ᠬᠦᠵᠦᠭᠦᠨ ᠦᠶ᠎ᠠ ᠡᠪᠡᠷᠰᠢᠶᠡᠨ ᠡᠪᠡᠳᠬᠦ ᠨᠢ ᠤᠳᠤ ᠶᠢᠨ ᠬᠦᠮᠦᠰ ᠲᠤ ᠪᠠᠶᠢᠩᠭᠤ ᠳᠤᠬᠢᠶᠠᠯᠳᠤᠬᠤ ᠪᠠᠶᠢᠳᠠᠯ ᠪᠤᠯᠵᠠᠢ᠃ ᠬᠦᠵᠦᠭᠦᠨ ᠦᠶ᠎ᠠ ᠡᠪᠡᠷᠰᠢᠶᠡᠨ | ᠡᠪᠡᠳᠬᠦ ᠨᠢ ᠪᠤᠯᠴᠢᠩ ᠤᠨ ᠭᠡᠮᠳᠦᠯ᠂ ᠭᠠᠳᠠᠷ ᠰᠢᠷᠬ᠎ᠠ᠂ ᠰᠦᠷᠢᠶ᠎ᠠ᠂ ᠪᠡᠳᠡᠬᠢ ᠶᠢᠨ ᠨᠦᠯᠦᠭᠡ᠂ ᠬᠦᠵᠦᠭᠦᠨ ᠶᠠᠰᠤᠨ ᠤ ᠵᠠᠪᠰᠠᠷ ᠤᠨ ᠬᠠᠪᠳᠠᠰᠤ ᠭᠦᠳᠦ᠋ᠢᠬᠦ ᠵᠡᠷᠭᠡ | ᠤᠯᠠᠨ ᠵᠦᠢᠯ ᠤᠨ ᠰᠢᠯᠳᠠᠭᠠᠨ ᠠᠴᠠ ᠪᠤᠯᠳᠠᠭ ᠲᠤᠯᠠ ᠡᠮᠨᠡᠯᠭᠡ ᠶᠢᠨ ᠬᠤᠷᠢᠶ᠎ᠠ ᠶᠢᠨ ᠶᠠᠰᠤᠨ ᠤ ᠰᠠᠯᠠᠭ᠎ᠠ᠂ ᠨᠢᠷᠤᠭᠤᠨ ᠤ ᠭᠠᠳᠠᠷ ᠰᠠᠯᠠᠭ᠎ᠠ ᠪᠤᠶᠤ ᠡᠷᠡᠭᠦᠯᠵᠢᠯ ᠤᠨ | ᠰᠠᠯᠠᠭ᠎ᠠ ᠶᠢᠨ ᠡᠮᠴᠢ ᠪᠠᠷ ᠦᠵᠡᠭᠦᠯᠵᠦ ᠲᠤᠰᠬᠠᠢ ᠮᠡᠷᠭᠡᠵᠢᠯ ᠤᠨ ᠵᠢᠯᠤᠭᠤᠳᠤᠯᠭ᠎ᠠ ᠲᠠᠢ ᠪᠠᠷ ᠡᠷᠡᠭᠦᠯᠵᠢᠭᠦᠯᠦᠨ ᠵᠠᠰᠠᠬᠤ ᠬᠡᠷᠡᠭᠳᠠᠢ ᠭᠡᠵᠦ ᠡᠮᠴᠢ ᠨᠠᠷ ᠠᠴᠠ ᠰᠠᠨᠠᠭᠤᠯᠵᠤ | ᠪᠠᠶᠢᠨ᠎ᠠ᠃ | ᠳᠤᠮᠳᠠᠳᠤ ᠤᠯᠤᠰ ᠤᠨ ᠬᠢᠲᠠᠳ ᠡᠮᠨᠡᠯᠭᠡ ᠶᠢᠨ ᠰᠢᠨᠵᠢᠯᠡᠬᠦ ᠤᠬᠠᠭᠠᠨ ᠤ ᠬᠦᠷᠢᠶᠡᠯᠡᠩ ᠤᠨ ᠭᠤᠸᠠᠩ ᠠᠨ ᠮᠧᠨ ᠤ ᠡᠮᠨᠡᠯᠭᠡ ᠶᠢᠨ ᠬᠤᠷᠢᠶ᠎ᠠ ᠶᠢᠨ ᠢᠯᠢᠵᠦ | ᠨᠤᠬᠤᠯᠠᠬᠤ ᠰᠠᠯᠠᠭ᠎ᠠ ᠶᠢᠨ ᠡᠷᠬᠢᠯᠡᠭᠴᠢ ᠡᠮᠴᠢ ᠸᠠᠩ ᠯᠢ ᠵᠢᠶᠦ᠋ᠨ ᠤ ᠲᠠᠨᠢᠯᠴᠠᠭᠤᠯᠤᠭᠰᠠᠨ ᠢᠶᠠᠷ ᠤᠳᠤᠬᠠᠨ ᠳᠤ ᠬᠦᠵᠦᠭᠦᠨ ᠦᠶ᠎ᠠ ᠶᠢᠨ ᠡᠪᠡᠷᠰᠢᠶᠡᠯ ᠢ ᠵᠠᠰᠠᠬᠤ | ᠲᠠᠯ᠎ᠠ ᠪᠠᠷ 3 ᠵᠦᠢᠯ ᠤᠨ ᠪᠤᠷᠤᠭᠤ ᠠᠷᠭ᠎ᠠ ᠳᠡᠯᠭᠡᠷᠡᠵᠦ ᠪᠤᠢ᠃ | ᠨᠢᠭᠡ ᠨᠢ᠂ ᠦᠪᠡᠷ ᠢᠶᠠᠨ ᠦᠵᠡᠵᠦ ᠢᠷᠡᠭᠡᠳ ᠬᠦᠵᠦᠬᠦᠤ ᠪᠠᠨ ᠳᠠᠳᠠᠬᠤ᠃ ᠵᠢᠱᠢᠶᠡᠯᠡᠪᠡᠯ᠂ ᠰᠦᠯᠵᠢᠶ᠎ᠠ ᠪᠠᠷ ᠳᠡᠯᠡᠭᠦ ᠵᠠᠰᠠᠯ ᠤᠨ ᠲᠦᠬᠦᠭᠡᠷᠦᠮᠵᠢ ᠬᠤᠳᠠᠯᠳᠤᠨ | ᠠᠪᠴᠤ ᠬᠦᠵᠦᠭᠦᠦ ᠪᠠᠨ ᠳᠠᠳᠠᠨ᠎ᠠ᠃ ᠢᠩᠬᠢᠬᠦ ᠨᠢ ᠵᠠᠷᠢᠮ ᠳᠠᠭᠠᠨ ᠡᠪᠡᠷᠰᠢᠶᠡᠯ ᠢ ᠨᠠᠮᠳᠠᠭᠠᠬᠤ ᠦᠢᠯᠡᠳᠦᠯ ᠲᠠᠢ ᠮᠡᠳᠦ ᠪᠤᠯᠪᠠᠴᠤ ᠴᠢᠨᠠᠭᠰᠢᠳᠠ ᠶᠢᠨ ᠭᠡᠮᠳᠦᠯ ᠪᠤᠯᠵᠤ | ᠮᠡᠳᠡᠨ᠎ᠠ᠃ | ᠬᠤᠶᠠᠷ ᠨᠢ᠂ ᠭᠠᠷ ᠤᠳᠠᠰᠤ ᠪᠠᠨ ᠦᠯᠶᠢᠵᠤ ᠬᠠᠷᠠᠬᠤ᠃ ᠬᠡᠷᠡᠭ ᠳᠡᠭᠡᠷ᠎ᠠ ᠪᠠᠨ ᠤᠷᠳᠤ ᠬᠤᠭᠤᠴᠠᠭ᠎ᠠ ᠪᠠᠷ ᠭᠠᠷ ᠤᠳᠠᠰᠤ ᠪᠠᠨ ᠦᠯᠶᠢᠵᠤ ᠬᠠᠷᠠᠬᠤ ᠨᠢ | ᠪᠦᠬᠦ᠋ᠢᠵᠦ ᠬᠠᠷᠠᠬᠤ ᠲᠠᠢ ᠠᠳᠠᠯᠢᠬᠠᠨ ᠢᠶᠠᠷ ᠬᠦᠵᠦᠭᠦᠨ ᠦᠶ᠎ᠠ ᠳᠤ ᠮᠠᠭᠤ ᠶᠤᠮ᠃ | ᠭᠤᠷᠪᠠ ᠨᠢ᠂ ᠬᠦᠵᠦᠭᠦᠦ ᠪᠠᠨ ᠺᠡᠷ ᠺᠡᠷ ᠭᠡᠳᠡᠯ᠎ᠠ ᠮᠤᠰᠬᠢᠬᠤ᠃ ᠬᠦᠵᠦᠭᠦᠦ ᠪᠠᠨ ᠶᠡᠭᠡ ᠪᠠᠷ ᠮᠤᠰᠬᠢᠪᠡᠯ ᠬᠦᠵᠦᠭᠦᠨ ᠦᠶ᠎ᠠ ᠪᠠᠷ ᠺᠠᠷ ᠺᠠᠷ ᠭᠡᠬᠦ ᠳᠠᠭᠤ | ᠭᠠᠷᠤᠨ᠎ᠠ᠃ ᠬᠡᠷᠡᠭ ᠳᠡᠭᠡᠷ᠎ᠠ ᠪᠠᠨ ᠡᠨᠡ ᠨᠢ ᠬᠦᠵᠦᠭᠦᠨ ᠦᠶ᠎ᠠ ᠶᠢᠨ ᠭᠤᠯᠭᠤᠮᠠᠳᠠᠭᠠᠢ ᠴᠢᠨᠠᠷ ᠠᠨᠠᠢ ᠪᠤᠯᠵᠤ ᠪᠠᠶᠢᠭ᠎ᠠ ᠶᠢᠨ ᠢᠯᠡᠷᠡᠯ ᠮᠦᠨ᠃ ᠤᠷᠳᠤ | ᠬᠤᠭᠤᠴᠠᠭ᠎ᠠ ᠪᠠᠷ ᠳᠠᠬᠢᠨ ᠳᠠᠪᠳᠠᠨ ᠬᠦᠵᠦᠭᠦᠦ ᠪᠠᠨ ᠺᠡᠷ ᠺᠠᠷ ᠭᠡᠳᠡᠯ᠎ᠠ ᠮᠤᠰᠬᠢᠪᠠᠯ ᠬᠦᠵᠦᠭᠦᠨ ᠦᠶ᠎ᠠ ᠰᠢᠯᠵᠢᠵᠦ᠂ ᠬᠦᠵᠦᠭᠦᠨ ᠦᠶ᠎ᠠ ᠶᠢᠨ ᠡᠪᠡᠳᠴᠢᠨ ᠪᠤᠯᠵᠤ | ᠮᠡᠳᠡᠨ᠎ᠠ᠃ |