ᠵᠦᠪ ᠶᠠᠪᠤᠪᠠᠯ ᠵᠦᠭᠡᠯᠡᠨ ᠽᠠᠮᠪᠤᠯᠢᠩ
ᠨᠡᠶᠢᠲᠡᠯᠡᠭᠰᠡᠨ ᠴᠠᠭ᠄
2025/6/13
      ᠵᠠᠮ ᠬᠡᠵᠦ ᠤᠤᠯ ᠠᠴᠠ ᠪᠠᠨ ᠪᠠᠶᠢᠭᠰᠠᠨ ᠦᠭᠡᠢ᠂ ᠶᠠᠪᠤᠭᠰᠠᠭᠠᠷ ᠪᠠᠶᠢᠵᠤ ᠵᠠᠮ ᠭᠠᠷᠴᠢᠬᠠᠳᠠᠭ︔ ᠵᠠᠮ ᠤᠯᠠᠨ ᠪᠤᠢ᠂ ᠵᠠᠮ ᠪᠤᠯᠭᠠᠨ ᠪᠡᠭᠡᠵᠢᠩ ᠳᠤ ᠨᠡᠪᠳᠡᠷᠡᠨ᠎ᠡ ᠁ ᠭᠡᠵᠦ ᠬᠦᠮᠦᠰ ᠵᠠᠮ ᠤᠨ ᠲᠤᠬᠠᠢ ᠶᠠᠩᠵᠤ ᠶᠠᠩᠵᠤ ᠪᠠᠷ ᠤᠴᠢᠷᠯᠠᠭᠰᠠᠨ ᠪᠠᠶᠢᠳᠠᠭ᠃       ᠬᠦᠮᠦᠨ ᠬᠦᠯ ᠳᠤ ᠤᠷᠤᠵᠤ ᠠᠯᠬᠤᠬᠤ ᠠᠴᠠ ᠬᠦᠮᠦᠨ ᠤ ᠵᠡᠷᠭᠡ ᠳᠤ ᠬᠦᠷᠴᠦ ᠬᠦᠰᠡᠯ ᠮᠦᠷᠦᠭᠡᠳᠦᠯ ᠤᠨ ᠢᠶᠠᠨ ᠲᠦᠯᠦᠭᠡ ᠵᠢᠳᠬᠦᠵᠦ ᠶᠠᠪᠤᠬᠤ ᠳᠠᠭᠠᠨ ᠤᠯᠠᠨ ᠴᠤ ᠵᠠᠮ ᠢ ᠲᠤᠭᠤᠯᠵᠤ ᠶᠠᠪᠤᠨ᠎ᠠ᠃ ᠢᠨᠢᠶᠡᠳᠦ ᠲᠠᠢ ᠬᠠᠨᠢᠶᠠᠳᠤ ᠲᠠᠢ ᠤᠷᠴᠢᠯᠠᠩ ᠤᠨ ᠵᠢᠮ᠎ᠡ ᠪᠠᠷ ᠵᠠᠷᠢᠮ ᠵᠠᠮ ᠰᠢᠯᠤᠭᠤᠨ ᠠᠳᠠᠯ᠎ᠠ ᠵᠠᠷᠢᠮ ᠵᠠᠮ ᠰᠠᠭᠠᠳ ᠲᠤᠳᠬᠠᠷ ᠲᠦᠬᠦᠷᠡᠩ︔ ᠵᠠᠷᠢᠮ ᠵᠠᠮ ᠶᠠᠪᠤᠬᠤ ᠲᠤᠳᠤᠮ ᠦᠷᠭᠡᠵᠢᠬᠦ ᠳᠤ᠂ ᠵᠠᠷᠢᠮ ᠵᠠᠮ ᠶᠠᠪᠤᠬᠤ ᠲᠤᠳᠤᠮ ᠮᠤᠬᠤᠷᠳᠠᠨ᠎ᠠ︔ ᠵᠠᠷᠢᠮ ᠬᠦᠮᠦᠨ ᠵᠤᠷᠢᠭᠰᠠᠨ ᠳᠠᠭᠠᠨ ᠬᠦᠷᠴᠦ ᠴᠢᠳᠠᠨ᠎ᠠ᠂ ᠵᠠᠷᠢᠮ ᠬᠦᠮᠦᠨ ᠡᠰᠡ ᠬᠦᠷᠴᠦ ᠴᠢᠳᠠᠨ᠎ᠠ᠃ ᠤᠬᠤᠷᠬᠠᠨ ᠮᠦᠷᠳᠡᠭᠡᠨ ᠤᠷᠳᠤ ᠪᠠᠶᠢᠳᠠᠭ ᠠᠮᠢᠳᠤᠷᠠᠯ ᠤᠨ ᠵᠠᠮ᠂ ᠦᠢᠯᠡᠰ ᠤᠨ ᠠᠶᠠᠨ ᠳᠤ ᠶᠠᠮᠠᠷ ᠵᠠᠮ ᠢ ᠰᠤᠩᠭᠤᠵᠤ ᠶᠠᠭᠠᠬᠢᠵᠤ ᠵᠠᠮᠨᠠᠬᠤ ᠭᠡᠳᠡᠭ ᠪᠤᠯ ᠵᠠᠩᠬᠢᠯᠠᠭ᠎ᠠ ᠪᠤᠯᠤᠨ᠎ᠠ᠃       ᠲᠦᠷᠦᠬᠦᠭᠡᠨ᠂ ᠴᠢᠩᠬᠤᠸᠠ ᠶᠡᠭᠡ ᠰᠤᠷᠭᠠᠭᠤᠯᠢ ᠶᠢᠨ ᠳ᠋ᠤᠺᠲ᠋ᠤᠷᠠᠨᠲ ᠫᠠᠩ ᠵᠦᠩ ᠸᠠᠩ ᠤᠨ ᠨᠢᠭᠡᠨ ᠤᠳᠠᠭ᠎ᠠ ᠶᠢᠨ ᠶᠠᠷᠢᠶ᠎ᠠ ᠢᠯᠡᠳᠭᠡᠯ ᠰᠦᠯᠵᠢᠶ᠎ᠡ ᠪᠠᠷ ᠰᠠᠴᠤᠭᠳᠠᠨ ᠤᠯᠠᠨ ᠤ ᠠᠩᠬᠠᠷᠤᠯ ᠳᠤ ᠲᠠᠬᠢᠨᠳᠠ ᠤᠷᠤᠯ᠎ᠠ᠃ ᠠᠪᠤ ᠨᠢ ᠤᠢ ᠮᠡᠳᠡᠷᠡᠯ ᠤᠨ ᠡᠪᠡᠳᠴᠢᠨ ᠲᠠᠢ᠂ ᠡᠵᠢ ᠨᠢ ᠲᠤᠤᠷ᠎ᠠ ᠮᠦᠴᠢ ᠲᠠᠮᠪᠠᠷᠠᠭᠰᠠᠨ ︽ᠶᠠᠳᠠᠭᠤ ᠬᠤᠭᠤᠰᠤᠨ︾ ᠬᠡᠷ ᠪᠦᠯᠢ ᠳᠤ ᠵᠠᠶᠠᠭᠠᠭᠰᠠᠨ ᠫᠠᠩ ᠵᠦᠩ ᠸᠠᠩ ᠬᠠᠷᠠᠬᠠᠨ ᠪᠠᠭ᠎ᠠ ᠠᠴᠠ ᠪᠠᠨ ᠬᠠᠶᠠᠭᠳᠠᠮᠠᠯ ᠪᠤᠳᠠᠰ ᠲᠡᠬᠦᠵᠦ᠂ ᠬᠠᠳᠠᠭᠤᠵᠢᠯᠳᠠᠢ ᠰᠤᠷᠤᠯᠴᠠᠨ᠂ ᠦᠨᠳᠦᠷ ᠬᠤᠪᠢ ᠪᠠᠷ ᠴᠢᠩᠬᠤᠸᠠ ᠶᠡᠭᠡ ᠰᠤᠷᠭᠠᠭᠤᠯᠢ ᠳᠤ ᠡᠯᠰᠡᠭᠳᠡᠵᠦ ᠪᠦᠬᠦ ᠤᠯᠤᠰ ᠢ ᠲᠤᠷᠬᠢᠭᠤᠯᠵᠠᠢ᠃ ᠲᠤᠯᠤᠭᠠᠨ ᠵᠢᠯ ᠤᠨ ᠲᠠᠷᠠᠭᠠᠬᠢ ᠦᠨᠦᠳᠦᠷ ᠲᠡᠷᠡ ᠰᠤᠳᠤᠯᠭᠠᠨ ᠤ ᠬᠦᠷᠢᠶᠡᠨ ᠳᠡᠭᠡᠨ ᠬᠡᠳᠦ ᠬᠡᠳᠦᠨ ᠲᠤᠰᠬᠠᠢ ᠠᠰᠢᠭ ᠡᠬᠦᠳᠴᠦ᠂ ︽ᠮᠠᠨ ᠤ ᠡᠨᠡ ᠨᠢᠭᠡ ᠦᠶ᠎ᠡ ᠶᠢᠨ ᠬᠢᠨ ᠡᠷᠬᠡᠪᠰᠢ ᠰᠢᠨᠵᠢᠯᠡᠬᠦ ᠤᠬᠠᠭᠠᠨ ᠲᠦ᠋ᠭᠨᠢᠭ ᠮᠡᠷᠭᠡᠵᠢᠯ ᠢᠶᠠᠷ ᠡᠭᠡ ᠤᠯᠤᠰ ᠲᠠᠭᠠᠨ ᠵᠢᠳᠬᠦᠬᠦ ᠬᠡᠷᠡᠭᠳᠡᠢ︾ ᠬᠡᠵᠦ ᠡᠷᠡᠰ ᠲᠠᠰᠤᠷᠬᠠᠢ ᠪᠦᠭᠡᠳ ᠢᠳᠡᠭᠡᠯ ᠵᠤᠷᠢᠭ ᠲᠠᠢ ᠬᠡᠯᠡᠵᠦ ᠲᠦᠭ ᠲᠦᠮᠡᠨ ᠤᠶᠤᠳᠠᠨ ᠵᠠᠯᠠᠭᠤᠴᠤᠳ ᠲᠤ ᠵᠤᠷᠢᠬᠵᠢᠭᠤᠯᠤᠯ ᠪᠤᠯᠤᠭᠰᠠᠨ ᠪᠢᠯᠠ᠃ ᠠᠮᠢᠳᠤᠷᠠᠯ ᠪᠠ ᠢᠷᠡᠭᠡᠳᠦᠢ ᠳᠡᠭᠡᠨ ᠬᠡᠵᠢᠶᠡᠳᠡ ᠢᠳᠡᠪᠬᠢ ᠪᠠᠶᠠᠰᠤᠩᠭᠤᠢ ᠤᠪᠤᠷ ᠢᠶᠠᠷ ᠬᠠᠨᠳᠤᠵᠤ᠂ ᠬᠡᠬᠦᠳᠡᠭ ᠴᠡᠭᠡᠵᠢᠨ ᠳᠡᠭᠡᠨ ᠶᠡᠭᠡ ᠶᠢ ᠪᠤᠳᠤᠵᠤ ᠠᠯᠤᠰ ᠢ ᠰᠡᠳᠬᠢᠵᠦ᠂ ᠪᠡᠶ᠎ᠡ ᠪᠠᠨ ᠲᠠᠭᠠᠭᠠᠨ ᠬᠦᠴᠦᠷᠭᠡᠭᠵᠢᠬᠦ ᠪᠠᠷ ᠬᠦᠴᠦᠯᠡᠨ ᠴᠢᠷᠮᠠᠶᠢᠳᠠᠭ ᠫᠠᠩ ᠵᠦᠩ ᠸᠠᠩ ᠪᠤᠯ ᠦᠨᠡᠨ ᠳᠡᠭᠡᠨ ︽ᠰᠤᠷᠪᠤᠯᠵᠢᠳᠤ ᠬᠡᠷ ᠤᠨ ᠲᠤᠳᠤᠷᠠᠬᠢ ᠰᠤᠷᠪᠤᠯᠵᠢᠳᠤ ᠡᠷᠦᠭᠡ ᠨᠢ ᠶᠤᠮ︾ ᠭᠡᠵᠦ ᠨᠢᠭᠡᠨ ᠰᠤᠷᠭᠠᠨ ᠬᠦᠮᠦᠵᠢᠯᠳᠡᠨ ᠬᠡᠯᠡᠪᠡ᠃ ᠡᠨᠡ ᠨᠢ ᠶᠠᠷᠢᠶᠠᠨ ᠦᠭᠡᠢ ᠲᠡᠬᠦᠨ ᠤ ᠤᠶᠤᠨ ᠰᠠᠨᠠᠭᠠᠨ ᠤ ᠲᠠᠯ᠎ᠠ ᠶᠢᠨ ᠦᠨᠳᠦᠷ ᠦᠨᠡᠯᠡᠯᠳᠡ ᠪᠤᠯᠤᠨ᠎ᠠ᠃ ᠴᠠᠭ ᠦᠶ᠎ᠡ ᠡᠶᠢᠮᠦᠷᠬᠦᠦ ︽ᠰᠤᠷᠪᠤᠯᠵᠢᠳᠤ ᠡᠷᠦᠭᠡ︾᠂ ︽ᠡᠷᠬᠢᠮᠰᠦᠭ ᠬᠦᠮᠦᠰ︾ ᠨᠡᠩ ᠤᠯᠠᠨ ᠴᠤᠯᠭᠤᠷᠠᠨ ᠭᠠᠷᠬᠤ ᠶᠢ ᠱᠠᠭᠠᠷᠳᠠᠵᠤ ᠪᠠᠶᠢᠨ᠎ᠠ᠃ ᠲᠦᠷᠦᠬᠦᠭᠡᠨ ᠲᠠᠷᠢᠶᠠᠴᠢᠨ ᠤ ᠬᠦᠦ ᠸᠠᠩ ᠵᠢᠶᠤ ᠰᠠᠨᠰᠠᠷ ᠲᠧ ︽ᠲᠡᠬᠦᠯᠢᠵᠦ︾᠂ ᠦᠪᠦᠷ ᠮᠤᠩᠭᠤᠯ ᠤᠨ ᠠᠩᠬᠠᠳᠠᠭᠴᠢ ᠰᠠᠨᠰᠠᠷᠴᠢᠨ ᠪᠤᠯᠤᠯ᠎ᠠ︔ ᠮᠠᠨ ᠤ ᠤᠷᠤᠨ ᠤ 13 ᠮᠠᠯᠴᠢᠨ ᠲᠠᠷᠢᠶᠠᠴᠢᠨ ᠠᠷᠢᠭᠤᠨ ᠬᠦᠳᠡᠯᠮᠦᠷᠢ ᠶᠢᠨ ᠢᠷᠠᠭᠤ ᠲᠠᠭᠤᠤ ᠬᠠᠩᠬᠢᠨᠠᠭᠤᠯᠵᠤ᠂ ᠪᠦᠬᠦ ᠤᠯᠤᠰ ᠤᠨ ᠬᠦᠳᠡᠯᠮᠦᠷᠢ ᠶᠢᠨ ᠵᠢᠱᠢᠶᠡᠴᠢ ︵ᠲᠡᠷᠢᠬᠦᠨ ᠤ ᠠᠵᠢᠯᠳᠠᠨ︶ ᠶᠢᠨ ᠢᠷᠠᠭᠤ ᠠᠯᠳᠠᠷ ᠢ ᠬᠦᠷᠳᠡᠵᠦ᠂ ᠳ᠋ᠤᠩᠺᠤᠤ ᠰᠢᠶᠠᠨ ᠤ ᠡᠯᠡᠰᠦᠷᠭᠡᠭᠵᠢᠯ ᠢ ᠰᠡᠷᠭᠡᠶᠢᠯᠡᠨ ᠡᠯᠡᠰᠦ ᠶᠢ ᠵᠠᠰᠠᠬᠤ ᠵᠠᠯᠠᠭᠤᠴᠤᠳ ᠤᠨ ᠬᠠᠮᠳᠤ ᠬᠤᠷᠢ ᠵᠢᠰᠦᠳᠡᠬᠢ ᠲᠤᠮᠳᠠᠳᠤ ᠤᠯᠤᠰ ᠤᠨ ᠵᠠᠯᠠᠭᠤᠴᠤᠳ ᠤᠨ ︽5 · 4︾ ᠤ ᠱᠠᠩᠨᠠᠯ ᠤᠨ ᠮᠤᠳᠠᠯ ᠢᠶᠠᠷ ᠮᠢᠯᠢᠶᠠᠯᠭᠠᠯ᠎ᠠ ᠁      ᠵᠦᠪ ᠶᠠᠪᠤᠪᠠᠯ ᠵᠦᠭᠡᠯᠡᠨ ᠽᠠᠮᠪᠤᠯᠢᠩ᠃ ᠨᠢᠭᠤᠷ ᠲᠠᠭᠠᠨ ᠭᠠᠯ ᠲᠠᠢ᠂ ᠨᠢᠳᠤᠨ ᠳᠡᠭᠡᠨ ᠴᠤᠭ ᠲᠠᠢ᠂ ᠰᠡᠳᠬᠢᠯ ᠳᠡᠭᠡᠨ ᠨᠠᠷᠠ ᠲᠠᠢ ᠬᠦᠮᠦᠰ ᠠᠮᠢᠳᠤᠷᠠᠯ ᠤᠨ ᠵᠠᠮ ᠳᠠᠭᠠᠨ ᠬᠡᠵᠢᠶᠡᠳᠡ ᠠᠯᠵᠢᠶᠠᠯ ᠦᠭᠡᠢ︔ ᠦᠨᠡᠨ ᠰᠠᠶᠢᠨ ᠰᠠᠶᠢᠬᠠᠨ ᠤ ᠵᠠᠮ ᠡᠬᠦᠷᠢᠳᠡ ᠰᠠᠷᠠᠭᠤᠯ ᠲᠠᠷᠳᠠᠩ᠂ ᠬᠠᠶᠢᠷ᠎ᠠ ᠬᠠᠨᠳᠢᠪ ᠬᠦᠰᠡᠯ ᠡᠷᠡᠮᠡᠯᠵᠡᠯ ᠲᠠᠢ ᠵᠠᠮ ᠢᠮᠠᠭᠳᠠ ᠭᠠᠨᠵᠤᠭ᠎ᠠ ᠲᠦᠬᠦᠷᠡᠩ᠃ ᠤᠷᠬᠢᠯᠤᠮ᠎ᠠ ᠬᠠᠯᠠᠭᠤᠨ ᠰᠡᠳᠬᠢᠯᠭᠡ ᠪᠠᠷ ᠠᠵᠢᠯ ᠦᠢᠯᠡᠰ ᠢᠶᠠᠨ ᠲᠡᠭᠡᠳᠦᠯᠡᠵᠦ᠂ ᠵᠤᠷᠢᠭᠰᠠᠨ ᠳᠠᠭᠠᠨ ᠵᠠᠪᠠᠯ ᠬᠦᠷᠬᠦ ᠤᠮᠤᠭ ᠵᠤᠷᠢᠭ ᠪᠠᠶᠢᠪᠠᠯ᠂ ᠡᠭᠡᠯ ᠶᠡᠷᠦᠮᠳᠡᠭ ᠬᠦᠮᠦᠰ ᠴᠤ ᠡᠭᠡᠯ ᠪᠤᠰᠤ ᠶᠢᠨ ᠦᠢᠯᠡᠰ ᠢ ᠪᠦᠳᠦᠭᠡᠵᠦ ᠴᠢᠳᠠᠨ᠎ᠠ᠃
ᠢᠷᠡᠯᠲᠡ᠄ ᠳᠤᠮᠳᠠᠳᠤ ᠤᠯᠤᠰ ᠤᠨ ᠮᠣᠩᠭᠤᠯ ᠬᠡᠯᠡᠨ ᠤ ᠰᠣᠨᠢᠨ ᠮᠡᠳᠡᠭᠡ ᠶᠢᠨ ᠰᠦᠯᠵᠢᠶ᠎ᠡ