ ᠬᠠᠨ᠎ᠠ ᠣᠨᠢ ᠪᠣᠯᠣᠨ ᠭᠡᠷ ᠦᠷᠦᠭᠡ ᠪᠣᠯᠵᠦ᠂ ᠬᠠᠰᠠᠭ ᠲᠡᠷᠭᠡ ᠪᠣᠯᠣᠨ ᠬᠤᠯᠡ ᠠᠶᠠᠯᠠᠵᠦ᠂ ᠦᠷ᠎ᠡ ᠵᠢᠮᠢᠰ ᠢᠶᠠᠷ ᠢᠶᠠᠨ ᠪᠢᠳᠠᠨ ᠢ ᠲᠡᠵᠢᠭᠡᠵᠦ᠂ ᠦᠯᠦᠭᠡᠢ ᠠᠪᠰᠠ ᠪᠣᠯᠣᠨ ᠪᠢᠳᠠᠨ ᠢ ᠪᠦᠭᠡᠴᠡᠶᠢᠯᠡᠳᠡᠭ᠃ ᠮᠣᠳᠣ ᠬᠦᠮᠦᠨ ᠤ ᠣᠴᠠᠷᠠᠯ ᠢ ᠶᠠᠷᠢᠵᠦ ᠪᠠᠷᠠᠬᠤ ᠪᠢᠰᠢ᠂ ᠮᠣᠳᠣ ᠪᠢᠳᠠᠨ ᠤ ᠦᠯᠢᠭᠡᠷ ᠢ ᠴᠦ ᠬᠡᠯᠡᠵᠦ ᠪᠠᠷᠠᠬᠤ ᠪᠢᠰᠢ ᠳ᠋ᠠ᠃ ᠣᠢ ᠮᠣᠳᠣ ᠶᠢ ᠠᠷᠭᠠᠳᠠᠨ ᠲᠠᠬᠢᠵᠦ ᠢᠷᠡᠭᠰᠡᠨ᠂ ᠠᠮᠢ ᠭᠤᠣᠯ ᠢᠶᠠᠨ ᠵᠠᠯᠭᠠᠵᠦ ᠢᠷᠡᠭᠰᠡᠨ ᠬᠦᠮᠦᠰ ᠪᠣᠯ ᠪᠢᠳᠠ ᠨᠠᠷ ᠶᠣᠮ᠃       ᠲᠣᠮᠣᠭᠳᠣ ᠬᠠᠳᠠ ᠶᠢ ᠰᠢᠳᠦᠵᠦ ᠢᠷᠠᠵᠠᠢ ᠪᠢᠳᠠ᠃ ᠡᠬᠡ ᠶᠢᠨ ᠠᠯᠳᠠᠨ ᠣᠮᠠᠢ᠂ ᠰᠢᠷᠭᠤᠭᠤᠯ ᠬᠠᠳᠠ᠂ ᠡᠵᠢ ᠴᠢᠯᠠᠭᠤ᠂ ᠪᠣᠷᠬᠠᠨ ᠬᠠᠳᠠ᠂ ᠪᠦᠬᠡ ᠶᠢᠨ ᠴᠢᠯᠠᠭᠤ᠂ ᠵᠠᠳ ᠤᠨ ᠴᠢᠯᠠᠭᠤ ᠁ ᠬᠠᠳᠠ ᠴᠢᠯᠠᠭᠤ ᠶᠢ ᠲᠠᠬᠢᠵᠦ ᠲᠡᠭᠡᠳᠦᠯᠡᠳᠡᠭ ᠶᠣᠰᠣᠨ ᠲᠦᠭᠡᠮᠡᠯ ᠪᠠᠶᠢᠳᠠᠭ᠃ ᠣᠪᠣᠭᠠᠨ ᠳᠤ ᠴᠢᠯᠠᠭᠤ ᠨᠡᠮᠡᠳᠡᠭ᠃ ᠴᠢᠯᠠᠭᠤ ᠮᠠᠨ ᠳᠤ ᠬᠦᠭᠵᠢᠯ ᠲᠠᠪᠰᠢᠯ ᠦᠭᠭᠦᠭᠰᠡᠨ᠂ ᠴᠢᠯᠠᠭᠤᠨ ᠠᠴᠠ ᠪᠢᠳᠠ ᠲᠠᠮᠣᠷ ᠭᠠᠷᠭᠠᠭᠰᠠᠨ᠂ ᠬᠦᠷᠡᠯ ᠭᠠᠷᠭᠠᠭᠰᠠᠨ᠂ ᠰᠢᠯ ᠪᠣᠯᠣᠷ ᠭᠠᠷᠭᠠᠭᠰᠠᠨ ᠁ ᠬᠠᠳᠠᠨ ᠪᠠᠭᠠᠳᠣᠷ᠂ ᠬᠠᠳᠠᠭᠤ ᠵᠣᠷᠢᠭ ᠢ ᠴᠦ ᠭᠠᠷᠭᠠᠭᠰᠠᠨ᠃       ᠪᠠᠶᠢᠭᠠᠯᠢ ᠣᠷᠴᠢᠨ ᠪᠢᠳᠡᠨ ᠤ ᠡᠬᠡ ᠶᠣᠮ᠃ ᠡᠵᠢ ᠪᠠᠨ ᠬᠠᠶᠢᠷᠠᠯᠠᠬᠤ ᠦᠭᠡᠢ ᠬᠦᠮᠦᠨ ᠭᠡᠵᠦ ᠦᠭᠡᠢ ᠪᠠᠶᠢᠬ᠎ᠠ᠃ ᠬᠦᠮᠦᠨ ᠲᠦᠷᠦᠯᠬᠢᠳᠡᠨ ᠮᠢᠨᠢ᠂ ᠲᠡᠭᠦᠨ ᠲᠡᠭᠡᠷ᠎ᠡ ᠬᠠᠮᠳᠦ ᠣᠷᠣᠰᠢᠨ ᠪᠠᠶᠢᠭ᠎ᠠ ᠠᠬᠠᠨ ᠳᠡᠭᠦᠣᠰ ᠠᠮᠢᠲᠠᠨ ᠣᠷᠭᠤᠮᠠᠯ ᠢ ᠬᠠᠶᠢᠷᠠᠯᠠᠭᠳᠣᠨ︕ ᠣᠳᠣ ᠶᠢᠨ ᠪᠢᠳᠠ ᠨᠠᠷ ᠲᠤ ᠨᠡᠶᠢᠳᠡᠯᠢᠭ ᠨᠢᠭᠡᠨ ᠭᠡᠮ ᠪᠣᠢ᠃ ᠲᠡᠷᠡ ᠨᠢ ᠲᠡᠩᠳᠡᠭᠦᠦ ᠠᠮᠢᠨᠴᠢᠷ᠂ ᠶᠠᠭᠤᠮ᠎ᠠ ᠪᠦᠬᠦᠨ ᠢ ᠦᠪᠡᠷ ᠢᠶᠠᠷ ᠢᠶᠠᠨ ᠲᠦᠪ ᠪᠣᠯᠭᠠᠬᠤ ︽ᠪᠢ︾ ᠬᠡᠮᠡᠬᠦ ᠦᠵᠡᠯ ᠶᠣᠮ᠃ ᠲᠡᠭᠦᠨ ᠤ ᠬᠤᠣᠷ ᠢᠶᠠᠷ ᠦᠪᠡᠷ ᠤᠨ ᠢᠶᠠᠨ ᠲᠦᠯᠦᠭᠡ ᠶᠠᠮᠠᠷ ᠮᠠᠭᠤ ᠮᠠᠭᠤᠬᠠᠢ ᠶᠢ ᠴᠦ ᠬᠢᠵᠦ᠂ ᠣᠷᠴᠢᠯᠠᠩ ᠲᠡᠯᠡᠬᠡᠢ ᠶᠢ ᠴᠦ ᠮᠠᠷᠲᠠᠨ ᠣᠮᠠᠷᠳᠠᠭᠰᠠᠨ ᠪᠠᠶᠢᠳᠠᠭ᠃ ᠬᠦᠮᠦᠰ ᠮᠢᠨᠢ ᠪᠢᠳᠡ ᠵᠢᠵᠢᠭᠬᠡᠨ ᠰᠢᠦ᠂ ᠦᠪᠡᠷ ᠠᠴᠠ ᠪᠠᠨ ᠭᠠᠳᠠᠭᠰᠢ ᠦᠷᠭᠡᠨ ᠲᠡᠯᠡᠬᠡᠢ ᠶᠢ ᠬᠠᠷᠠᠭᠠᠷᠠᠢ᠂ ᠬᠠᠶᠢᠷᠠᠯᠠᠭᠠᠷᠠᠢ︕ ᠪᠠᠳᠮᠠᠯᠠᠬᠰᠠᠨ ᠵᠣᠯᠠ ᠶᠢ ᠬᠠᠷᠠᠨ ᠭᠦᠨ ᠪᠢᠰᠢᠷᠡᠭᠡᠴᠢ᠂ ᠲᠡᠷᠡ᠂ ᠭᠡᠷᠡᠯ ᠭᠡᠭᠡᠨ ᠤ ᠲᠦᠯᠦᠭᠡ ᠠᠰᠠᠨ ᠪᠣᠢ᠃ ᠦᠨᠦᠴᠢᠨ ᠭᠠᠭᠴᠠ ᠴᠦᠳᠡᠩ ᠤᠨ ᠭᠡᠷᠡᠯ ᠢ ᠴᠦ ᠬᠠᠶᠢᠷᠠᠯᠠᠭᠠᠴᠢ᠂ ᠲᠡᠷᠡ ᠬᠠᠯᠠᠭᠤᠨ ᠲᠣᠯᠠᠭᠠᠨ ᠤ ᠡᠬᠢ᠃ ᠲᠣᠰᠣᠯ ᠣᠰᠣᠨ ᠠᠴᠠ ᠠᠳᠢᠰ ᠠᠪᠣᠭᠠᠴᠢ᠂ ᠦᠬᠦᠨ ᠬᠠᠲᠠᠨ ᠪᠠᠶᠢᠬᠤ ᠦᠶ᠎ᠡ ᠶᠢᠨ ᠠᠮᠠᠨ ᠳᠤ ᠬᠤᠷᠠᠭᠰᠠᠨ ᠰᠢᠯᠦᠰᠦᠨ ᠤ ᠪᠠᠨ ᠡᠬᠢ ᠶᠢ ᠪᠣᠳᠣᠭᠠᠴᠢ᠂ ᠵᠣᠪᠠᠯᠠᠩ ᠤᠨ ᠲᠠᠯᠠᠢ ᠳᠤ ᠲᠡᠯᠴᠢᠯᠡᠬᠦ ᠳᠡᠭᠡᠨ ᠲᠣᠰᠣᠯ ᠨᠢᠯᠪᠣᠰᠣᠨ ᠤ ᠦᠨ᠎ᠡ ᠶᠢ ᠰᠡᠳᠭᠢᠭᠡᠴᠢ᠂ ᠲᠡᠷᠡ ᠲᠣᠰᠣᠯ ᠨᠢᠯᠪᠣᠰᠦ ᠶᠠᠭᠠᠬᠢᠬᠤ ᠳᠠᠭᠠᠨ ᠴᠢᠮ᠎ᠠ ᠠᠴᠠ ᠲᠠᠰᠣᠷᠠᠨ ᠪᠠᠶᠢᠬᠤ ᠪᠣᠢ︖ ᠰᠢᠷᠬᠡᠭ ᠰᠢᠷᠣᠢ ᠶᠢ ᠡᠷᠬᠢᠮᠯᠡ᠂ ᠦᠷᠯᠦᠭᠡ ᠠᠯᠬᠤᠬᠤ ᠳᠠᠭᠠᠨ ᠦᠯᠮᠡᠢ ᠲᠣᠣᠷᠠᠬᠢ ᠭᠠᠵᠠᠷ ᠢᠶᠠᠨ ᠲᠡᠭᠡᠳᠦᠯᠡ᠃ ᠭᠠᠭᠴᠠ ᠨᠠᠪᠴᠢ ᠶᠢ ᠨᠠᠨᠳᠢᠩᠨᠠ᠂ ᠨᠢᠯᠬ᠎ᠠ ᠬᠡᠣᠬᠡᠳ ᠤᠨ ᠭᠠᠷ ᠮᠡᠳᠦ ᠲᠠᠩᠳᠠ ᠳᠠᠯᠠᠯᠣᠨ ᠪᠠᠶᠢᠳᠠᠭ ᠲᠡᠷᠡ ᠨᠠᠪᠴᠢ ᠲᠠᠢ ᠮᠡᠨᠳᠦᠯᠡᠭᠡᠷᠡᠢ᠃ ᠬᠡᠰᠡᠭ ᠴᠢᠯᠠᠭᠤᠨ ᠳᠤ ᠬᠦᠨᠳᠦᠳᠭᠡᠯ ᠦᠵᠡᠭᠦᠯ᠂ ᠲᠡᠷᠡ ᠡᠬᠡ ᠣᠷᠣᠨ ᠤ ᠴᠢᠨᠢ ᠬᠡᠰᠡᠭ ᠭᠡᠳᠡᠭ ᠢ ᠪᠢᠳᠡᠭᠡᠢ ᠮᠠᠷᠳᠠ᠃ ᠪᠢᠳᠡ ᠬᠡᠨ ᠭᠡᠳᠡᠭ ᠢᠶᠠᠨ ᠲᠡᠳᠡᠨ ᠤ ᠡᠮᠦᠨ᠎ᠡ ᠪᠣᠳᠣᠭᠠᠷᠠᠢ᠂ ᠪᠦᠬᠦᠨ ᠢ ᠠᠷᠭᠠᠳᠠᠭᠠᠴᠢ︕       ᠠᠷᠭᠠᠳᠠᠬᠤ ᠪᠣᠯ ᠡᠬᠡ ᠶᠢᠨ ᠬᠠᠶᠢᠷ᠎ᠠ ᠠᠴᠠ ᠡᠬᠢ ᠲᠠᠢ ᠬᠠᠶᠢᠷ᠎ᠠ ᠶᠣᠮ᠃ ᠠᠷᠭᠠᠳᠠᠬᠤ ᠪᠣᠯ ᠵᠦᠭᠡᠯᠡᠨ ᠠᠢ ᠶᠣᠮ᠃ ᠡᠨᠡ ᠣᠷᠴᠢᠯᠠᠩ ᠬᠠᠶᠢᠷ᠎ᠠ ᠶᠢᠨ ᠣᠷᠴᠢᠯᠠᠩ ᠪᠣᠯᠬᠤ ᠠᠴᠠ ᠪᠢᠰᠢ᠂ ᠬᠠᠷᠬᠢᠰ ᠤᠨ ᠣᠷᠴᠢᠯᠠᠩ ᠪᠢᠰᠢ᠃ ᠡᠪᠦᠭᠡ ᠲᠡᠭᠡᠳᠦᠰ ᠤᠨ ᠪᠦᠳᠦᠭᠡᠭᠰᠡᠨ ᠠᠷᠭᠠᠳᠠᠯ ᠰᠢᠬ ᠰᠠᠶᠢᠨ ᠰᠠᠶᠢᠬᠠᠨ ᠰᠣᠷᠳᠠᠯ ᠬᠠᠮᠢᠭ᠎ᠠ ᠪᠠᠶᠢᠨ᠎ᠠ᠃ ᠪᠢᠳᠡ ᠬᠠᠮᠳᠣ ᠶᠢᠨ ᠴᠣᠭᠴᠠ ᠶᠣᠮ᠃ ᠬᠠᠮᠳᠣ ᠶᠢᠨ ᠴᠣᠭᠴᠠ ᠶᠢ ᠡᠶ᠎ᠡ ᠵᠣᠬᠢᠴᠠᠯ ᠲᠠᠢ ᠪᠠᠶᠢᠯᠭᠠᠬᠤ ᠶᠢᠨ ᠦᠨᠳᠦᠰᠦ ᠨᠢ ᠠᠷᠭᠠᠳᠠᠯ᠃ ᠠᠷᠭᠠᠳᠠᠯ ᠪᠣᠯ ᠵᠦᠭᠡᠯᠡᠨ ᠬᠠᠨᠳᠣᠯᠭ᠎ᠠ᠃ ᠡᠨᠡ ᠪᠣᠯ ᠦᠨᠢ ᠣᠳᠠᠭᠠᠨ ᠣᠷᠣᠰᠢᠨ ᠲᠣᠭᠲᠠᠨᠢᠬᠤ ᠶᠢᠨ ᠦᠨᠡᠨ ᠵᠦᠪ᠂ ᠬᠠᠳᠠᠭᠤ ᠶᠣᠰᠣ᠃       ᠨᠠᠷᠠ ᠶᠢ ᠠᠷᠭᠠᠳᠠᠨ᠂ ᠣᠰᠣ ᠶᠢ ᠠᠷᠭᠠᠳᠠᠨ᠂ ᠠᠭᠤᠯᠠ ᠶᠢ ᠠᠷᠭᠠᠳᠠᠨ᠂ ᠨᠣᠳᠤᠭ ᠢᠶᠠᠨ ᠠᠷᠭᠠᠳᠠᠨ᠂ ᠲᠡᠯᠡᠬᠡᠢ ᠶᠢ ᠠᠷᠭᠠᠳᠠᠶ᠎ᠠ᠂ ᠡᠷᠬᠢᠮ ᠬᠦᠮᠦᠨ ᠳᠦᠷᠦᠯᠬᠢᠳᠡᠨ ᠮᠢᠨᠢ︕
ᠢᠷᠡᠯᠲᠡ᠄ ᠳᠤᠮᠳᠠᠳᠤ ᠤᠯᠤᠰ ᠤᠨ ᠮᠣᠩᠭᠤᠯ ᠬᠡᠯᠡᠨ ᠤ ᠰᠣᠨᠢᠨ ᠮᠡᠳᠡᠭᠡ ᠶᠢᠨ ᠰᠦᠯᠵᠢᠶ᠎ᠡ