ᠲᠥᠪ ᠤᠨ ᠨᠠᠢᠮᠠᠨ ᠵᠣᠷᠪᠣᠰ ᠲᠣᠭᠲᠠᠭᠠᠯ ᠤᠨ ᠵᠣᠷᠢᠭ ᠰᠠᠨᠠᠭᠠᠨ ᠤ ᠰᠤᠷᠤᠯᠴᠠᠯᠭ᠎ᠠ ᠬᠥᠮᠦᠵᠢᠯ ᠢ ᠭᠦᠨᠵᠡᠭᠡᠢ ᠲᠤᠤᠱᠯᠠᠭᠤᠯᠤᠨ᠂ ᠭᠤᠣᠯ ᠰᠡᠳᠦᠪ ᠲᠤ | ᠠᠩᠬᠠᠷᠤᠯ ᠢᠶᠠᠨ ᠲᠥᠪᠯᠡᠷᠡᠭᠦᠯᠵᠦ᠂ ᠪᠣᠳᠠᠲᠤ ᠦᠷ᠎ᠡ ᠪᠦᠲᠦᠮᠵᠢ ᠶᠢ ᠴᠢᠬᠤᠯᠠᠴᠢᠯᠠᠵᠤ᠂ ᠰᠤᠷᠤᠯᠴᠠᠨ ᠪᠠᠶᠢᠴᠠᠭᠠᠵᠤ ᠥᠭᠡᠷᠡᠴᠢᠯᠡᠬᠦ ᠶᠢ ᠨᠢᠭᠡ ᠴᠤᠭᠴᠠᠵᠢᠭᠤᠯᠤᠨ | ᠠᠬᠢᠭᠤᠯᠬᠤ ᠶᠢᠨ ᠲᠥᠯᠥᠭᠡ᠂ 6 ᠰᠠᠷ᠎ᠠ ᠶᠢᠨ 10 ᠤ ᠡᠳᠦᠷ᠂ ᠬᠤᠰᠢᠭᠤᠨ ᠤ ᠵᠠᠬ᠎ᠠ ᠳᠡᠯᠭᠡᠭᠦᠷ ᠤᠨ ᠬᠢᠨᠠᠯᠲᠠ ᠬᠠᠮᠢᠶᠠᠷᠤᠯᠲᠠ ᠶᠢᠨ ᠲᠣᠪᠴᠢᠶ᠎ᠠ ᠶᠢᠨ ᠨᠠᠮ ᠤᠨ ᠡᠭᠦᠷ | ᠲᠥᠪ ᠤᠨ ᠨᠠᠢᠮᠠᠨ ᠵᠣᠷᠪᠣᠰ ᠲᠣᠭᠲᠠᠭᠠᠯ ᠤᠨ ᠵᠣᠷᠢᠭ ᠰᠠᠨᠠᠭ᠎ᠠ ᠶᠢ ᠭᠦᠨᠵᠡᠭᠡᠢ ᠲᠤᠤᠱᠯᠠᠭᠤᠯᠬᠤ ᠰᠤᠷᠤᠯᠴᠠᠯᠭ᠎ᠠ ᠬᠥᠮᠦᠵᠢᠯ ᠤᠨ ᠭᠤᠣᠯ ᠰᠡᠳᠦᠪᠲᠦ ᠨᠠᠮ ᠤᠨ | ᠡᠳᠦᠷ ᠤᠨ ᠠᠵᠢᠯᠯᠠᠭ᠎ᠠ ᠦᠷᠨᠢᠭᠦᠯᠵᠦ᠂ ᠲᠥᠪ ᠤᠨ ᠨᠠᠢᠮᠠᠨ ᠵᠣᠷᠪᠣᠰ ᠲᠣᠭᠲᠠᠭᠠᠯ ᠤᠨ ᠵᠣᠷᠢᠭ ᠰᠠᠨᠠᠭ᠎ᠠ ᠶᠢ ᠭᠦᠨᠵᠡᠭᠡᠢ ᠰᠤᠷᠤᠯᠴᠠᠨ ᠲᠤᠤᠱᠯᠠᠭᠤᠯᠬᠤ ᠳᠤ | ᠠᠩᠬᠠᠷᠤᠯ ᠢᠶᠠᠨ ᠲᠥᠪᠯᠡᠷᠡᠭᠦᠯᠵᠦ᠂ ᠲᠥᠪ ᠤᠨ ᠨᠠᠢᠮᠠᠨ ᠵᠣᠷᠪᠣᠰ ᠲᠣᠭᠲᠠᠭᠠᠯ ᠤᠨ ᠵᠣᠷᠢᠭ ᠰᠠᠨᠠᠭ᠎ᠠ ᠶᠢ ᠲᠠᠬᠢᠨ ᠰᠤᠷᠤᠯᠴᠠᠵᠤ᠂ ᠲᠠᠬᠢᠨ ᠪᠠᠶᠢᠷᠢᠯᠠᠭᠤᠯᠤᠭᠰᠠᠨ ᠪᠥᠭᠡᠳ | ᠤᠢᠢᠷ᠎ᠠ ᠶᠢᠨ ᠬᠤᠭᠤᠴᠠᠭᠠᠨ ᠤ ᠭᠤᠣᠯᠳᠠᠯᠭ᠎ᠠ ᠲᠠᠢ ᠠᠵᠢᠯ ᠳᠤ ᠰᠠᠨᠠᠭᠤᠯᠤᠮᠵᠢ ᠪᠠ ᠲᠤᠬᠢᠷᠠᠭᠤᠯᠤᠯᠳᠠ ᠬᠢᠪᠡ᠃ | | | | ᠬᠤᠷᠠᠯ ᠳᠡᠭᠡᠷ᠎ᠡ᠂ ᠨᠠᠮ ᠤᠨ ᠡᠭᠦᠷ ᠤᠨ ᠱᠦᠵᠢ ᠲᠥᠪ ᠤᠨ ᠨᠠᠮ ᠤᠨ ᠪᠠᠶᠢᠭᠤᠯᠤᠯᠲᠠ ᠶᠢᠨ ᠠᠵᠢᠯ ᠤᠨ ᠤᠳᠤᠷᠢᠳᠬᠤ ᠳᠤᠭᠤᠶᠢᠯᠠᠩ ᠤᠨ ︽ | ᠲᠣᠭᠲᠠᠭᠠᠯ ᠠᠴᠠ ᠵᠥᠷᠢᠴᠡᠨ ᠢᠳᠡᠵᠦ ᠤᠤᠭᠤᠬᠤ ᠠᠰᠠᠭᠤᠳᠠᠯ ᠢ ᠲᠥᠪᠯᠡᠷᠡᠭᠦᠯᠦᠨ ᠴᠡᠭᠴᠡᠯᠡᠨ ᠵᠠᠰᠠᠬᠤ ᠲᠤᠬᠠᠶ ᠮᠡᠳᠡᠭᠳᠡᠯ︾ ᠢ ᠤᠯᠠᠮᠵᠢᠯᠠᠨ ᠰᠤᠷᠤᠯᠴᠠᠵᠤ᠂ | ᠲᠥᠪ ᠤᠨ ᠨᠠᠢᠮᠠᠨ ᠵᠣᠷᠪᠣᠰ ᠲᠣᠭᠲᠠᠭᠠᠯ ᠤᠨ ᠵᠣᠷᠢᠭ ᠰᠠᠨᠠᠭᠠᠨ ᠤ ᠰᠤᠷᠤᠯᠴᠠᠯᠭ᠎ᠠ ᠬᠥᠮᠦᠵᠢᠯ ᠤᠨ ᠠᠵᠢᠯ᠂ ᠲᠥᠪ ᠤᠨ ᠰᠠᠬᠢᠯᠭ᠎ᠠ ᠪᠠᠲᠤ ᠪᠠᠶᠢᠴᠠᠭᠠᠬᠤ ᠬᠤᠷᠢᠶᠠᠨ ᠤ | ᠠᠯᠪᠠᠨ ᠲᠢᠩᠬᠢᠮ ᠤᠨ 2 ᠤᠳᠠᠭᠠᠨ ᠤ ᠨᠠᠮ ᠤᠨ ᠭᠡᠰᠢᠭᠦᠨ ᠺᠠᠳ᠋ᠷ ᠤᠨ ᠲᠣᠭᠲᠠᠭᠠᠯ ᠠᠴᠠ ᠵᠥᠷᠢᠴᠡᠨ ᠢᠳᠡᠵᠦ ᠤᠤᠭᠤᠭᠰᠠᠨ ᠬᠦᠨᠳᠦ ᠨᠣᠴᠢᠲᠠᠶ ᠨᠡᠶᠢᠲᠡᠯᠢᠭ | ᠠᠰᠠᠭᠤᠳᠠᠯ ᠤᠨ ᠲᠤᠬᠠᠶ ᠵᠠᠷᠯᠠᠯ᠂ ᠬᠥᠯᠥᠨ ᠪᠤᠶᠢᠷ ᠬᠤᠲᠠ ᠶᠢᠨ ᠨᠠᠮ ᠤᠨ ᠬᠤᠷᠢᠶ᠎ᠠ᠂ ᠰᠢᠨ᠎ᠡ ᠪᠠᠷᠭᠤ ᠪᠠᠷᠠᠭᠤᠨ ᠬᠤᠰᠢᠭᠤᠨ ᠤ ᠨᠠᠮ ᠤᠨ ᠬᠤᠷᠢᠶᠠᠨ ᠤ ᠲᠥᠪ ᠤᠨ | ᠨᠠᠢᠮᠠᠨ ᠵᠣᠷᠪᠣᠰ ᠲᠣᠭᠲᠠᠭᠠᠯ ᠤᠨ ᠵᠣᠷᠢᠭ ᠰᠠᠨᠠᠭ᠎ᠠ ᠶᠢ ᠲᠥᠪᠯᠡᠷᠡᠭᠦᠯᠦᠨ ᠴᠡᠭᠴᠡᠯᠡᠬᠦ ᠠᠵᠢᠯ ᠤᠨ ᠬᠤᠷᠠᠯ ᠤᠨ ᠵᠣᠷᠢᠭ ᠰᠠᠨᠠᠭ᠎ᠠ ᠶᠢ ᠭᠦᠨᠵᠡᠭᠡᠶ ᠲᠤᠤᠱᠯᠠᠭᠤᠯᠬᠤ ᠶᠢᠨ | ᠬᠠᠮᠲᠤ ᠴᠡᠭᠴᠡᠯᠡᠨ ᠵᠠᠰᠠᠬᠤ ᠭᠤᠤᠯᠳᠠᠯᠭ᠎ᠠ ᠲᠠᠢ ᠡᠭᠦᠷᠭᠡ᠂ ᠠᠵᠢᠯ ᠤᠨ ᠵᠢᠷᠤᠮᠵᠢᠯ ᠤᠨ ᠨᠠᠷᠢᠨ ᠲᠦᠷᠢᠮ ᠵᠢᠴᠢ ᠰᠠᠬᠢᠯᠭ᠎ᠠ ᠪᠠᠲᠤ ᠶᠢᠨ ᠤᠯᠠᠭᠠᠨ ᠱᠤᠭᠤᠮ ᠤᠨ | ᠲᠣᠭᠤᠷᠢᠨ ᠳᠤ ᠭᠦᠨᠵᠡᠭᠡᠶ ᠲᠠᠶᠢᠯᠤᠮᠵᠢ ᠬᠢᠵᠦ᠂ ᠪᠥᠬᠦ ᠲᠠᠯ᠎ᠠ ᠪᠠᠷ ᠰᠤᠷᠲᠠᠯ ᠢ ᠲᠥᠪ ᠪᠣᠯᠭᠠᠨ ᠰᠠᠬᠢᠯᠭ᠎ᠠ ᠪᠠᠲᠤ ᠶᠢ ᠴᠢᠩᠳᠠᠯᠠᠬᠤ᠂ ᠤᠷᠲᠤ ᠬᠤᠭᠤᠴᠠᠭ᠎ᠠ ᠪᠠᠷ | ᠪᠠᠷᠢᠮᠲᠠᠯᠠᠬᠤ ᠴᠢᠩᠭ᠎ᠠ ᠳᠣᠬᠢᠶ᠎ᠠ ᠶᠢ ᠭᠦᠢᠴᠡᠳ ᠢᠯᠡᠷᠡᠭᠦᠯᠪᠡ᠃ ᠳᠠᠷᠠᠭ᠎ᠠ ᠨᠢ᠂ ︽ᠾᠧᠪᠸᠢ ᠮᠤᠵᠢ ᠶᠢᠨ ᠰᠠᠨ ᠾᠧ ᠬᠤᠲᠠ ᠶᠢᠨ ᠬᠤᠲᠠ ᠶᠢᠨ ᠬᠠᠮᠢᠶᠠᠷᠤᠯᠲᠠ ᠶᠢᠨ | ᠳᠤᠮᠳᠠ ᠲᠥᠪ ᠤᠨ ᠨᠠᠢᠮᠠᠨ ᠵᠣᠷᠪᠣᠰ ᠲᠣᠭᠲᠠᠭᠠᠯ ᠤᠨ ᠵᠣᠷᠢᠭ ᠰᠠᠨᠠᠭ᠎ᠠ ᠶᠢ ᠵᠥᠷᠢᠴᠡᠵᠦ᠂ ᠣᠯᠠᠨ ᠲᠦᠮᠡᠨ ᠤ ᠠᠰᠢᠭ ᠲᠤᠰᠠ ᠶᠢ ᠬᠤᠬᠢᠷᠠᠭᠤᠯᠤᠭᠰᠠᠨ | ᠠᠰᠠᠭᠤᠳᠠᠯ ᠤᠨ ᠨᠡᠶᠢᠲᠡᠯᠢᠭ ᠬᠡᠷᠡᠭ ᠤᠨ ᠵᠢᠱᠢᠶ᠎ᠡ ᠶᠢᠨ ᠮᠡᠳᠡᠭᠳᠡᠯ︾ ᠵᠢᠴᠢ ᠲᠥᠪ ᠤᠨ ᠨᠠᠢᠮᠠᠨ ᠵᠣᠷᠪᠣᠰ ᠲᠣᠭᠲᠠᠭᠠᠯ ᠤᠨ ᠵᠣᠷᠢᠭ ᠰᠠᠨᠠᠭ᠎ᠠ ᠶᠢ ᠵᠥᠷᠢᠴᠡᠭᠰᠡᠨ | ᠠᠰᠠᠭᠤᠳᠠᠯ ᠤᠨ ᠨᠡᠶᠢᠲᠡᠯᠢᠭ ᠬᠡᠷᠡᠭ ᠤᠨ ᠵᠢᠱᠢᠶ᠎ᠡ ᠶᠢ ᠤᠯᠠᠮᠵᠢᠯᠠᠵᠤ᠂ ᠬᠡᠷᠡᠭ ᠢᠶᠠᠷ ᠰᠠᠬᠢᠯᠭ᠎ᠠ ᠪᠠᠲᠤ ᠶᠢ ᠢᠯᠡᠷᠡᠭᠦᠯᠵᠦ᠂ ᠰᠠᠬᠢᠯᠭ᠎ᠠ ᠪᠠᠲᠤ ᠶᠢᠨ ᠬᠤᠷᠢᠭ᠎ᠠ ᠱᠤᠭᠤᠮ ᠢ | ᠴᠢᠩᠭ᠎ᠠ ᠰᠠᠬᠢᠵᠤ᠂ ᠠᠳᠠᠯᠢ ᠲᠥᠷᠥᠯ ᠤᠨ ᠠᠰᠠᠭᠤᠳᠠᠯ ᠡᠭᠦᠰᠬᠦ ᠶᠢ ᠡᠷᠡᠰ ᠬᠤᠷᠢᠭᠯᠠᠪᠠ᠃ | ᠲᠣᠰ ᠤᠳᠠᠭᠠᠨ ᠤ ᠭᠤᠤᠯ ᠰᠡᠳᠦᠪᠲᠦ ᠨᠠᠮ ᠤᠨ ᠡᠳᠦᠷ ᠤᠨ ᠠᠵᠢᠯᠯᠠᠭ᠎ᠠ ᠨᠢ᠂ ᠨᠠᠮ ᠤᠨ ᠭᠡᠰᠢᠭᠦᠨ ᠺᠠᠳ᠋ᠷᠴᠤᠳ ᠤᠨ ᠰᠠᠬᠢᠯᠭ᠎ᠠ ᠪᠠᠲᠤ ᠶᠢᠨ ᠤᠬᠠᠮᠰᠠᠷ ᠪᠠ | ᠶᠣᠰᠣ ᠳᠦᠷᠢᠮ ᠤᠨ ᠤᠬᠠᠮᠰᠠᠷ ᠢ ᠤᠯᠠᠮ ᠨᠢᠭᠡ ᠠᠯᠬᠤᠮ ᠴᠢᠩᠭᠠᠳᠬᠠᠵᠤ᠂ ᠲᠣᠭᠲᠠᠭᠠᠯ ᠠᠴᠠ ᠵᠥᠷᠢᠴᠡᠨ ᠢᠳᠡᠵᠦ ᠤᠤᠭᠤᠭᠰᠠᠨ ᠨᠡᠶᠢᠲᠡᠯᠢᠭ ᠬᠡᠷᠡᠭ ᠤᠨ | ᠵᠢᠱᠢᠶ᠎ᠡ ᠪᠠᠷ ᠲᠣᠯᠢ ᠪᠣᠯᠭᠠᠵᠤ᠂ ᠠᠰᠠᠭᠤᠳᠠᠯ ᠤᠨ ᠦᠨᠳᠦᠰᠦ ᠰᠤᠷᠪᠤᠯᠵᠢ ᠶᠢ ᠭᠦᠨᠵᠡᠭᠡᠶ ᠵᠠᠳᠠᠯᠵᠤ᠂ ᠰᠤᠷᠭᠠᠮᠵᠢ ᠪᠠᠨ ᠰᠠᠬᠢᠯᠭ᠎ᠠ ᠪᠠᠲᠤ ᠶᠢ ᠴᠢᠩᠭ᠎ᠠ ᠰᠠᠬᠢᠬᠤ | ᠠᠵᠢᠯᠯᠠᠭᠠᠨ ᠤ ᠪᠠᠷᠢᠮᠵᠢᠶ᠎ᠠ ᠪᠣᠯᠭᠠᠨ ᠬᠤᠪᠢᠷᠠᠭᠤᠯᠵᠤ᠂ ᠨᠠᠮ ᠤᠨ ᠭᠡᠰᠢᠭᠦᠨ ᠺᠠᠳ᠋ᠷᠴᠤᠳ ᠰᠠᠬᠢᠯᠭ᠎ᠠ ᠪᠠᠲᠤ ᠶᠢᠨ ᠱᠠᠭᠠᠷᠳᠠᠯᠭ᠎ᠠ ᠲᠠᠢ ᠰᠠᠨᠠᠭᠠᠴᠢᠯᠠᠭ᠎ᠠ ᠠᠴᠠ ᠪᠠᠨ | ᠬᠠᠷᠭᠤᠭᠤᠯᠵᠤ᠂ ᠲᠣᠰ ᠪᠡᠶ᠎ᠡ ᠶᠢᠨ ᠦᠭᠡ ᠶᠠᠷᠢᠶ᠎ᠠ ᠦᠢᠯᠡ ᠠᠵᠢᠯᠯᠠᠭ᠎ᠠ ᠪᠠᠨ ᠴᠠᠭ ᠢᠮᠠᠭᠲᠠ ᠪᠠᠶᠢᠴᠠᠭᠠᠨ ᠦᠵᠡᠵᠦ᠂ ᠨᠠᠩ ᠥᠨᠳᠥᠷ ᠪᠠᠷᠢᠮᠵᠢᠶ᠎ᠠ᠂ ᠨᠠᠩ ᠴᠢᠩᠭ᠎ᠠ | ᠱᠠᠭᠠᠷᠳᠠᠯᠭ᠎ᠠ ᠪᠠᠷ ᠲᠥᠪ ᠤᠨ ᠨᠠᠢᠮᠠᠨ ᠵᠣᠷᠪᠣᠰ ᠲᠣᠭᠲᠠᠭᠠᠯ ᠤᠨ ᠵᠣᠷᠢᠭ ᠰᠠᠨᠠᠭ᠎ᠠ ᠶᠢ ᠲᠤᠤᠱᠯᠠᠭᠤᠯᠤᠨ ᠨᠠᠶᠢᠳᠠᠪᠤᠷᠢᠵᠢᠭᠤᠯᠵᠤ᠂ ᠡᠯ᠎ᠡ ᠵᠦᠢᠯ ᠤᠨ ᠠᠵᠢᠯ ᠤᠨ ᠡᠮᠬᠢ | ᠵᠢᠷᠤᠮ ᠲᠠᠢ ᠥᠷᠨᠢᠬᠦ ᠶᠢ ᠯᠠᠪᠳᠠᠭᠤᠨ ᠪᠠᠲᠤᠲᠠᠶ ᠠᠬᠢᠭᠤᠯᠵᠤ᠂ ᠤᠯᠤᠰ ᠲᠥᠷᠥ ᠶᠢᠨ ᠲᠠᠯ᠎ᠠ ᠪᠠᠷ ᠡᠷᠡᠰ ᠪᠠᠲᠤ᠂ ᠲᠤᠬᠠᠶᠢᠯᠠᠭᠰᠠᠨ ᠠᠵᠢᠯ ᠳᠠᠭᠠᠨ ᠴᠠᠭᠠᠷᠠᠭᠰᠠᠨ᠂ | ᠣᠪᠣᠷ ᠰᠤᠷᠲᠠᠯ ᠢᠶᠠᠷ ᠪᠠᠲᠤ ᠴᠢᠩᠭ᠎ᠠ ᠵᠠᠬ᠎ᠠ ᠳᠡᠯᠭᠡᠭᠦᠷ ᠤᠨ ᠬᠢᠨᠠᠯᠲᠠ ᠬᠠᠮᠢᠶᠠᠷᠤᠯᠲᠠ ᠶᠢᠨ ᠺᠠᠳ᠋ᠷ ᠤᠨ ᠡᠩᠨᠡᠭᠡ ᠶᠢ ᠴᠢᠷᠮᠠᠶᠢᠨ ᠳᠠᠪᠲᠠᠨ ᠪᠣᠯᠪᠠᠰᠤᠷᠠᠭᠤᠯᠪᠠ᠃ | | |