ᠠᠮᠠᠨ ᠤ ᠠᠯᠲᠠᠭ᠎ᠠ ᠭᠡᠲᠡᠭ ᠨᠢ ᠲᠠᠷᠤᠢ ᠦᠭᠡ ᠶᠢ ᠲᠤᠷ᠎ᠡ ᠲᠠᠪᠠ ᠪᠠᠷ ᠢᠶᠠᠨ ᠬᠡᠯᠡᠬᠦ᠂ ᠢᠯᠠᠩᠭᠤᠶ᠎ᠠ ᠪᠣᠯᠬᠢ ᠪᠦᠲᠤᠬᠦᠯᠢᠭ ᠢᠶᠠᠷ ᠪᠤᠰᠤᠳ ᠢ ᠬᠠᠷᠢᠶᠠᠵᠤ ᠵᠦᠬᠡᠬᠦ | ᠪᠠ ᠬᠥᠳᠬᠡᠨ ᠲᠤᠷᠤᠮᠵᠢᠯᠠᠬᠤ ᠵᠡᠷᠭᠡ ᠵᠠᠷᠢᠮ ᠬᠦᠮᠤᠰ ᠤᠨ ᠦᠭᠡ ᠶᠠᠷᠢᠶᠠᠨ ᠤ ᠪᠤᠯᠪᠠᠰᠤᠨ ᠪᠤᠰᠤ ᠠᠵᠢᠯᠯᠠᠭ᠎ᠠ ᠶᠢ ᠬᠡᠯᠡᠵᠣ ᠪᠤᠢ᠃ | ᠲᠡᠭᠡᠬᠦ ᠪᠠᠷ ᠢᠶᠠᠨ ᠤᠲᠤ ᠦᠭᠡ ᠶᠢᠨ ᠡᠨᠤᠷᠬᠢ ᠭᠡᠲᠡᠭ ᠰᠢᠨ᠎ᠡ ᠨᠢᠭᠡᠨ ᠬᠡᠯᠡᠯᠭᠡ ᠭᠡᠴᠡᠬᠦᠣ ᠶᠡᠭᠡ ᠭᠠᠵᠠᠷ ᠠᠪᠬᠤ ᠪᠤᠯᠵᠠᠢ᠃ ᠡᠨᠡ ᠨᠢ ᠦᠨᠡᠨ ᠳᠡᠭᠡᠨ ᠡᠷᠲᠡ | ᠡᠲᠤᠭᠡ ᠳᠤ ᠤᠯᠠᠷᠢᠭᠤᠯᠤᠨ ᠬᠡᠷᠡᠭᠯᠡᠵᠣ ᠪᠠᠶᠢᠭ᠎ᠠ ᠦᠭᠡ ᠶᠠᠷᠢᠶᠠᠨ ᠤ ᠰᠢᠨᠡᠴᠢᠯᠠᠯᠲᠠ ᠲᠡᠲᠤᠢ ᠭᠡᠯᠲᠠᠢ᠃ ᠬᠡᠲᠦ᠋ᠢᠪᠡᠷ ︽ᠰᠢᠨ᠎ᠡ ᠶᠠᠭᠤᠮ᠎ᠠ ᠵᠤᠯᠡ ᠪᠤᠯᠵᠤ᠂ ᠬᠠᠭᠤᠴᠢᠨ | ᠶᠠᠭᠤᠮ᠎ᠠ ᠤᠯᠠ ᠪᠤᠯᠲᠠᠭ︾ ᠵᠢᠮ᠎ᠡ ᠲᠠᠢ ᠴᠤ ︽ᠤᠯᠠ ᠵᠤᠯᠠ︾ ᠶᠢᠨ ᠢᠶᠠᠨ ᠤᠴᠢᠷ ᠤᠳᠬ᠎ᠠ ᠶᠢ ᠤᠯᠬᠤ ᠭᠡᠭᠴᠢ ᠪᠠᠰᠠ ᠨᠢᠭᠡᠨ ᠭᠡᠴᠡᠬᠦᠤ ᠶᠠᠪᠤᠳᠠᠯ ᠶᠤᠮ᠃ | ᠶᠡᠷᠤ ᠨᠢ ᠪᠢᠳᠡ ᠬᠥᠬᠡ ᠡᠪᠤᠭᠡᠳ ᠤᠨ ᠢᠶᠠᠨ ᠰᠤᠷᠭᠠᠯ ᠦᠭᠡ ᠶᠢ ᠡᠷᠬᠢᠴᠡᠬᠦᠯᠵᠤ ᠰᠠᠨᠠᠬᠤ ᠳᠤ ᠬᠦᠨᠲᠣ ᠶᠡᠭᠡ ᠬᠤᠪᠢ ᠶᠢᠨ ᠵᠢᠩ ᠲᠠᠢ᠂ ᠬᠦᠮᠤᠵᠢᠯ ᠰᠤᠷᠭᠠᠯ ᠤᠨ | ᠠᠴᠢ ᠲᠤᠰᠠ ᠪᠠᠶᠢᠬᠤ ᠶᠢ ᠮᠡᠲᠡᠵᠣ ᠪᠤᠯᠤᠨ᠎ᠠ᠃ ᠲᠤᠬᠠᠢᠢᠯᠠᠪᠠᠯ ︽ᠲᠦᠮᠡᠨ ᠨᠢᠬᠦᠯ ᠤᠨ ᠲᠦᠷᠤᠬᠦᠤ ᠨᠢᠬᠦᠯ ᠨᠢ ᠬᠡᠯᠡ ᠠᠮᠠ᠂ ᠬᠡᠯᠡ ᠠᠮᠠ ᠠᠴᠠ ᠬᠡᠷᠡᠭ ᠤᠴᠢᠷ | ᠭᠠᠷᠤᠨ᠎ᠠ︾᠂ ︽ᠬᠤᠩᠰᠢᠶᠠᠷ ᠤᠷᠲᠤ ᠪᠡᠶ᠎ᠡ ᠤᠷᠢᠶᠡᠨᠡ᠂ ᠬᠤᠷᠮᠤᠢ ᠤᠷᠲᠤ ᠬᠥᠯ ᠤᠷᠢᠶᠡᠨᠡ︾᠂ ︽ᠠᠭᠲᠠ ᠠᠯᠲᠠᠪᠠᠯ ᠪᠠᠷᠢᠵᠤ ᠪᠤᠯᠤᠨ᠎ᠠ᠂ ᠠᠮᠠ ᠠᠯᠲᠠᠪᠠᠯ | ᠪᠠᠷᠢᠵᠤ ᠪᠣᠯᠬᠤ ᠦᠭᠡᠢ︾᠂ ︽ᠠᠮᠠᠨ ᠤ ᠠᠯᠳᠠᠭ᠎ᠠ ᠠᠴᠠ ᠠᠰᠢᠲᠡ ᠶᠢᠨ ᠵᠤᠪᠠᠯᠠᠩ︾᠂ ︽ᠦᠭᠡᠨ ᠤ ᠪᠤᠵᠠᠷ ᠢᠶᠠᠷ ᠦᠨᠲᠤᠰᠤ ᠪᠠᠨ ᠬᠠᠷᠠᠯᠠᠭᠤᠯᠤᠨᠠ︾ ᠭᠡᠬᠦ | ᠮᠡᠲᠤ ᠶᠢᠨ ᠵᠦᠢᠷ ᠰᠡᠴᠡᠨ ᠬᠤᠯᠪᠤᠭ᠎ᠠ ᠬᠤᠷᠰᠢᠶ᠎ᠡ ᠬᠡᠯᠡᠴᠡ ᠳᠤ ᠶᠠᠮᠠᠷ ᠨᠢᠭᠡᠨ ᠶᠤᠰᠤ ᠤᠴᠢᠷ ᠠᠭᠤᠯᠤᠭᠲᠠᠵᠤ ᠪᠠᠶᠢᠬᠤ ᠨᠢ ᠢᠯᠡᠳᠲᠡ ᠪᠠᠶᠢᠭ᠎ᠠ ᠪᠢᠰᠢᠤ⁈ | ᠡᠶᠢᠮᠦ ᠳᠤ ᠪᠢᠳᠡ ᠦᠭᠡ ᠶᠡᠷᠢᠶᠡᠨ ᠤ ᠪᠤᠯᠪᠠᠰᠤᠨ ᠨᠢ ᠤᠢᠢᠯᠡ ᠠᠵᠢᠯᠯᠠᠭ᠎ᠠ ᠶᠢᠨ ᠪᠣᠯᠪᠠᠰᠤᠨ ᠳᠤ ᠤᠷᠢᠲᠠᠯ ᠪᠤᠯᠲᠠᠭ ᠤᠴᠢᠷ ᠲᠤᠬᠠᠢ ᠶᠢ ᠬᠦᠨ ᠤᠬᠠᠭᠠᠷᠠᠵᠤ | ᠮᠡᠲᠡᠬᠦ ᠴᠢᠬᠤᠯᠠᠲᠠᠢ ᠪᠠᠶᠢᠨ᠎ᠠ᠃ ᠲᠡᠷᠡ ᠮᠦᠷᠲᠡᠭᠡᠨ ᠠᠵᠢᠯ ᠠᠮᠢᠲᠤᠷᠠᠯ ᠲᠤᠮᠲᠠ ᠪᠠᠨ ︽ᠠᠮᠠᠨ ᠤ ᠠᠯᠳᠠᠭ᠎ᠠ︾ ᠭᠠᠷᠭᠠᠬᠤ ᠶᠢ ᠶᠡᠬᠡᠲᠡ ᠬᠢᠴᠢᠶᠡᠩᠬᠦ᠋ᠢᠯᠡᠵᠣ ᠪᠠᠶᠢᠪᠠᠯ᠂ | ᠪᠠᠭ᠎ᠠ ᠪᠠᠷ ᠶᠠᠷᠢᠬᠤ ᠳᠤ ᠠᠮᠢ ᠪᠡᠶ᠎ᠡ ᠠᠴᠠ ᠠᠶᠢᠯ ᠭᠡᠷ ᠲᠤ ᠴᠢᠨᠢ᠂ ᠠᠬᠢᠭᠠᠳ ᠴᠠᠭᠠᠰᠢ ᠲᠡᠯᠭᠡᠷᠡᠬᠦᠯᠵᠤ ᠬᠡᠯᠡᠪᠡᠯ᠂ ᠤᠯᠤᠰ ᠦᠨᠲᠤᠰᠤᠲᠡᠨ ᠨᠡᠶᠢᠭᠡᠮ ᠨᠡᠶᠢᠲᠡ ᠳᠤ | ᠬᠦᠷᠲᠡᠯ᠎ᠡ ᠠᠴᠢ ᠲᠤᠰᠠ ᠲᠠᠢ ᠪᠤᠯᠤᠨ᠎ᠠ ᠭᠡᠲᠡᠭ ᠢ ᠮᠡᠲᠡᠬᠦ ᠤᠴᠢᠷᠲᠠᠢ᠃ ᠬᠠᠷᠢᠨ ︽ᠬᠠᠮᠠᠷ ᠤᠨ ᠲᠤᠤᠷ᠎ᠠ ᠠᠮᠠ ᠪᠠᠶᠢᠨ᠎ᠠ︾ ᠭᠡᠰᠡᠨ ᠰᠢᠭ ᠬᠤᠯᠪᠤᠭ᠎ᠠ ᠰᠦᠯᠵᠢᠶ᠎ᠡ | ᠭᠡᠰᠡᠨ ᠦᠭᠡᠢ᠂ ᠬᠤᠩᠰᠢᠶᠠᠷ ᠠᠮᠠ ᠪᠠᠨ ᠪᠢᠯᠡᠬᠦᠲᠡᠨ ᠠᠮᠠᠭᠠᠢ ᠵᠢᠯᠤᠭᠤ ᠦᠭᠡᠢ ᠴᠠᠯᠴᠢᠬᠤ ᠳᠤ ᠬᠦᠷᠪᠡᠯ᠂ ᠬᠡᠵᠢᠶ᠎ᠡ ᠨᠢᠭᠡᠨ ᠡᠲᠤᠷ ᠡᠨᠡ ᠪᠦᠬᠦᠨ ᠤ ᠪᠠᠨ ᠤᠢᠢᠯᠡ | ᠲᠠᠮᠤ ᠶᠢ ᠠᠮᠰᠠᠵᠤ᠂ ︽ᠡᠷᠬᠢᠬᠦᠤ ᠰᠢᠳᠠᠮ ᠡᠵᠡᠨ ᠳᠡᠭᠡᠨ︾ ᠬᠡᠳᠡᠭ ᠤᠨ ᠤᠴᠢᠷ ᠢ ᠴᠤ ᠰᠡᠳᠬᠢᠬᠦᠰᠢᠲᠠᠢ ᠪᠠᠶᠢᠨ᠎ᠠ᠃ | ᠲᠡᠭᠡᠬᠦᠯᠡᠷ ᠪᠢᠳᠡ ᠨᠠᠷ ᠠᠮᠠᠨ ᠤ ᠠᠯᠳᠠᠭ᠎ᠠ ᠶᠢ ᠠᠩᠬᠠᠷᠴᠤ᠂ ︽ᠲᠤᠭᠤᠢ ᠡᠷᠬᠢᠮ︾ ᠭᠡᠲᠡᠭ ᠨᠢᠭᠡᠨ ᠦᠭᠡ ᠶᠢ ᠲᠠᠷᠢᠬᠢ ᠲᠤᠯᠤᠭᠠᠢ ᠳᠠᠭᠠᠨ ᠰᠢᠩᠭᠡᠭᠡᠵᠣ | ᠶᠠᠪᠤᠪᠠᠯ ᠶᠠᠮᠠᠷ ᠪᠤᠢ⁈ |