ᠶᠠᠪᠠᠭᠠᠨ ᠬᠦᠮᠦᠨ ᠴᠤ ᠬᠡᠳ ᠵᠠᠮ ᠬᠠᠷᠢᠯᠴᠠᠭᠠᠨ ᠤ ᠲᠦᠷᠢᠮ ᠲᠤᠭᠳᠠᠭᠠᠯ ᠢ ᠵᠢᠷᠤᠮᠯᠠᠬᠤ ᠴᠢᠬᠤᠯᠠᠳᠡᠢ
ᠨᠡᠶᠢᠲᠡᠯᠡᠭᠰᠡᠨ ᠴᠠᠭ᠄
2025/5/30
      ᠡᠮᠦᠨ᠎ᠠ ᠬᠤᠶᠡᠷ ᠡᠳᠦᠷ ᠤᠨ ᠤᠴᠢᠷ ᠶᠤᠮᠰᠠᠨ᠃ ᠪᠢ ᠲᠡᠷᠬᠡ ᠪᠠᠨ ᠪᠠᠷᠢᠭᠠᠳ ᠵᠠᠮ ᠤᠨ ᠠᠭᠤᠯᠵᠠᠷ ᠲᠠᠬᠢ ᠲᠤᠬᠢᠶᠠᠨ ᠳ᠋ᠸᠡᠭ ᠬᠦᠯᠢᠶᠠᠵᠦ᠂ ᠨᠤᠭᠤᠭᠠᠨ ᠳ᠋ᠸᠡᠭ ᠬᠡᠷᠡᠯᠳᠦᠬᠦᠯᠡᠷ ᠲᠤᠰᠤ ᠪᠠᠨ ᠨᠡᠮᠡᠬᠡᠳ ᠲᠦᠡᠭᠬᠡᠵᠢ ᠬᠦᠳᠡᠯᠳᠡᠯ᠎ᠠ ᠬᠡᠨᠡᠳᠳᠠ ᠨᠢᠬᠡ ᠢᠳᠡᠷ ᠨᠠᠰᠤᠨ ᠤ ᠡᠮᠡᠭᠳᠡᠢ ᠲᠡᠷᠬᠡᠨ ᠤ ᠡᠮᠦᠨᠡᠬᠦᠷ ᠬᠦᠶᠦᠵᠦ ᠭᠠᠷᠪᠠ᠂ ᠠᠶᠤᠵᠦ ᠰᠤᠴᠢᠭᠰᠠᠨ ᠬᠡᠭᠴᠢ᠃ ᠡᠨᠡ ᠲᠡᠷᠡ ᠶᠢ ᠬᠡᠯᠡᠵᠦ ᠵᠡᠪᠳᠤᠯ ᠦᠬᠡᠢ ᠪᠠᠷ ᠦᠨᠦᠬᠢ ᠡᠮᠡᠭᠳᠡᠢ ᠲᠡᠷᠬᠡᠨ ᠤ ᠡᠮᠦᠨ᠎ᠠ ᠵᠤᠭᠰᠤᠴᠢᠬᠠᠭᠰᠠᠨ᠄ ︽ᠶᠠᠭᠠᠬᠢᠵᠦ ᠲᠠᠷᠬᠡ ᠪᠠᠷᠢᠵᠦ ᠪᠠᠶᠢᠭ᠎ᠠ ᠨᠢ ᠡᠨᠡ ᠪᠤᠢ᠂ ᠵᠠᠰᠠᠮᠠᠯ ᠵᠠᠮ ᠢᠶᠠᠷ ᠶᠠᠪᠠᠭᠠᠨ ᠬᠦᠮᠦᠨ ᠬᠠᠷᠢᠴᠠᠯᠠᠰᠢᠬᠦᠢ ᠡᠷᠬᠡ ᠲᠠᠢ ᠬᠡᠳᠡᠭ ᠢ ᠮᠡᠳᠡᠬᠦ ᠦᠬᠡᠢ ᠤᠤ︖ ᠬᠦᠮᠦᠨ ᠢ ᠲᠠᠭᠠᠷᠢᠴᠢᠬᠠᠭᠰᠠᠨ ᠪᠤᠯ ᠶᠠᠭᠠᠬᠢᠨ᠎ᠠ︾ ᠬᠡᠮᠡᠨ ᠬᠠᠰᠬᠢᠷᠴᠦ᠂ ᠪᠦᠬᠡᠮ ᠤᠴᠢᠷ ᠪᠤᠯᠬᠤ ᠲᠦᠬᠦᠵᠦ ᠰᠠᠶ᠋ᠢ ᠰᠠᠯᠤᠭᠰᠠᠨ ᠶᠤᠮ᠃       ᠦᠨᠡᠨ ᠳᠡᠭᠡᠨ ᠲᠡᠷᠡ ᠡᠮᠡᠭᠳᠡᠢ ᠵᠠᠮ ᠤᠨ ᠤᠯᠠᠭᠠᠨ ᠳ᠋ᠸᠡᠭ ᠢ ᠵᠦᠷᠢᠴᠡᠵᠦ ᠭᠠᠷᠤᠭᠰᠠᠨ ᠶᠠᠪᠤᠳᠠᠯ ᠯᠠ ᠳ᠋ᠠ᠃ ᠤᠴᠢᠷ ᠶᠠᠪᠤᠳᠠᠯ ᠶᠡᠬᠡᠰᠴᠦ ᠬᠡᠷᠡᠬᠦᠯ ᠴᠤᠤᠬᠢᠶᠠᠨ ᠪᠤᠯᠬᠤ ᠠᠴᠠ ᠰᠡᠷᠬᠡᠶᠢᠯᠡᠬᠦ ᠶᠢᠨ ᠲᠦᠯᠦᠬᠡ ᠲᠡᠷᠡ ᠡᠮᠡᠭᠳᠡᠢ ᠳᠤ ᠪᠠᠭ᠋ᠠᠨ ᠪᠤᠷᠤᠭᠤ ᠬᠦᠯᠢᠶᠠᠵᠦ ᠪᠠᠶᠢᠮᠡᠨ ᠤᠴᠢᠷ ᠶᠠᠪᠤᠳᠠᠯ ᠦᠡᠭᠬᠡᠷᠡᠪᠡ᠃ ᠬᠡᠳᠦ᠋ᠪᠡᠷ ᠵᠠᠰᠠᠮᠠᠯ ᠵᠠᠮ ᠢᠶᠠᠷ ᠶᠠᠪᠠᠭᠠᠨ ᠬᠦᠮᠦᠨ ᠬᠠᠷᠢᠴᠠᠯᠠᠰᠢᠬᠦᠶ ᠡᠷᠬᠡ ᠲᠠᠢ ᠪᠤᠯᠪᠠᠴᠦ ︽ᠪᠦᠬᠦᠳᠠ ᠨᠠᠶᠢᠷᠠᠮᠳᠠᠬᠤ ᠲᠤᠮᠳᠠᠲᠦ ᠠᠷᠠᠳ ᠤᠯᠤᠰ ᠤᠨ ᠵᠠᠮ ᠬᠠᠷᠢᠯᠴᠠᠭᠠᠨ ᠤ ᠠᠮᠦᠷ ᠲᠦᠪᠰᠢᠨ ᠤ ᠬᠠᠤᠯᠢ︾ ᠶᠢᠨ ᠵᠢᠷᠡᠨ ᠨᠢᠬᠡ ᠠᠴᠠ ᠵᠢᠷᠡᠨ ᠭᠤᠷᠪᠠᠳᠤᠭᠠᠷ ᠵᠤᠷᠪᠤᠰ ᠲᠤ᠄ ᠶᠠᠪᠠᠭᠠᠨ ᠬᠦᠮᠦᠨ ᠵᠠᠮ ᠦᠡᠭᠬᠡᠷᠡᠬᠦ ᠳᠡᠭᠡᠨ ᠡᠷᠬᠡᠪᠰᠢ ᠶᠠᠪᠠᠭᠠᠨ ᠬᠦᠮᠦᠨ ᠤ ᠵᠠᠮ ᠢᠶᠠᠷ ᠦᠡᠭᠬᠡᠷᠡᠬᠦ ᠬᠡᠷᠡᠭᠳᠡᠢ︔ ᠶᠠᠪᠠᠭᠠᠨ ᠬᠦᠮᠦᠨ ᠵᠠᠮ ᠦᠡᠭᠬᠡᠷᠡᠬᠦ ᠳᠡᠭᠡᠨ ᠡᠷᠬᠡᠪᠰᠢ ᠵᠠᠮ ᠤᠨ ᠲᠤᠬᠢᠶᠠᠨ ᠳ᠋ᠸᠡᠭ ᠢᠶᠠᠷ ᠪᠠᠷᠢᠮᠵᠢᠶ᠎ᠠ ᠪᠤᠯᠭᠠᠬᠤ ᠬᠡᠷᠡᠭᠳᠡᠢ︔ ᠵᠠᠮ ᠤᠨ ᠲᠤᠬᠢᠶᠠᠨ ᠳ᠋ᠸᠡᠭ ᠪᠤᠶᠤ ᠶᠠᠪᠠᠭᠠᠨ ᠬᠦᠮᠦᠨ ᠤ ᠵᠠᠮ ᠪᠠᠶᠢᠬᠤ ᠦᠬᠡᠢ ᠦᠶ᠎ᠠ ᠳᠤ ᠶᠠᠪᠠᠭᠠᠨ ᠬᠦᠮᠦᠨ ᠲᠡᠷᠬᠡ ᠮᠠᠰᠢᠨ ᠤ ᠪᠠᠶᠢᠳᠠᠯ ᠢ ᠨᠢᠠᠠᠳᠠ ᠠᠩᠬᠠᠷᠴᠦ ᠪᠠᠶᠢᠭᠠᠳ ᠵᠠᠮ ᠬᠡᠳᠦᠯᠬᠦ ᠬᠡᠷᠡᠭᠳᠡᠢ ᠬᠡᠵᠦ ᠲᠤᠳᠤᠷᠬᠠᠢ ᠲᠤᠷᠠᠳᠴᠠᠢ᠃ ︽ᠪᠦᠬᠦᠳᠠ ᠨᠠᠶᠢᠷᠠᠮᠳᠠᠬᠤ ᠲᠤᠮᠳᠠᠲᠦ ᠠᠷᠠᠳ ᠤᠯᠤᠰ ᠤᠨ ᠵᠠᠮ ᠬᠠᠷᠢᠯᠴᠠᠭᠠᠨ ᠤ ᠠᠮᠦᠷ ᠲᠦᠪᠰᠢᠨ ᠤ ᠬᠠᠤᠯᠢ︾ ᠶᠢᠨ ᠵᠢᠷᠡᠨ ᠵᠢᠷᠭᠤᠳᠤᠭᠠᠷ ᠵᠤᠷᠪᠤᠰ ᠲᠤ ᠵᠠᠰᠠᠮᠠᠯ ᠵᠠᠮ ᠲᠡᠬᠡᠷ᠎ᠠ ᠪᠤᠯᠤᠭᠰᠠᠨ ᠶᠠᠪᠠᠭᠠᠨ ᠬᠦᠮᠦᠨ ᠪᠤᠶᠤ ᠲᠡᠷᠬᠡ ᠮᠠᠰᠢᠨ ᠤ ᠬᠠᠷᠢᠭᠤᠴᠠᠯᠭ᠎ᠠ ᠲᠤᠯᠭᠠᠬᠤ ᠪᠠ ᠲᠦᠯᠦᠪᠦᠷᠢ ᠶᠢᠨ ᠲᠤᠬᠠᠢ ᠴᠤ ᠨᠠᠷᠢᠨ ᠵᠦᠢᠯᠡᠰ ᠠᠷᠪᠢᠨ ᠪᠤᠢ᠃ ᠵᠢᠱᠢᠶᠠᠯᠠᠪᠠᠯ᠄ ᠶᠠᠪᠠᠭᠠᠨ ᠬᠦᠮᠦᠨ ᠵᠠᠮ ᠬᠠᠷᠢᠯᠴᠠᠭᠠᠨ ᠤ ᠲᠦᠷᠢᠮ ᠲᠤᠭᠳᠠᠭᠠᠯ ᠢ ᠵᠦᠷᠢᠴᠡᠬᠡᠳ ᠡ᠊ᠨᠳᠠᠯ ᠡᠬᠦᠰᠬᠦ ᠦᠶ᠎ᠠ ᠳᠤ ᠶᠠᠪᠠᠭᠠᠨ ᠬᠦᠮᠦᠨ ᠭᠤᠤᠯ ᠬᠠᠷᠢᠭᠤᠴᠠᠯᠭ᠎ᠠ ᠶᠢ ᠡᠬᠦᠷᠬᠡᠯᠡᠵᠦ᠂ ᠮᠠᠰᠢᠨ ᠲᠡᠷᠬᠡᠨ ᠤ ᠵᠢᠯᠤᠭᠤᠴᠢ ᠵᠤᠬᠢᠬᠤ ᠬᠡᠮᠵᠢᠶᠠᠨ ᠤ ᠬᠠᠷᠢᠭᠤᠴᠠᠯᠭ᠎ᠠ ᠶᠢ ᠡᠬᠦᠷᠬᠡᠯᠡᠨ᠎ᠠ ᠬᠡᠵᠦ ᠲᠤᠭᠳᠠᠭᠠᠵᠠᠢ᠃       ᠶᠡᠷᠤᠨᠢ ᠪᠢᠳᠠᠨ ᠤ ᠲᠡᠷᠬᠡᠳᠠ ᠵᠠᠮ ᠬᠠᠷᠢᠯᠴᠠᠭᠠᠨ ᠤ ᠲᠦᠷᠢᠮ ᠲᠤᠭᠳᠠᠭᠠᠯ ᠢ ᠵᠦᠷᠢᠴᠡᠵᠦ ᠪᠠᠶᠢᠭ᠎ᠠ ᠦᠵᠡᠭᠳᠡᠯ ᠬᠠ ᠶᠠ ᠦᠬᠡᠢ ᠦᠵᠡᠬᠳᠡᠳᠡᠭ᠃ ᠵᠢᠱᠢᠶᠠᠯᠠᠪᠠᠯ ᠄ ᠡᠩ ᠤᠨ ᠲᠤᠭᠤᠢ ᠲᠡᠷᠬᠡ ᠪᠤᠶᠤ ᠴᠠᠬᠢᠯᠭᠠᠨ ᠬᠦᠳᠡᠯᠬᠡᠬᠦᠷᠲᠦ ᠲᠤᠭᠤᠢ ᠲᠡᠷᠬᠡ ᠲᠤᠰᠬᠠᠢ ᠫᠠᠶᠢᠰᠠ ᠨᠤᠮᠤᠷ ᠬᠠᠳᠠᠬᠤ ᠴᠢᠬᠤᠯᠠ ᠦᠬᠡᠢ ᠮᠦᠷᠳᠡᠬᠡᠨ ᠵᠠᠮ ᠬᠠᠷᠢᠯᠴᠠᠭᠠᠨ ᠤ ᠬᠤᠪᠢ ᠪᠤᠳᠤᠬᠤ ᠦᠬᠡᠢ ᠪᠤᠯᠬᠤᠷ ᠵᠠᠰᠠᠮᠠᠯ ᠵᠠᠮ ᠢᠶᠠᠷ ᠲᠤᠷ᠎ᠠ ᠲᠠᠪᠠ ᠪᠠᠷ ᠢᠶᠠᠨ ᠲᠠᠪᠬᠢᠭᠤᠯᠬᠤ︔ ᠲᠦᠷᠬᠡᠨ ᠬᠦᠷᠬᠡᠭᠴᠢ ᠬᠤᠪᠢ ᠶᠢᠨ ᠠᠰᠢᠭ ᠲᠤᠰᠠ ᠪᠠᠨ ᠪᠤᠳᠤᠵᠤ ᠪᠤᠰᠤᠳ ᠤᠨ ᠵᠠᠬᠢᠶᠠᠯᠠᠭ᠎ᠠ ᠶᠢ ᠠᠯᠢ ᠲᠦᠷᠬᠡᠨ ᠢᠶᠠᠷ ᠬᠦᠷᠬᠡᠬᠦ ᠶᠢᠨ ᠲᠤᠰᠠᠳᠠ ᠵᠠᠮ ᠬᠠᠷᠢᠯᠴᠠᠭᠠᠨ ᠤ ᠲᠦᠷᠢᠮ ᠲᠤᠭᠳᠠᠭᠠᠯ ᠢ ᠵᠦᠷᠢᠴᠡᠬᠦ︔ ᠴᠦᠬᠡᠨ ᠲᠤᠭᠠᠨ ᠤ ᠬᠡᠰᠡᠭ ᠬᠦᠮᠦᠰ ᠬᠡᠲᠦ ᠬᠤᠪᠢᠨᠴᠢᠷ ᠦᠵᠡᠯ ᠠᠴᠠ ᠪᠤᠯᠵᠦ ᠵᠠᠮ ᠬᠠᠷᠢᠯᠴᠠᠭᠠᠨ ᠤ ᠲᠦᠷᠢᠮ ᠲᠤᠭᠳᠠᠭᠠᠯ ᠢ ᠰᠠᠨᠠᠭᠠᠨ ᠳᠠᠭᠠᠨ ᠠᠪᠬᠤ ᠦᠬᠡᠢ ᠪᠤᠶᠤ ᠵᠠᠪᠰᠢᠶᠠᠨ ᠢ ᠲᠠᠯᠢᠮᠳᠠᠭᠤᠯᠤᠨ ᠵᠤᠷᠢᠭᠤᠳᠠ ᠲᠡᠷᠬᠡ ᠮᠠᠰᠢᠨ ᠤ ᠵᠢᠯᠤᠭᠤᠴᠢ ᠲᠠᠢ ᠵᠦᠷᠢᠴᠠᠯ ᠮᠦᠷᠬᠦᠯᠳᠦᠬᠡᠨ ᠡᠬᠦᠰᠬᠡᠬᠦ ᠬᠡᠬᠦ ᠮᠡᠲᠦ ᠶᠢᠨ ᠦᠵᠡᠬᠳᠡᠯ ᠢ ᠵᠠᠷᠢᠮ ᠦᠶ᠎ᠠ ᠳᠡᠭᠡᠨ ᠰᠡᠷᠬᠡᠶᠢᠯᠡᠬᠦ ᠶᠢᠨ ᠠᠷᠭ᠎ᠠ ᠦᠬᠡᠢ ᠪᠠᠶᠢᠳᠠᠭ ᠨᠢ ᠦᠨᠡᠨ᠃       ᠵᠠᠮ ᠬᠠᠷᠢᠯᠴᠠᠭᠠᠨ ᠤ ᠬᠠᠤᠯᠢ ᠲᠦᠷᠢᠮ ᠢ ᠵᠦᠷᠢᠴᠡᠬᠦ ᠦᠵᠡᠭᠳᠡᠯ ᠢ ᠲᠡᠪᠴᠢᠵᠦ᠂ ᠭᠠᠭᠴᠠᠬᠠᠨ ᠤᠯᠳᠠᠬᠤ ᠠᠮᠢ ᠨᠠᠰᠤ ᠪᠠᠨ ᠨᠠᠨᠳᠢᠩᠨᠡᠬᠤ ᠶᠢᠨ ᠲᠤᠰᠠᠳᠠ ᠶᠠᠪᠠᠭᠠᠨ ᠬᠦᠮᠦᠨ ︽ᠶᠠᠪᠠᠭᠠᠨ ᠬᠦᠮᠦᠨ ᠵᠠᠰᠠᠮᠠᠯ ᠵᠠᠮ ᠤᠨ ᠬᠠᠷᠢᠴᠡᠯᠡᠰᠢᠬᠦᠢ ᠡᠷᠬᠡ ᠲᠠᠢ︾ ᠬᠡᠬᠦ ᠭᠡᠪᠰᠢᠮᠡᠯ ᠪᠤᠷᠤᠭᠤ ᠦᠵᠡᠯᠳᠠ ᠪᠠᠨ ᠬᠤᠪᠢᠷᠠᠭᠤᠯᠵᠦ᠂ ᠲᠡᠷᠬᠡᠨ ᠵᠢᠯᠤᠭᠤᠴᠢ ᠴᠤ ᠪᠤᠰᠤᠳ ᠲᠤ ᠲᠡᠬᠡᠲᠦ ᠬᠡᠮᠵᠢᠶ᠎ᠠ ᠪᠠᠷ ᠬᠠᠷᠢᠭᠤᠴᠠᠬᠤ ᠪᠠ ᠦᠪᠡᠷ ᠤᠨ ᠪᠡᠶ᠎ᠠ ᠳᠡᠭᠡᠨ ᠬᠠᠷᠢᠭᠤᠴᠠᠬᠤ ᠤᠪᠤᠷ ᠢᠶᠠᠷ ᠵᠠᠮ ᠬᠠᠷᠢᠯᠴᠠᠭᠠᠨ ᠤ ᠬᠠᠤᠯᠢ ᠲᠦᠷᠢᠮ ᠢ ᠴᠢᠩᠭ᠎ᠠ ᠵᠢᠷᠤᠮᠯᠠᠬᠤ ᠠᠴᠠ ᠭᠠᠳᠠᠨ᠎ᠠ ᠬᠤᠯᠪᠤᠭᠳᠠᠯ ᠪᠦᠬᠦᠢ ᠪᠠᠶᠢᠭᠤᠯᠭ᠎ᠠ ᠨᠢᠬᠡᠴᠢ ᠶᠢᠨ ᠬᠢᠨ ᠬᠠᠤᠯᠢ ᠬᠡᠷᠡᠭᠵᠢᠬᠦᠯᠬᠦ ᠬᠦᠴᠦᠯᠠᠴᠠ ᠪᠠ ᠡ᠊ᠡᠭ ᠤᠨ ᠦᠶ᠎ᠠ ᠶᠢᠨ ᠤᠬᠠᠭᠤᠯᠭ᠎ᠠ ᠬᠦᠮᠦᠵᠢᠯ ᠢ ᠤᠯᠠᠮ ᠨᠢᠬᠡ ᠠᠯᠬᠤᠮ ᠴᠢᠩᠭᠠᠳᠬᠠᠵᠦ᠂ ᠨᠡᠶᠢᠬᠡᠮ ᠲᠠᠶᠠᠭᠠᠷ ᠲᠤ ᠬᠦᠮᠦᠨ ᠪᠦᠬᠦᠨ ᠲᠦᠷᠢᠮ ᠲᠤᠭᠳᠠᠭᠠᠯ ᠢ ᠤᠬᠠᠮᠰᠡᠷ ᠠᠴᠠ ᠪᠠᠨ ᠵᠢᠷᠤᠮᠯᠠᠬᠤ ᠰᠠᠶᠢᠨ ᠰᠠᠶᠢᠬᠠᠨ ᠠᠭᠤᠷ ᠠᠮᠢᠰᠬᠤᠯ ᠢ ᠪᠤᠢ ᠪᠤᠯᠭᠠᠬᠤ ᠨᠢ ᠬᠡᠵᠢᠶ᠎ᠠ ᠴᠤ ᠬᠡᠰᠡᠨ ᠪᠠᠴᠢᠮ ᠱᠠᠭᠠᠷᠳᠠᠭᠳᠠᠵᠦ ᠪᠤᠢ᠃
ᠢᠷᠡᠯᠲᠡ᠄ ᠳᠤᠮᠳᠠᠳᠤ ᠤᠯᠤᠰ ᠤᠨ ᠮᠣᠩᠭᠤᠯ ᠬᠡᠯᠡᠨ ᠤ ᠰᠣᠨᠢᠨ ᠮᠡᠳᠡᠭᠡ ᠶᠢᠨ ᠰᠦᠯᠵᠢᠶ᠎ᠡ