ᠬᠡᠥᠬᠡᠳ ᠲᠡᠭᠡᠨ ᠦᠭᠭᠦ ᠪᠡᠯᠡᠭ
ᠨᠡᠶᠢᠲᠡᠯᠡᠭᠰᠡᠨ ᠴᠠᠭ᠄
2025/5/29
      ᠨᠠᠷᠠᠨ ᠤ ᠭᠡᠷᠡᠯ ᠬᠡᠥᠬᠡᠳ ᠨᠠᠰᠤ ᠶᠢ ᠴᠡᠴᠡᠭ ᠰᠢᠭ ᠢᠶᠠᠨ ᠬᠠᠶᠢᠷᠠᠯᠠᠶ᠎ᠠ       ᠨᠠᠭᠠᠰᠢᠯᠠᠬᠤ ᠴᠠᠭ ᠤᠨ ᠵᠠᠮ ᠢ ᠲᠤᠪᠴᠢᠯᠡᠨ ᠴᠡᠩᠭᠡᠯ ᠤᠨ ᠳᠠᠭᠤᠤ ᠪᠠᠨ ᠡᠷᠬᠦᠶ᠎ᠠ       ᠭᠠᠵᠠᠷ ᠤᠨ ᠬᠠᠨ ᠬᠡᠥᠬᠡᠳ ᠤᠨ ᠬᠦᠰᠡᠯ ᠢ ᠭᠠᠯ ᠰᠢᠬ ᠢᠶᠠᠨ ᠳᠡᠭᠡᠳᠦᠯᠡᠶ᠎ᠠ       ᠬᠦᠮᠦᠨ ᠤ ᠤᠷᠴᠢᠯᠡᠩ ᠳᠤ ᠵᠢᠷᠭᠠᠯ ᠤᠨ ᠪᠤᠯᠠᠭ ᠬᠡᠥᠬᠡᠳ ᠨᠠᠰᠦ ᠪᠠᠨ ᠬᠠᠶᠢᠷᠠᠯᠡᠶ᠎ᠠ ᠬᠦᠮᠦᠨ ᠤ ᠤᠷᠴᠢᠯᠡᠩ ᠳᠤ ᠵᠢᠷᠭᠠᠯ ᠤᠨ ᠪᠤᠯᠠᠬ ᠬᠡᠥᠬᠡᠳ ᠨᠠᠰᠤ ᠪᠠᠨ ᠬᠠᠶᠢᠷᠠᠯᠡᠶ᠎ᠠ᠃       ︽ᠨᠠᠷᠠᠨ ᠤ ᠬᠠᠨ ᠬᠡᠥᠬᠡᠳ︾ ᠳᠠᠭᠤᠤ ᠭᠡᠦᠭᠡᠳ ᠤᠨ ᠴᠡᠴᠡᠷᠯᠢᠭ ᠤᠨ ᠬᠦᠷᠢᠶᠡᠨ ᠠᠴᠠ ᠤᠶᠠᠩᠭᠠᠷᠠᠬᠤ ᠨᠢ ᠭᠡᠦᠭᠡᠳ ᠤᠨ ᠪᠠᠶᠠᠷ ᠤᠨ ᠡᠳᠦᠷ ᠬᠦᠷᠦᠭᠡᠳ ᠢᠷᠡᠯ᠎ᠡ ᠭᠡᠵᠦ ᠲᠤᠩᠬᠠᠭᠯᠠᠵᠦ ᠪᠠᠶᠢᠭ᠎ᠠ ᠴᠦ ᠭᠡᠮᠡᠷ᠃ ᠲᠡᠶᠢᠮᠦ ᠡ᠂ ᠵᠢᠷᠭᠤᠭᠠᠨ ᠰᠠᠷ᠎ᠠ ᠶᠢᠨ ᠨᠢᠭᠡᠨ ᠤ ᠲᠡᠯᠡᠬᠡᠢ ᠶᠢᠨ ᠭᠡᠦᠭᠡᠳ ᠤᠨ ᠪᠠᠶᠠᠷ ᠬᠦᠮᠦᠨ ᠪᠦᠬᠦᠨ ᠤ ᠭᠡᠦᠭᠡᠳ ᠨᠠᠰᠤᠨ ᠤ ᠨᠠᠨᠳᠢᠨ ᠲᠤᠷᠠᠳᠬᠠᠯ ᠤᠨ ᠨᠢᠭᠡᠨ ᠠᠷᠢᠯᠤᠰᠢ ᠦᠭᠡᠢ ᠢᠮ ᠲᠠᠮᠠᠭ᠎ᠠ ᠪᠤᠯᠵᠦ᠂ ᠦᠴᠦᠭᠡᠳᠦᠷᠭᠡᠨ ᠴᠦ ᠭᠡᠮᠡᠷ᠂ ᠦᠩᠭᠡᠷᠡᠭᠦᠯᠦᠭᠡᠳ ᠴᠦ ᠪᠠᠶᠢᠶ᠎ᠠ ᠭᠡᠮᠡᠷ ᠰᠠᠨᠠᠭᠳᠠᠭᠤᠯᠬᠤ ᠨᠢ ᠬᠦᠭᠡᠷᠦᠬᠦᠨ᠃ ᠬᠦᠮᠦᠨ ᠤ ᠨᠢᠭᠡ ᠨᠠᠰᠤᠨ ᠳᠤ ᠭᠡᠦᠭᠡᠳ ᠦᠶ᠎ᠡ ᠬᠠᠮᠤᠭ ᠤᠨ ᠰᠠᠶᠢᠬᠠᠨ ᠪᠠᠶᠢᠳᠠᠭ ᠪᠤᠯ ᠡᠨᠡ ᠰᠠᠶᠢᠬᠠᠨ ᠤ ᠪᠦᠬᠦ᠋ᠯᠡ ᠤᠳᠬ᠎ᠠ ᠠᠭᠤᠯᠭ᠎ᠠ ᠵᠢᠷᠭᠤᠭᠠᠨ ᠰᠠᠷ᠎ᠠ ᠶᠢᠨ ᠨᠢᠭᠡᠨ ᠠᠴᠠ ᠢᠷᠡᠳᠡᠭ ᠪᠤᠯᠤᠯᠳᠠᠢ᠃       ᠰᠢᠨ᠎ᠠ ᠬᠤᠪᠴᠠᠰᠦ ᠰᠢᠨ᠎ᠠ ᠭᠤᠳᠤᠯ ᠡᠮᠦᠰᠦᠨ᠎ᠠ᠂ ᠵᠢᠬᠰᠠᠭᠠᠯ ᠳᠤ ᠤᠷᠤᠨ᠎ᠠ᠂ ᠬᠦᠬᠢᠬᠦᠯᠦᠯ ᠤᠨ ᠦᠨᠡᠮᠯᠡᠯ ᠭᠠᠷᠳᠠᠨ᠎ᠠ᠂ ᠤᠷᠤᠯᠳᠤᠭᠠᠨ ᠳᠤ ᠤᠷᠤᠯᠴᠠᠨ᠎ᠠ᠂ ᠱᠠᠩᠨᠠᠯ ᠲᠤᠰᠦᠨ᠎ᠠ᠂ ᠪᠠᠰᠠ ᠪᠠᠭ᠋ᠠᠷᠬᠠᠭᠰᠠᠨ ᠬᠠᠷᠠᠴᠡ ᠤᠷᠮᠠᠰᠢᠭᠤᠯᠤᠬᠰᠠᠨ ᠮᠠᠬᠳᠠᠭᠠᠯ ᠲᠠᠢ᠃ ᠡᠨᠡ ᠡᠳᠦᠷ ᠠᠴᠠ ᠡᠬᠢᠯᠡᠵᠦ ᠭᠡᠦᠭᠡᠳ ᠨᠠᠰᠤ ᠬᠦᠮᠦᠨ ᠤ ᠵᠡᠷᠭᠡ ᠳᠤ ᠬᠦᠷᠴᠢᠭᠡᠭᠰᠡᠨ ᠰᠢᠭ ᠰᠠᠨᠠᠭᠳᠠᠬᠤ ᠨᠢ᠃       ᠡᠨᠡ ᠡᠳᠦᠷ ᠠᠴᠠ ᠡᠬᠢᠯᠡᠵᠦ ᠭᠡᠦᠭᠡᠳ ᠨᠠᠰᠤ ᠡᠴᠢᠭᠡ ᠪᠠᠨ ᠰᠢᠭ ᠰᠦᠷᠳᠡᠢ᠂ ᠡᠭᠡ ᠪᠠᠨ ᠰᠢᠭ ᠤᠬᠠᠭᠠᠨ ᠲᠠᠢ᠂ ᠪᠠᠭᠰᠢ ᠪᠠᠨ ᠰᠢᠬ ᠮᠡᠳᠡᠯᠭᠡ ᠲᠠᠢ᠂ ᠡᠮᠦᠰᠭᠡᠯ ᠳᠡᠭᠡᠨ ᠪᠠᠭᠳᠠᠵᠦ ᠶᠠᠳᠠᠭᠰᠠᠨ ᠪᠠᠭᠠᠳᠤᠷ ᠢᠳᠡᠳᠡᠨ ᠴᠦ ᠪᠤᠯᠴᠢᠬᠠᠭᠰᠠᠨ ᠰᠢᠬ ᠰᠠᠨᠠᠭᠳᠠᠬᠤ ᠨᠢ᠃       ︽ᠪᠤᠷᠤᠭᠤ ᠨᠢ ᠬᠦᠷᠳᠡᠯ᠎ᠡ ᠪᠤᠷᠬᠠᠨ ᠰᠠᠨᠠᠭ᠎ᠠ ᠲᠠᠢ︾ ᠭᠡᠦᠭᠡᠳ ᠨᠠᠰᠤᠨ ᠤ ᠱᠠᠩᠳᠠᠭᠤᠨ ᠮᠦᠷᠦᠭᠡᠳᠦᠯ ᠢ ᠠᠯᠢ ᠶᠢ ᠨᠢ ᠲᠡᠷᠡ ᠭᠡᠬᠦ ᠪᠤᠢ᠃       ᠭᠡᠦᠭᠡᠳ ᠪᠠᠶᠠᠷ ᠬᠦᠷ ᠲᠠᠢ ᠵᠤᠯ ᠵᠢᠷᠭᠠᠯ ᠲᠠᠢ ᠦᠰᠬᠦ ᠶᠢᠨ ᠬᠠᠮᠤᠭ ᠤᠨ ᠦᠨᠳᠦᠰᠦᠨ ᠨᠦᠬᠦᠴᠡᠯ ᠭᠡᠯᠡᠯᠭᠡᠨ ᠦᠭᠡᠢ ᠬᠠᠶᠢᠷ᠎ᠠ᠃ ᠬᠠᠶᠢᠷ᠎ᠠ ᠠᠴᠠ ᠤᠨᠳᠤᠷᠤᠭᠰᠠᠨ ᠵᠦᠪ ᠬᠦᠮᠦᠵᠢᠯ ᠭᠡᠦᠭᠡᠳ ᠢ ᠠᠯᠤᠰ ᠤᠨ ᠠᠯᠤᠰ ᠤᠨ ᠰᠠᠶᠢᠬᠠᠨ ᠮᠦᠷᠦᠭᠡᠳᠦᠯ ᠢᠶᠠᠨ ᠪᠡᠶᠡᠯᠡᠬᠦᠯᠬᠦ ︽ᠬᠦᠮᠦᠨ︾ ᠪᠤᠯᠭᠠᠵᠦ ᠲᠡᠶᠢᠯᠦᠨ᠎ᠡ᠃       ︽ᠬᠡᠥᠬᠡᠳ ᠨᠠᠰᠦ ᠪᠠᠨ ᠬᠠᠶᠢᠷᠠᠯᠠᠶ᠎ᠠ︾ ᠬᠡᠵᠦ ᠳᠠᠭᠤᠯᠠᠬᠤ ᠶᠤᠮ᠂ ᠶᠠᠭ ᠬᠡᠥᠬᠡᠳ ᠨᠠᠰᠤ ᠪᠠᠨ ᠦᠡᠭᠭᠡᠷᠡᠬᠦᠯᠵᠦ ᠪᠠᠶᠢᠭ᠎ᠠ ᠬᠡᠥᠬᠡᠳ ᠤᠳ ᠬᠡᠥᠬᠡᠳ ᠨᠠᠰᠦ ᠪᠠᠨ ᠬᠠᠶᠢᠷᠠᠯᠠᠬᠤ ᠶᠢ ᠤᠬᠠᠭᠠᠷᠠᠵᠦ ᠠᠮᠵᠢᠭ᠎ᠠ ᠦᠬᠡᠢ ᠪᠤᠯᠬᠤᠷ ᠬᠡᠷ ᠤᠨ ᠠᠬᠠᠮᠠᠳ ᠪᠤᠯᠤᠬᠰᠠᠨ ᠪᠢᠳᠡ ᠬᠡᠥᠬᠡᠳ ᠤᠨ ᠢᠶᠠᠨ ᠪᠠᠭ᠎ᠠ ᠨᠠᠰᠤ ᠶᠢ ᠤᠳᠬ᠎ᠠ ᠠᠭᠤᠯᠭ᠎ᠠ ᠲᠠᠢ ᠰᠠᠶᠢᠨ ᠰᠠᠶᠢᠬᠠᠨ ᠪᠤᠯᠭᠠᠬᠤ ᠬᠠᠶᠢᠷ᠎ᠠ ᠬᠦᠮᠦᠵᠢᠯ ᠢᠶᠠᠨ ᠬᠠᠷᠠᠮ ᠦᠭᠡᠢ ᠦᠭᠭᠦ ᠭᠡᠷᠡᠭᠳᠡᠢ᠃ ᠠᠯᠠᠬ ᠮᠢᠬᠠᠨ ᠤ ᠲᠠᠰᠤᠷᠬᠠᠢ ᠡᠯᠢᠬᠡ ᠵᠢᠷᠦᠬᠡᠨ ᠤ ᠡᠮᠳᠡᠷᠬᠡᠢ ᠪᠤᠯᠤᠬᠰᠠᠨ ᠦᠷ᠎ᠡ ᠬᠡᠥᠬᠡᠳ ᠢᠶᠠᠨ ᠬᠠᠶᠢᠷᠠᠯᠬᠠᠤ ᠦᠬᠡᠢ ᠬᠦᠮᠦᠨ ᠪᠠᠶᠢᠬᠤ ᠦᠭᠡᠢ ᠪᠤᠯᠪᠠᠴᠤ ︽ᠵᠦᠪ ᠬᠠᠶᠢᠷᠠᠯᠠᠨ᠎ᠠ︾ ᠬᠡᠳᠡᠭ ᠲᠤ ᠯᠡ ᠶᠡᠭᠡ ᠤᠬᠠᠭᠠᠨ ᠨᠢᠭᠤᠭᠳᠠᠨ᠎ᠠ᠃ ᠵᠦᠪ ᠬᠠᠶᠢᠷᠠᠯᠠᠬᠤ ᠶᠢᠨ ᠤᠨᠳᠤᠤ ᠨᠡᠷ᠎ᠡ ᠨᠢ ︽ᠦᠭᠭᠦᠨ᠎ᠡ︾᠂ ︽ᠦᠭᠭᠦ︾ ᠶᠢᠨ ᠤᠳᠬ᠎ᠠ ᠠᠭᠤᠯᠭ᠎ᠠ ︽ᠬᠦᠮᠦᠵᠢᠯ︾ ᠢᠶᠠᠷ ᠢᠯᠡᠷᠡᠨ᠎ᠡ᠃ ᠶᠠᠭᠤ ᠦᠭᠬᠦᠨ᠎ᠡ︖ ᠶᠠᠭᠠᠬᠢᠵᠦ ᠦᠭᠬᠦᠨ᠎ᠡ︖ ᠭᠡᠳᠦᠢ ᠦᠭᠬᠦᠨ᠎ᠡ︖ ᠁       ︽ᠡᠷᠭᠡ ᠶᠢ ᠦᠭᠬᠦᠨ᠎ᠡ ᠤᠤ᠂ ᠪᠡᠷᠭᠡ ᠶᠢ ᠦᠭᠬᠦᠨ᠎ᠡ ᠤᠤ︖ ᠡᠳ᠋ ᠦᠭᠬᠦᠨ᠎ᠡ ᠤᠤ᠂ ᠡᠷᠳᠡᠮ ᠦᠭᠬᠦᠨ᠎ᠡ ᠤᠤ︖︾ ᠦᠭᠭᠦᠭᠰᠡᠨ ᠤ ᠬᠢᠷᠢ ᠪᠠᠷ ᠴᠢᠨᠢ᠂ ᠦᠭᠭᠦᠭᠰᠡᠨ ᠤ ᠤᠬᠠᠭᠠᠨ ᠢᠶᠠᠷ ᠴᠢᠨᠢ ᠭᠡᠦᠭᠡᠳ ᠬᠢᠷᠢ ᠵᠡᠷᠭᠡ ᠶᠢᠨ ᠬᠦᠮᠦᠨ ᠪᠤᠯᠬᠤ ᠨᠢ ᠳᠤᠳᠤᠷᠠᠨ᠎ᠠ᠃       ᠡᠩ ᠲᠡᠷᠢᠬᠦᠨ ᠳᠤ ᠡᠯᠢᠬᠡ ᠪᠦᠳᠤᠨ ᠠᠮᠢᠳᠤᠷᠠᠯ ᠦᠭᠭᠦᠶ᠎ᠡ᠃ ᠬᠠᠶᠢᠷ᠎ᠠ ᠲᠤᠳᠠᠭ᠎ᠠ ᠦᠭᠡᠢ ᠬᠡᠥᠬᠡᠳ ᠵᠳᠡᠬᠡᠯ ᠵᠤᠷᠢᠬ ᠢᠳᠡ ᠬᠦᠴᠦᠨ ᠶᠠᠭᠤ ᠴᠦ ᠲᠤᠳᠠᠳᠠᠭ ᠦᠬᠡᠢ︔ ᠦᠪᠡᠷ ᠢ ᠪᠠᠨ ᠭᠡᠦᠭᠡᠳ ᠲᠡᠭᠡᠨ ᠦᠭᠭᠦᠶ᠎ᠡ᠃ ᠭᠡᠦᠭᠡᠳ ᠤᠨ ᠢᠶᠠᠨ ᠪᠠᠭ᠋ᠠᠷᠬᠠᠳᠠᠭ ᠲᠤᠭᠯᠠᠭᠠᠮ ᠤᠨ ᠵᠦᠢᠯᠡᠰ ᠨᠢ ᠰᠢᠭ ᠭᠡᠦᠭᠡᠳ ᠲᠠᠢ ᠪᠠᠨ ᠬᠠᠮᠳᠤ ᠪᠠᠶᠢᠬᠤ ᠭᠡᠦᠭᠡᠳ ᠤᠨ ᠴᠢᠨᠢ ᠡᠷᠡᠬᠦᠯ ᠪᠡᠶ᠎ᠡ ᠰᠠᠷᠠᠭᠤᠯ ᠤᠬᠠᠭᠠᠨ ᠤ ᠬᠢᠨᠢ ᠡᠬᠢ ᠰᠤᠷᠪᠤᠯᠵᠢ ᠪᠤᠯᠬᠤ ᠶᠤᠮ᠃ ᠲᠤᠭᠯᠠᠭᠠᠮ ᠤᠨ ᠵᠦᠢᠯᠡᠰ ᠢᠶᠠᠨ ᠬᠠᠷᠠᠮᠨᠠᠨ ᠬᠠᠶᠢᠷᠠᠯᠠᠬᠤ ᠤᠬᠠᠭᠠᠨ ᠠᠴᠠ ᠪᠠᠨ ︽ᠲᠤᠭᠯᠠᠭᠠᠮ ᠤᠨ ᠵᠦᠢᠯᠡᠰ︾ ᠪᠤᠯᠤᠭᠰᠠᠨ ᠡᠴᠢᠭᠡ ᠡᠭᠡ ᠪᠠᠨ ᠦᠮᠴᠢᠷᠭᠡᠨ ᠬᠦᠨᠳᠦᠳᠭᠡᠵᠦ ᠬᠠᠶᠢᠷᠠᠯᠠᠬᠤ ᠬᠠᠶᠢᠷ᠎ᠠ ᠶᠢ ᠰᠤᠷᠳᠠᠭ ᠰᠢᠦ ᠭᠡᠦᠭᠡᠳ ᠴᠢᠨᠢ︔ ᠰᠢᠯᠭᠠᠯᠳᠠ ᠶᠢᠨ ᠬᠤᠪᠢ ᠶᠢ ᠨᠢ ᠯᠡ ᠠᠩᠬᠠᠷᠬᠤ ᠪᠢᠰᠢ ᠬᠠᠷᠢᠨ ᠮᠡᠳᠡᠯᠭᠡ ᠮᠡᠷᠭᠡᠵᠢᠯ ᠰᠤᠷᠬᠤ ᠠᠷᠭ᠎ᠠ ᠤᠬᠠᠭᠠᠨ ‍ᠦᠬ᠋ᠭᠦᠶ᠎ᠡ︔ ᠭᠠᠷ ᠤᠳᠠᠰᠤ ᠪᠢᠰᠢ ᠂ ᠭᠠᠷ ᠲᠠᠭᠠᠨ ᠪᠠᠷᠢᠭᠰᠠᠨ ᠨᠤᠮ ᠦᠭᠭᠦᠶ᠎ᠡ︔ ᠬᠢᠴᠢᠶᠡᠯ ᠤᠨ ᠭᠠᠳᠠᠨᠠᠬᠢ ᠪᠤᠯᠪᠠᠰᠤᠷᠠᠯ ᠤᠨ ᠠᠩᠬᠢ ᠪᠢᠰᠢ᠂ ᠬᠦᠮᠦᠨ ᠤ ᠠᠮᠢᠳᠤᠷᠠᠯ ᠤᠨ ᠤᠷᠳᠤ ᠠᠶᠠᠨ ᠢ ᠲᠤᠭᠤᠯᠬᠤ ᠲᠠᠰᠪᠦᠷᠢ ᠲᠠᠪᠴᠢᠶᠠᠷᠢ ᠶᠢ ᠦᠭᠭᠦᠶ᠎ᠡ︔ ︽ᠦᠷᠭᠡᠰᠦᠳᠤ ᠤᠷᠴᠢᠯᠠᠩ ᠳᠤ ᠪᠦᠲᠦᠴᠢᠭᠡᠳ ᠤᠬᠢᠯᠡᠵᠦ ᠰᠠᠭᠤᠬᠤ ᠶᠢᠨ ᠴᠠᠭ ᠲᠤ ᠦᠯᠦᠭᠡᠢ ᠶᠢ ᠮᠢᠨᠢ ᠰᠠᠶᠢᠯᠦᠭᠰᠡᠨ ᠠᠪᠤ ᠲᠠᠢ ᠪᠤᠯᠬᠤᠷ ᠠᠮᠢᠳᠤ ᠶᠠᠪᠤᠵᠦ ᠴᠢᠳᠠᠳᠠᠭ ᠡ︾ ᠬᠡᠵᠦ ᠰᠢᠯᠦᠭᠯᠡᠭᠰᠡᠨ ᠰᠢᠭ ᠤᠷᠴᠢᠯᠡᠩ ᠤᠨ ᠨᠤᠭᠤᠴᠠᠭᠠᠨ ᠢ ᠬᠦᠯ ᠠᠯᠳᠠᠯ ᠦᠬᠡᠢ ᠲᠤᠭᠤᠯᠬᠤ ᠵᠢᠷᠦᠭᠡᠨ ᠲᠠᠮᠢᠷ ‍ᠦᠬ᠋ᠭᠦᠶ᠎ᠡ︔ ᠲᠦᠷᠦᠭᠰᠡᠨ ᠨᠤᠲᠤᠭ ᠤᠨ ᠢᠶᠠᠨ ᠠᠯᠠᠬ ᠴᠢᠯᠠᠭᠤ ᠪᠠᠨ ᠵᠢᠰᠦᠯᠡᠬᠦ᠂ ᠠᠬᠯᠠᠬ ᠠᠭᠤᠯᠠ ᠪᠠᠨ ᠰᠢᠳᠦᠬᠦ᠂ ᠠᠳᠬᠤ ᠰᠢᠷᠤᠢ ᠪᠠᠨ ᠬᠠᠮᠠᠭᠠᠯᠠᠨ ᠬᠠᠶᠢᠷᠠᠯᠠᠬᠤ ᠵᠤᠷᠢᠭ ᠰᠦᠰᠦ ᠦᠭᠭᠦᠶ᠎ᠡ᠃       ᠵᠢᠷᠭᠤᠭᠠᠨ ᠰᠠᠷ᠎ᠠ ᠶᠢᠨ ᠨᠢᠭᠡᠨ ᠪᠤᠯᠵᠦ᠂ ᠵᠦᠢᠯ ᠤᠨ ᠴᠡᠴᠡᠭ ᠲᠡᠯᠭᠡᠷᠡᠯ᠎ᠡ᠃ ᠴᠡᠴᠡᠭ ᠲᠠᠢ ᠵᠢᠮᠢᠰ ᠲᠠᠢ᠂ ᠠᠭᠤᠯᠠ ᠲᠠᠢ ᠤᠰᠤ ᠲᠠᠢ ᠭᠠᠩᠭᠠᠩ ᠲᠡᠯᠡᠬᠡᠢ ᠪᠠᠨ ᠪᠦᠬᠦᠯᠢ ᠪᠦᠲᠦᠨ ᠢᠶᠠᠷ ᠨᠢ ᠦᠷ᠎ᠡ ᠭᠡᠦᠭᠡᠳ ᠲᠡᠭᠡᠨ ᠦᠭᠭᠦᠶ᠎ᠡ ᠡ︕
ᠢᠷᠡᠯᠲᠡ᠄ ᠳᠤᠮᠳᠠᠳᠤ ᠤᠯᠤᠰ ᠤᠨ ᠮᠣᠩᠭᠤᠯ ᠬᠡᠯᠡᠨ ᠤ ᠰᠣᠨᠢᠨ ᠮᠡᠳᠡᠭᠡ ᠶᠢᠨ ᠰᠦᠯᠵᠢᠶ᠎ᠡ